ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2025-12-16 16:54:28

ᠵᠣᠬᠢᠶᠠᠭ᠍ᠴᠢ᠄ ᠬᠠᠢᠷ᠎ᠠ ᠬᠠᠨ ᠬᠤᠡᠭ ᠰᠢᠶᠠ ᠬᠠᠢ ᠯᠢ ᠶᠠᠨ ᠦᠢᠯᠡᠰ ᠹᠦ ᠭᠸᠨ ᠣᠩᠱᠢᠭ᠍ᠰᠠᠨ ᠣᠳᠠᠭ᠎ᠠ᠄

12 ᠰᠠᠷ᠎ᠠ᠎ᠶᠢᠨ 12᠎ᠤᠨ ᠡᠳᠦᠷ᠎ᠤᠨ ᠦᠳᠡ ᠵᠢᠨ ᠡᠮᠦᠨ᠎ᠡ᠂ ᠥᠪᠦᠷ ᠮᠣᠩᠭᠣᠯ᠎ᠤᠨ ᠡᠳᠦᠷ᠎ᠦᠨ ᠰᠣᠨᠢᠨ᠎ᠤ ᠬᠤᠷᠢᠶ᠎ᠠ᠎ᠠᠴᠠ ᠭᠤᠤᠯᠯᠠᠨ ᠡᠷᠬᠢᠯᠡᠵᠤ᠂ ᠦᠪᠥᠷ ᠮᠤᠡᠭᠭᠤᠯ᠎ᠤᠨ ᠶᠡᠭᠡ ᠰᠤᠷᠭᠠᠭᠤᠯᠢ ᠵᠢᠨ ᠺᠤᠮᠫᠢᠦ᠋ᠲᠸᠷ᠎ᠤᠨ ᠲᠡᠭᠡᠳᠤ ᠰᠤᠷᠭᠠᠭᠤᠯᠢ᠂ ᠦᠪᠤᠷ ᠮᠣᠩᠭᠣᠯ᠎ᠤᠨ ᠣᠶᠣᠨ ᠮᠡᠳᠡᠭᠡ ᠵᠠᠩᠬᠢ ᠲᠸᠭᠨᠢᠭ ᠮᠡᠷᠭᠡᠵᠢᠯ᠎ᠤᠨ ᠦᠢᠯᠡᠴᠢᠯᠡᠭᠡᠨ᠎ᠤ ᠬᠢᠵᠠᠭᠠᠷᠳᠤ ᠺᠤᠮᠫᠠᠨᠢ ᠡᠴᠡ ᠬᠠᠮᠵᠢᠨ ᠡᠷᠬᠢᠯᠡᠭᠰᠡᠨ ᠮᠣᠩᠭᠣᠯ ᠡᠷᠲᠡᠨ᠎ᠦ ᠨᠣᠮ ᠰᠤᠳᠤᠷ ᠰᠤᠷᠪᠤᠯᠵᠢ ᠪᠢᠴᠢᠭ᠎ᠦᠨ ᠲᠣᠭᠠᠴᠢᠯᠠᠯᠲᠠ ᠵᠢᠴᠢ ᠰᠣᠶᠣᠯ᠎ᠤᠨ ᠪᠦᠳᠦᠭᠡᠯᠴᠢ ᠦᠢᠯᠡᠳᠬᠦᠨ᠎ᠤ ᠦᠵᠡᠰᠬᠦᠯᠡᠡᠭ ᠮᠣᠩᠭᠣᠯ ᠤᠯᠤᠰ᠎ᠤᠨ ᠰᠢᠨᠵᠢᠯᠡᠬᠦ ᠤᠬᠠᠭᠠᠨ ᠲᠧᠭᠨᠣᠯᠣᠭᠢ ᠶ᠋ᠢᠨ ᠶᠡᠬᠡ ᠰᠤᠷᠭᠠᠭᠤᠯᠢ᠎ᠶᠢᠨ ᠮᠡᠳᠡᠭᠡ ᠵᠠᠩᠬᠢ ᠴᠢᠮᠡᠭᠡ ᠬᠣᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠤ ᠰᠤᠷᠭᠠᠭᠤᠯᠢ᠎ᠳᠤ ᠡᠬᠢᠯᠡᠪᠡ᠃


工作人员向蒙古国大学生介绍展板内容.jpg


ᠳᠤᠰ ᠦᠵᠡᠰᠬᠦᠯᠡᠡᠭ ᠳ᠋ᠤ ᠮᠤᠨᠭᠭᠤᠯ ᠡᠷᠲᠡᠨ᠎ᠤ ᠨᠣᠮ ᠰᠤᠳᠤᠷ ᠰᠤᠷᠪᠤᠯᠵᠢ ᠪᠢᠴᠢᠭ᠎ᠤᠨ ᠬᠦᠮᠦᠷᠭᠡ ᠵᠢᠨ ᠳᠠᠪᠴᠠᠡᠭ᠂ ᠣᠶᠣᠨAI ᠡᠬᠦᠯᠡᠨ ᠦᠢᠯᠡᠴᠢᠯᠡᠭᠡ᠂ ᠵᠠᠨᠭᠭᠠᠷ᠎ᠤᠨ ᠳᠠᠪᠴᠠᠡᠭ ᠵᠢᠴᠢ ᠵᠠᠨᠭᠭᠠᠷ᠎ᠤᠨ ᠰᠢᠷᠢᠰ ᠰᠤᠶᠤᠯ᠎ᠤᠨ ᠪᠦᠳᠦᠭᠡᠯᠴᠢ ᠦᠢᠯᠡᠳᠬᠦᠨ᠂ ᠮᠣᠩᠭᠣᠯ ᠡᠮ ᠡᠮᠨᠡᠯᠭᠡ ᠵᠢᠨ ᠮᠡᠳᠡᠯᠭᠡ ᠵᠢᠨ ᠬᠦᠮᠦᠷᠬᠡ ᠵᠢᠨ ᠳᠠᠪᠴᠠᠡᠭ ᠵᠡᠷᠭᠡ ᠤᠮᠠᠷᠠᠳᠤ ᠬᠢᠯᠢ ᠵᠢᠨ ᠰᠤᠶᠤᠯ᠎ᠤᠨ ᠳᠤᠭᠠᠴᠢᠯᠠᠯᠳᠠ ᠵᠢᠨ ᠳᠠᠪᠴᠠᠡᠭ ᠪᠠ ᠰᠤᠶᠤᠯ᠎ᠤᠨ ᠪᠦᠳᠦᠭᠡᠯᠴᠢ ᠦᠢᠯᠡᠳᠬᠦᠨ᠎ᠢ ᠳᠡᠯᠭᠡᠨ ᠦᠵᠡᠭᠦᠯᠵᠦ᠂ ᠰᠤᠷᠭᠠᠭᠤᠯᠢ᠎ᠶᠢᠨ ᠪᠠᠭ᠍ᠰᠢ ᠤᠶᠤᠳᠠᠳ᠎ᠤᠨ ᠠᠩᠬᠠᠷᠤᠯ ᠰᠤᠨᠢᠷᠬᠠᠯ᠎ᠢ ᠶᠡᠬᠡᠪᠡᠷ ᠳᠠᠳᠠᠪᠠ᠃ ᠤᠨᠴᠠᠭᠠᠢᠯᠠᠨ ᠣᠶᠣᠨAI ᠵᠢᠨ ᠺᠤᠳ᠋ ᠬᠦᠷᠪᠡᠬᠦᠯᠬᠦ᠂ ᠮᠠᠰᠢᠨ ᠣᠷᠴᠢᠭᠤᠯᠭ᠎ᠠ ᠬᠢᠭᠦ ᠴᠢᠳᠠᠮᠵᠢ ᠵᠢᠴᠢ ᠵᠠᠨᠭᠭᠠᠷ᠎ᠤᠨ ᠰᠢᠷᠢᠰ ᠰᠤᠶᠤᠯ᠎ᠤᠨ ᠪᠦᠳᠦᠭᠡᠯᠴᠢ ᠦᠢᠯᠡᠳᠬᠦᠨ ᠨᠢ ᠪᠠᠭᠰᠢ ᠤᠶᠤᠳᠠᠳ᠎ᠤᠨ ᠬᠦᠷᠢᠶᠡᠯᠡᠯ᠎ᠢ ᠤᠯᠵᠤ᠂ ᠦᠵᠡᠰᠬᠦᠯᠡᠡᠭ ᠡᠬᠢᠯᠡᠭᠰᠡᠨ ᠠᠨᠭᠬᠠᠨ᠎ᠤ ᠡᠳᠦᠷ᠎ᠲᠦ 400 ᠭᠠᠷᠤᠢ ᠪᠠᠭᠰᠢ ᠤᠶᠤᠳᠠᠨ ᠦᠵᠡᠰᠭᠦᠯᠠᠡᠭ᠎ᠢ ᠰᠤᠨᠢᠷᠬᠠᠨ ᠦᠵᠡᠪᠡ᠃


工作组抵达乌兰巴托.jpg


ᠮᠣᠩᠭᠣᠯ ᠤᠯᠤᠰ᠎ᠤᠨ ᠰᠢᠨᠵᠢᠯᠡᠬᠦ ᠤᠬᠠᠭᠠᠨ ᠲᠧᠭᠨᠣᠯᠣᠭᠢ᠎ᠶᠢᠨ ᠶᠡᠬᠡ ᠰᠤᠷᠭᠠᠭᠤᠯᠢ ᠵᠢᠨ ᠮᠡᠳᠡᠭᠡ ᠵᠠᠩᠬᠢ ᠴᠢᠮᠡᠭᠡ ᠬᠣᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠤ ᠰᠤᠷᠭᠠᠭᠤᠯᠢ ᠵᠢᠨ ᠡᠷᠳᠡᠮᠲᠡᠨ᠂ ᠨᠡᠷᠢᠠ ᠪᠢᠴᠢᠭ᠎ᠤᠨ ᠳᠠᠷᠤᠭ᠎ᠠ ᠬ·ᠵᠠᠭᠠᠷᠵᠦ᠋ᠰᠦᠮ᠄《ᠮᠠᠨ᠎ᠤ ᠮᠡᠳᠡᠭᠡ ᠵᠠᠩᠬᠢ ᠴᠢᠮᠡᠭᠡ ᠬᠣᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠤ ᠰᠤᠷᠭᠠᠭᠤᠯᠢ ᠳ᠋ᠤ ᠤᠳᠤ ᠦᠶ᠎ᠡ᠎ᠶᠢᠨ ᠵᠤᠬᠢᠶᠠᠮᠠᠯ ᠤᠶᠤᠨ ᠴᠢᠳᠠᠪᠤᠷᠢ᠂ ᠮᠠᠰᠢᠨ ᠬᠦᠮᠦᠨ ᠵᠡᠷᠭᠡ 14 ᠳᠤᠰᠬᠠᠢ ᠮᠡᠷᠭᠡᠵᠢᠯ ᠲᠠᠢ᠂ 3000 ᠰᠢᠬᠠᠮ ᠣᠶᠤᠲᠠᠨ᠂ 150 ᠰᠢᠬᠠᠮ ᠪᠠᠭ᠍ᠰᠢ ᠠᠵᠢᠯᠲᠠᠨ ᠲᠠᠢ ᠪᠠᠢᠳᠠᠭ᠃ ᠲᠤᠰ ᠤᠳᠠᠭᠠᠨ᠎ᠤ ᠦᠵᠡᠰᠬᠦᠯᠡᠡᠭ᠎ᠤᠨ ᠠᠨᠭᠬᠠᠨ᠎ᠤ ᠳᠠᠯᠠᠪᠠᠢ ᠪᠡᠨ ᠮᠠᠨ᠎ᠤ ᠰᠤᠷᠭᠠᠭᠤᠯᠢ᠎ᠳᠤ ᠵᠣᠬᠢᠶᠠᠨ ᠪᠠᠢᠭᠤᠯᠤᠭᠰᠠᠨ ᠨᠢ ᠪᠠᠭᠰᠢ ᠤᠶᠤᠳᠠᠳ᠎ᠤᠨ ᠳᠤᠰᠬᠠᠢ ᠮᠡᠷᠭᠡᠵᠢᠯ᠎ᠤᠨ ᠳᠠᠯ᠎ᠠ ᠪᠡᠷ ᠬᠢ ᠮᠡᠳᠡᠯᠭᠡ ᠵᠢ ᠦᠷᠬᠡᠵᠢᠬᠦᠯᠵᠤ᠂ ᠠᠵᠢᠯ ᠰᠤᠷᠤᠯᠴᠠᠯᠭ᠎ᠠ ᠳ᠋ᠤᠨᠢ ᠰᠢᠨ᠎ᠡ ᠰᠡᠳᠬᠢᠮᠵᠢ ᠤᠯᠭᠤᠬᠤ ᠪᠦᠭᠡᠳ ᠥᠪᠦᠷ ᠮᠣᠩᠭᠣᠯ᠎ᠤᠨ ᠶᠡᠭᠡ ᠰᠤᠷᠭᠠᠭᠤᠯᠢ ᠪᠤᠯᠦᠠ ᠮᠤᠡᠭᠭᠤᠯ ᠤᠯᠤᠰ᠎ᠤᠨ ᠰᠢᠨᠵᠢᠯᠡᠬᠦ ᠤᠬᠠᠭᠠᠨ ᠲᠸᠭᠨᠤᠯᠤᠭᠢ ᠵᠢᠨ ᠶᠡᠭᠡ ᠰᠤᠷᠭᠠᠭᠤᠯᠢ ᠵᠢᠨ ᠮᠡᠳᠡᠭᠡ ᠵᠠᠩᠬᠢ ᠴᠢᠮᠡᠭᠡ ᠬᠣᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠤ ᠰᠤᠷᠭᠠᠭᠤᠯᠢ ᠵᠢᠨ ᠬᠠᠮᠳᠤᠷᠠᠯᠴᠠᠭ᠎ᠠ ᠵᠢ ᠴᠢᠨᠠᠭᠰᠢᠳᠠ ᠦᠷᠬᠡᠳᠬᠡᠬᠦ ᠳ᠋ᠤ ᠴᠢᠬᠤᠯᠠ ᠠᠴᠢ ᠬᠣᠯᠪᠣᠭᠳᠠᠯ ᠲᠠᠢ》 ᠭᠡᠵᠤ ᠢᠯᠡᠷᠬᠡᠢᠯᠡᠪᠡ᠃


欣赏江格尔手办产品.jpg



学院领导仔细了解展览内容.jpg


《ᠪᠢ ᠵᠤᠬᠢᠶᠠᠮᠠᠯ ᠤᠶᠤᠨ ᠴᠢᠳᠠᠪᠤᠷᠢ᠂ ᠮᠠᠰᠢᠨ ᠬᠦᠮᠦᠨ᠎ᠤ ᠳᠤᠰᠬᠠᠢ ᠮᠡᠷᠭᠡᠵᠢᠯ ᠵᠢᠡᠷ ᠰᠤᠷᠤᠯᠴᠠᠵᠤ ᠪᠠᠢᠨ᠎ᠠ᠂ ᠣᠶᠣᠨ AI ᠡᠬᠦᠯᠡᠨ ᠦᠢᠯᠡᠴᠢᠯᠡᠭᠡ ᠵᠢᠨ ᠳᠠᠪᠴᠠᠡᠭ᠂ ᠵᠠᠨᠭᠭᠠᠷ᠎ᠤᠨ ᠮᠠᠰᠢᠨ ᠬᠦᠮᠦᠨ ᠵᠡᠷᠭᠡ ᠰᠤᠶᠤᠯ᠎ᠤᠨ ᠪᠦᠳᠦᠭᠡᠯᠴᠢ ᠦᠢᠯᠡᠳᠬᠦᠨ ᠨᠢ ᠮᠢᠨᠤ ᠳᠤᠰᠬᠠᠢ ᠮᠡᠷᠭᠡᠵᠢᠯ ᠳᠠᠢ ᠨᠢᠭᠳᠠ ᠬᠤᠯᠪᠤᠭ᠎ᠠ ᠳᠠᠢ ᠪᠤᠯᠬᠤᠷ ᠪᠢ ᠮᠠᠰᠢ ᠰᠤᠨᠢᠷᠬᠠᠯ ᠲᠦᠷᠦᠵᠦ ᠪᠠᠢᠨ᠎ᠠ᠂ ᠡᠳᠡᠭᠡᠷ ᠳᠡᠭᠡᠳᠤ ᠲᠦᠪᠰᠢᠨ᠎ᠤ ᠦᠢᠯᠡᠳᠬᠦᠨ᠎ᠢ ᠦᠵᠡᠭᠡᠳ ᠤᠯᠠᠮ ᠢᠯᠡᠬᠦᠦ ᠤᠢᠯᠠᠭᠠᠵᠤ ᠰᠤᠷᠤᠯᠴᠠᠬᠤ ᠪᠤᠳᠤᠯ ᠲᠠᠢ ᠪᠠᠢᠨ᠎ᠠ》ᠭᠡᠵᠤ ᠮᠤᠨᠭᠭᠤᠯ ᠤᠯᠤᠰ᠎ᠤᠨ ᠰᠢᠨᠵᠢᠯᠡᠬᠦ ᠤᠬᠠᠭᠠᠨ ᠲᠧᠭᠨᠣᠯᠣᠭᠢ᠎ᠶᠢᠨ ᠶᠡᠬᠡ ᠰᠤᠷᠭᠠᠭᠤᠯᠢ ᠵᠢᠨ ᠮᠡᠳᠡᠭᠡ ᠵᠠᠩᠬᠢ ᠴᠢᠮᠡᠭᠡ ᠬᠣᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠤ ᠰᠤᠷᠭᠠᠭᠤᠯᠢ ᠵᠢᠨ ᠬᠤᠶᠠᠳᠤᠭᠠᠷ ᠤᠨ᠎ᠤ ᠤᠶᠤᠳᠠᠨ ᠠᠵᠠᠵᠢᠷᠭᠠᠯ ᠲᠦᠷᠦᠭᠳᠡᠯ ᠵᠢᠡᠨ ᠬᠤᠪᠢᠶᠠᠯᠴᠠᠪᠠ᠃


工作人员向蒙古国大学生手机演示奥云AI小程序使用方法.jpg


ᠮᠣᠩᠭᠣᠯ ᠡᠷᠲᠡᠨ᠎ᠦ ᠨᠣᠮ ᠰᠤᠳᠤᠷ ᠰᠤᠷᠪᠤᠯᠵᠢ ᠪᠢᠴᠢᠭ᠎ᠤᠨ ᠲᠣᠭᠠᠴᠢᠯᠠᠯᠲᠠ ᠵᠢᠴᠢ ᠰᠣᠶᠣᠯ᠎ᠤᠨ ᠪᠦᠳᠦᠭᠡᠯᠴᠢ ᠦᠢᠯᠡᠳᠬᠦᠨ᠎ᠤ ᠦᠵᠡᠰᠬᠦᠯᠡᠡᠭ᠎ᠢ ᠮᠤᠨᠭᠭᠤᠯ ᠤᠯᠤᠰ᠎ᠤᠨ ᠤᠯᠠᠭᠠᠨᠪᠠᠭᠠᠳᠤᠷ ᠬᠤᠳᠠ ᠳ᠋ᠤ 12 ᠰᠠᠷ᠎ᠠ ᠵᠢᠨ 12᠎ᠤᠨ ᠡᠳᠤᠷ ᠡᠴᠡ 18 ᠎ᠤ ᠡᠳᠤᠷ ᠪᠤᠯᠳᠠᠯ᠎ᠠ ᠳᠠᠪᠤᠨ ᠳᠠᠯᠠᠪᠠᠢ ᠡᠷᠬᠢᠯᠡᠬᠦ ᠮᠦᠷᠳᠡᠭᠡᠨ《ᠮᠤᠨᠭᠭᠤᠯ ᠤᠯᠤᠰ᠎ᠲᠡᠬᠢ ᠳᠤᠮᠳᠠᠳᠤ ᠤᠯᠤᠰ᠎ᠤᠨ ᠠᠵᠤ ᠠᠬᠤᠢᠯᠠᠯ ᠲᠠᠢ ᠳᠠᠨᠢᠯᠴᠠᠶ᠎ᠠ》 ᠳᠤᠮᠳᠠᠳᠤ ᠮᠤᠨᠭᠭᠤᠯ ᠎ᠤᠨ ᠬᠠᠮᠳᠤᠷᠠᠭᠰᠠᠨ ᠰᠤᠷᠪᠤᠯᠵᠢᠯᠠᠭ᠎ᠠ ᠵᠢᠨ ᠠᠵᠢᠯᠯᠠᠭ᠎ᠠ ᠵᠢ ᠵᠡᠷᠭᠡᠪᠡᠷ ᠶᠠᠪᠤᠭᠳᠠᠭᠤᠯᠬᠤ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄
兼容浏览器的HTML页面