ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-01-23 15:06:29

ᠵᠣᠬᠢᠶᠠᠭ᠍ᠴᠢ᠄ ᠪᠠᠢ ᠯᠢᠶᠠᠨ ᠣᠩᠱᠢᠭ᠍ᠰᠠᠨ ᠣᠳᠠᠭ᠎ᠠ᠄

ᠣᠢᠷ᠎ᠠ᠎ᠳᠤ᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠠᠮᠢ ᠵᠢᠨ ᠰᠢᠨᠵᠢᠯᠡᠬᠦ ᠤᠬᠠᠭᠠᠨ᠎ᠤ ᠳᠡᠭᠡᠳᠦ ᠰᠤᠷᠭᠠᠭᠤᠯᠢ᠎ᠶᠢᠨ ᠨᠢᠦ ᠢ ᠳ᠋ᠢᠩ ᠫᠷᠤᠹᠧᠰᠰᠤᠷ᠎ᠤᠨ ᠪᠦᠯᠬᠦᠮ ᠨᠢ ᠪᠤᠷᠤ ᠴᠠᠷᠭᠠᠰᠤ᠎ᠶᠢᠨ ᠭᠠᠩ᠎ᠢ ᠲᠠᠭᠠᠭᠠᠬᠤ ᠪᠠ ᠥᠰᠦᠯᠲᠡ᠎ᠶᠢ ᠲᠣᠬᠢᠷᠠᠭᠤᠯᠤᠨ ᠡᠵᠡᠮᠳᠡᠬᠦ ᠲᠣᠭᠲᠠᠴᠠ᠎ᠶᠢᠨ ᠰᠤᠳᠤᠯᠭᠠᠨ᠎ᠤ ᠲᠠᠯ᠎ᠠ᠎ᠪᠠᠷ ᠴᠢᠬᠤᠯᠠ ᠶᠡᠬᠡ ᠰᠢᠪᠲᠤᠯᠤᠯᠲᠠ ᠭᠠᠷᠭᠠᠪᠠ᠃ ᠪᠦᠯᠬᠦᠮ᠎ᠨᠢ ᠨᠢᠭᠡᠨ ᠵᠠᠩᠭᠢᠯᠠᠭ᠎ᠠ᠎ᠶᠢᠨ ᠭᠧᠨ ERF026 ᠎ᠢ ᠰᠢᠯᠭᠠᠨ ᠲᠤᠭᠲᠠᠭᠠᠪᠠ᠂ ᠲᠣᠰ ᠭᠧᠨ ᠨᠢ ᠶᠠᠭ ᠨᠢᠭᠡᠨ 《ᠮᠣᠯᠧᠺᠦ᠋ᠯ᠎ᠦᠨ ᠨᠡᠭᠡᠭᠡᠯᠭᠡ》 ᠰᠢᠭ ᠪᠠᠢᠵᠤ᠂ ᠪᠤᠷᠤ ᠴᠠᠷᠭᠠᠰᠤ᠎ᠶᠢᠨ ᠭᠠᠩ ᠬᠠᠭᠰᠠᠷᠠᠭᠠᠨ᠎ᠲᠤᠯᠭᠠᠷᠠᠬᠤ ᠦᠶ᠎ᠡ᠎ᠳᠦ 《ᠤᠷᠭᠤᠬᠤ ᠤᠤ ᠡᠰᠡᠭᠦᠯ᠎ᠡ ᠠᠮᠢᠳᠤᠷᠠᠬᠤ ᠤᠤ》 ᠭᠡᠳᠡᠭ ᠠᠴᠠᠨ ᠰᠢᠯᠭᠠᠯᠲᠠ ᠵᠢ ᠪᠦᠲᠦᠮᠵᠢᠲᠡᠢ ᠰᠢᠢᠳᠪᠦᠷᠢᠯᠡᠵᠦ ᠴᠢᠳᠠᠳᠠᠭ᠂ ᠡᠨᠡ ᠨᠢ ᠥᠨᠳᠥᠷ ᠤᠨᠠᠯᠲᠠᠳᠤ᠂ ᠭᠠᠩ ᠬᠠᠭᠰᠠᠷᠠᠭᠠᠨ᠎ᠳᠤ ᠲᠡᠰᠪᠦᠷᠢᠲᠡᠢ ᠲᠡᠵᠢᠭᠡᠯ ᠡᠪᠡᠰᠦ᠎ᠶᠢᠨ ᠰᠢᠨ᠎ᠡ ᠡᠭᠦᠯᠳᠡᠷ᠎ᠢ ᠪᠣᠢᠵᠢᠭᠤᠯᠬᠤ᠎ᠳᠤ ᠭᠣᠣᠯ ᠭᠧᠨ᠎ᠦ ᠡᠬᠢ ᠪᠠᠶᠠᠯᠢᠭ᠋ ᠪᠠ ᠣᠨᠣᠯ᠎ᠤᠨ ᠦᠨᠳᠦᠰᠦᠯᠡᠯ ᠬᠠᠩᠭᠠᠵᠠᠢ᠃ ᠲᠣᠰ ᠰᠤᠳᠤᠯᠭᠠᠨ᠎ᠤ ᠦᠷ᠎ᠡ ᠪᠦᠲᠦᠭᠡᠯ᠎ᠢ ᠨᠢᠭᠡᠨᠲᠡ ᠤᠷᠭᠤᠮᠠᠯ᠎ᠤᠨ ᠰᠢᠨᠵᠢᠯᠡᠬᠦ ᠤᠬᠠᠭᠠᠨ᠎ᠤ ᠬᠦᠷᠢᠶᠡᠨ᠎ᠳᠡᠬᠢ ᠣᠯᠠᠨ ᠤᠯᠤᠰ᠎ᠤᠨ ᠲᠡᠷᠢᠭᠦᠨ ᠲᠠᠰ᠎ᠤᠨ ᠬᠤᠭᠤᠴᠠᠭᠠᠲᠤ ᠰᠡᠳᠬᠦᠯ Plant Physiology᠎ᠳᠤ ᠨᠡᠢᠲᠡᠯᠡᠪᠡ᠃

ᠪᠤᠷᠤ ᠴᠠᠷᠭᠠᠰᠤ ᠨᠢ 《ᠲᠡᠵᠢᠭᠡᠯ ᠡᠪᠡᠰᠦᠨ᠎ᠦ ᠸᠠᠩ》 ᠬᠡᠮᠡᠭᠳᠡᠵᠦ᠂ ᠮᠠᠯ ᠠᠵᠤ ᠠᠬᠤᠢ᠎ᠶᠢᠨ ᠭᠣᠣᠯ ᠲᠡᠵᠢᠭᠡᠯ ᠪᠣᠷᠳᠣᠭᠠᠨ᠎ᠤ ᠲᠠᠷᠢᠮᠠᠯ ᠪᠣᠯᠬᠤ ᠪᠥᠭᠡᠳ ᠠᠵᠤ ᠠᠬᠤᠢ ᠪᠠ ᠠᠮᠢ ᠠᠬᠤᠢ᠎ᠶᠢᠨ ᠦᠨ᠎ᠡ ᠴᠠᠨ᠎ᠠ᠎ᠪᠠᠷ ᠮᠠᠰᠢ ᠥᠨᠳᠥᠷ ᠪᠠᠢᠳᠠᠭ᠃ ᠭᠡᠪᠡᠴᠦ ᠲᠡᠷᠡ ᠨᠢ ᠭᠠᠩ ᠬᠠᠭᠤᠷᠠᠢ᠎ᠶᠢᠨ ᠰᠦᠷᠳᠡᠭᠦᠯᠦᠯ᠎ᠳᠦ ᠲᠤᠢᠯ᠎ᠤᠨ ᠰᠡᠷᠭᠡᠭ ᠪᠠᠢᠳᠠᠭ ᠡᠴᠡ ᠭᠠᠩ ᠬᠠᠭᠤᠷᠠᠢ᠂ ᠵᠠᠷᠢᠮᠳᠤᠭ ᠭᠠᠩ ᠬᠠᠭᠤᠷᠠᠢ ᠭᠠᠵᠠᠷ ᠣᠷᠣᠨ ᠳ᠋ᠡᠬᠢ ᠤᠨᠠᠯᠲᠠ ᠪᠠ ᠳᠡᠯᠭᠡᠷᠡᠭᠦᠯᠦᠯᠲᠡ᠎ᠶᠢ ᠨᠢ ᠬᠦᠨᠳᠦ ᠨᠣᠴᠢᠲᠠᠢ ᠬᠢᠵᠠᠭᠠᠷᠯᠠᠵᠤ ᠪᠠᠢᠳᠠᠭ᠃ ᠤᠷᠲᠤ ᠬᠤᠭᠤᠴᠠᠭᠠᠨ᠎ᠤ ᠲᠤᠷᠰᠢ᠂ ᠲᠠᠷᠢᠮᠠᠯ᠎ᠤᠨ ᠡᠭᠦᠯᠳᠡᠷ ᠪᠣᠢᠵᠢᠭᠤᠯᠬᠤ ᠳᠤᠮᠳᠠ ᠨᠡᠢᠳᠡᠮ᠎ᠳᠡᠭᠡᠨ 《ᠥᠰᠦᠯᠲᠡ︱ᠰᠡᠷᠭᠡᠢᠯᠡᠯᠲᠡ ᠵᠢ ᠲᠡᠩᠴᠡᠭᠦᠷᠢᠰᠢᠭᠦᠯᠬᠦ》 ᠬᠦᠴᠢᠷ ᠠᠰᠠᠭᠤᠳᠠᠯ ᠣᠷᠣᠰᠢᠭᠰᠠᠭᠠᠷ ᠢᠷᠡᠵᠡᠢ᠂ ᠳᠠᠷᠤᠢ ᠤᠷᠭᠤᠮᠠᠯ᠎ᠤᠨ ᠭᠠᠩ᠎ᠢ ᠲᠠᠭᠠᠭᠠᠬᠤ ᠰᠡᠷᠭᠡᠢᠯᠡᠯᠲᠡ᠎ᠶᠢᠨ ᠲᠤᠭᠲᠠᠴᠠ᠎ᠶᠢ ᠢᠳᠡᠪᠬᠢᠵᠢᠭᠦᠯᠬᠦ ᠣᠶ᠋ᠶ᠎ᠠ᠎ᠳᠤ᠂ ᠶᠡᠷᠦ ᠨᠢ ᠤᠷᠭᠤᠯᠲᠠ ᠨᠢ ᠬᠣᠷᠢᠭ᠍ᠯᠠᠭᠳᠠᠵᠤ᠂ ᠤᠨᠠᠯᠲᠠ᠎ᠨᠢ ᠪᠠᠭᠤᠷᠠᠳᠠᠭ᠃

ᠨᠢᠦ ᠢ ᠳ᠋ᠢᠩ ᠫᠷᠤᠹᠸᠰᠰᠤᠷ᠎ᠤᠨ ᠪᠦᠯᠬᠦᠮ᠎ᠦᠨ ᠲᠣᠰ ᠤᠳᠠᠭᠠᠨ᠎ᠤ ᠢᠯᠡᠷᠡᠭᠦᠯᠦᠭᠰᠡᠨ ERF026 ᠭᠧᠨ ᠪᠣᠯ AP2 / ERF ᠵᠢᠨ ᠰᠢᠯᠵᠢᠭᠦᠯᠦᠨ ᠲᠡᠮᠳᠡᠭᠯᠡᠬᠦ ᠹᠠᠺᠲ᠋ᠤᠷ᠎ᠲᠤ ᠪᠠᠭᠲᠠᠨ᠎ᠠ᠃ ᠲᠣᠰ ᠭᠧᠨ ᠪᠣᠯ ᠮᠡᠯᠡᠷᠡᠭ ᠬᠦᠴᠢᠯ᠎ᠤᠨ ᠳᠣᠬᠢᠶᠠᠨ᠎ᠤ ᠨᠡᠪᠲᠡᠷᠡᠬᠦ ᠵᠠᠮ ᠬᠢᠭᠡᠳ ᠤᠷᠭᠤᠮᠠᠯ᠎ᠤᠨ ᠥᠰᠦᠯᠲᠡ ᠪᠣᠶ᠋ᠢᠵᠢᠯᠲᠠ᠎ᠶᠢ ᠬᠤᠯᠪᠤᠬᠤ ᠵᠠᠩᠭᠢᠯᠠᠭ᠎ᠠ ᠪᠣᠯᠬᠤ᠎ᠶᠢ ᠰᠤᠳᠤᠯᠭᠠᠨ᠎ᠳᠤ ᠠᠩᠬ᠎ᠠ ᠢᠯᠡᠷᠡᠭᠦᠯᠵᠡᠢ᠃ ᠲᠡᠷᠡ ᠨᠢ ᠣᠨᠴᠠᠭᠠᠢ ᠴᠢᠨᠠᠷ᠎ᠢᠶᠠᠷ ᠭᠧᠨ᠎ᠦ ᠨᠢᠭᠡ ᠴᠣ ᠰᠢᠨ᠎ᠡ DNA᠎ᠶᠢᠨ ᠪᠠᠢᠷᠢ ᠴᠡᠭ (STRE)᠎ᠢ ᠢᠯᠭᠠᠨ ᠲᠠᠨᠢᠵᠤ᠂ ᠮᠡᠯᠡᠷᠡᠭ ᠬᠦᠴᠢᠯ᠎ᠦᠨ ᠠᠮᠢᠳᠤ ᠪᠣᠳᠠᠰ᠎ᠤᠨ ᠨᠡᠢᠯᠡᠯᠭᠡ᠎ᠶᠢ ᠰᠢᠭᠤᠳ ᠲᠣᠬᠢᠷᠠᠭᠤᠯᠳᠠᠭ᠃

ᠰᠤᠳᠤᠯᠭᠠᠨ᠎ᠠᠴᠠ ᠢᠯᠡᠷᠡᠭᠦᠯᠦᠭᠰᠡᠨ ᠵᠢᠡᠷ᠂ ERF026 ᠭᠧᠨ᠎ᠦ ᠢᠯᠡᠳᠬᠡᠯ (ᠲᠡᠭᠦᠨ᠎ᠢ 《ᠢᠯᠡᠷᠡᠭᠦᠯᠬᠦ ᠦᠭᠡᠢ ᠪᠠᠢᠯᠭᠠᠬᠤ》)᠎ᠢ ᠬᠣᠷᠢᠭ᠍ᠯᠠᠬᠤ ᠨᠢ ᠨᠢᠭᠡ ᠰᠤᠮᠤ᠎ᠪᠠᠷ ᠬᠣᠶᠠᠷ᠎ᠢ ᠤᠨᠤᠭᠠᠬᠤ ᠭᠠᠢᠬᠠᠮᠰᠢᠭ᠍ᠲᠤ ᠦᠢᠯᠡᠳᠦᠯ ᠲᠠᠢ᠄ ᠬᠡᠪ᠎ᠦᠨ ᠨᠥᠬᠥᠴᠡᠯ ᠳᠣᠣᠷ᠎ᠠ ᠮᠡᠯᠡᠷᠡᠭ ᠬᠦᠴᠢᠯ᠎ᠢ ᠨᠡᠢᠯᠡᠭᠦᠯᠬᠦ ᠨᠢ ᠬᠣᠷᠢᠭ᠍ᠯᠠᠭᠳᠠᠵᠤ᠂ ᠤᠷᠭᠤᠮᠠᠯ ᠨᠢ ᠨᠠᠩ ᠣᠯᠠᠨ ᠡᠨᠧᠷᠭᠢ᠎ᠶᠢ ᠤᠷᠭᠤᠯᠲᠠ᠎ᠳᠤ ᠬᠡᠷᠡᠭᠯᠡᠵᠦ᠂ ᠠᠮᠢᠳᠤ ᠪᠣᠳᠠᠰ᠎ᠤᠨ ᠬᠡᠮᠵᠢᠶ᠎ᠡ ᠨᠢ ᠢᠯᠡᠳᠲᠡ ᠨᠡᠮᠡᠭᠳᠡᠬᠦ᠎ᠶᠢᠨ ᠬᠠᠮᠲᠤ ᠨᠠᠪᠴᠢᠨ᠎ᠤ ᠬᠡᠢ᠎ᠶᠢᠨ ᠰᠦᠪᠡ᠎ᠶᠢᠨ ᠨᠢᠭ᠍ᠲᠠᠴᠠ ᠨᠢ ᠪᠠᠭᠤᠷᠠᠵᠤ᠂ ᠤᠰᠤᠨ᠎ᠤ ᠠᠰᠢᠭ᠍ᠯᠠᠮᠵᠢ᠎ᠶᠢ ᠪᠦᠲᠦᠮᠵᠢᠲᠡᠶ ᠳᠡᠭᠡᠭᠰᠢᠯᠡᠭᠦᠯᠳᠡᠭ︔ᠭᠠᠩ ᠬᠠᠭᠰᠠᠷᠠᠭᠠᠨ ᠲᠤᠬᠢᠶᠠᠯᠳᠤᠬᠤ ᠦᠶ᠎ᠡ᠎ᠳᠦ᠂ ᠤᠷᠭᠤᠮᠠᠯ᠎ᠤᠨ ᠰᠡᠷᠭᠡᠢᠯᠡᠯᠲᠡ᠎ᠶᠢᠨ ᠲᠤᠭᠲᠠᠴᠠ ᠵᠢ ᠢᠳᠡᠪᠬᠢᠵᠢᠭᠦᠯᠵᠦ᠂ ᠤᠷᠭᠤᠮᠠᠯ᠎ᠢ 《ᠰᠡᠷᠭᠡᠢᠯᠡᠯᠲᠡ᠎ᠶᠢᠨ ᠵᠠᠭᠪᠤᠷ》᠎ᠲᠤ ᠰᠢᠯᠵᠢᠭᠦᠯᠦᠨ᠂ ᠤᠷᠭᠤᠮᠠᠯ᠎ᠢ ᠬᠠᠪᠰᠤᠷᠤᠨ ᠤᠰᠤ ᠳᠤᠲᠠᠭᠳᠠᠬᠤ ᠰᠥᠷᠭᠡᠦ ᠣᠷᠴᠢᠨ᠎ᠢ ᠳᠤᠭᠤᠯᠤᠭᠤᠯᠳᠠᠭ᠂ ᠤᠷᠭᠤᠮᠠᠯ ᠨᠢ ᠬᠢᠵᠠᠭᠠᠷᠲᠠᠢ ᠤᠰᠤ᠎ᠶᠢ ᠥᠨᠳᠥᠷ ᠪᠦᠲᠦᠮᠵᠢᠲᠡᠶ ᠠᠰᠢᠭ᠍ᠯᠠᠬᠤ᠎ᠶᠢᠨ ᠬᠠᠮᠲᠤ᠂ ᠪᠡᠶ᠎ᠡ᠎ᠶᠢᠨ ᠳᠣᠲᠣᠷᠠᠬᠢ ᠢᠰᠦᠯᠳᠦᠬᠦ᠎ᠶᠢ ᠡᠰᠡᠷᠭᠦᠴᠡᠬᠦ ᠢᠰᠬᠡᠭᠦᠷ᠎ᠦᠨ ᠰᠢᠰᠲᠧᠮ ᠨᠢ ᠦᠷᠭᠦᠯᠵᠢᠯᠡᠨ ᠥᠨᠳᠥᠷ ᠪᠦᠲᠦᠮᠵᠢᠲᠡᠶ ᠠᠵᠢᠯᠯᠠᠬᠤ᠎ᠶᠢ ᠪᠠᠲᠤᠯᠠᠵᠤ᠂ ᠬᠣᠣᠷᠲᠠᠢ ᠴᠢᠯᠦᠭᠡᠲᠦ ᠪᠦᠯᠦᠭ᠎ᠢ ᠠᠷᠢᠯᠭᠠᠵᠤ᠂ ᠭᠠᠩ ᠬᠠᠭᠰᠠᠷᠠᠭᠠᠨ᠎ᠢ ᠲᠠᠭᠠᠭᠠᠬᠤ ᠴᠢᠳᠠᠪᠤᠷᠢ᠎ᠶᠢ ᠨᠢ ᠳᠡᠭᠡᠭᠰᠢᠯᠡᠭᠦᠯᠦᠨ᠎ᠡ᠃ ᠡᠨᠡ ᠨᠢ ᠲᠣᠬᠢᠷᠠᠭᠤᠯᠭ᠎ᠠ ᠡᠵᠡᠮᠰᠢᠯ᠎ᠢᠶᠡᠷ ᠳᠠᠮᠵᠢᠭᠤᠯᠤᠨ 《ᠥᠰᠦᠯᠲᠡ᠎ᠶᠢ ᠠᠬᠢᠭᠤᠯᠬᠤ》 ᠪᠠ 《ᠭᠠᠩ ᠬᠠᠭᠰᠠᠷᠠᠭᠠᠨ᠎ᠢ ᠲᠠᠭᠠᠭᠠᠬᠤ》 ᠳᠠᠪᠬᠤᠷ ᠬᠠᠷᠠᠯᠲᠠ᠎ᠶᠢ ᠢᠵᠢᠯ ᠠᠯᠬᠤᠮ᠎ᠢᠶᠠᠷ ᠪᠡᠶᠡᠯᠡᠭᠦᠯᠵᠦ᠂ ᠤᠯᠠᠮᠵᠢᠯᠠᠯᠲᠤ ᠲᠠᠨᠢᠯᠲᠠ᠎ᠳᠠᠬᠢ ᠬᠣᠶᠠᠭᠤᠯᠠ᠎ᠶᠢ ᠵᠡᠷᠭᠡ᠎ᠪᠡᠷ ᠪᠡᠶᠡᠯᠡᠭᠦᠯᠬᠦ᠎ᠳᠤ ᠪᠡᠷᠬᠡᠲᠡᠢ ᠬᠠᠷᠰᠢ ᠰᠠᠭᠠᠳ᠎ᠢ ᠡᠪᠳᠡᠵᠦ ᠪᠣᠯᠬᠤ᠎ᠶᠢ ᠬᠠᠷᠠᠭᠤᠯᠵᠤ ᠪᠠᠢᠨ᠎ᠠ᠃

ᠲᠣᠰ ᠰᠤᠳᠤᠯᠭᠠᠨ᠎ᠤ ᠦᠷ᠎ᠡ ᠪᠦᠲᠦᠭᠡᠯ ᠨᠢ ᠴᠢᠬᠤᠯᠠ ᠬᠡᠷᠡᠭᠯᠡᠭᠡᠨ᠎ᠦ ᠢᠷᠡᠭᠡᠳᠦᠢ᠎ᠲᠠᠢ᠃ ᠢᠷᠡᠭᠡᠳᠦᠢ᠎ᠳᠦ ᠭᠧᠨ ᠵᠠᠰᠠᠪᠤᠷᠢᠯᠠᠬᠤ ᠮᠡᠷᠭᠡᠵᠢᠯ᠎ᠢᠶᠡᠷ ᠳᠡᠮᠵᠢᠨ ᠲᠡᠭᠦᠨ᠎ᠳᠦ ᠲᠤᠢᠯ᠎ᠤᠨ ᠣᠨᠣᠪᠴᠢᠲᠠᠶ ᠲᠣᠬᠢᠷᠠᠭᠤᠯᠭ᠎ᠠ ᠡᠵᠡᠮᠰᠢᠯ ᠬᠢᠵᠦ᠂ ᠭᠠᠩ ᠬᠠᠭᠤᠷᠠᠢ ᠭᠠᠵᠠᠷ ᠣᠷᠣᠨ᠎ᠳᠤ ᠲᠣᠬᠢᠷᠠᠬᠤ᠂ ᠥᠨᠳᠥᠷ ᠲᠣᠭᠲᠠᠭᠤᠨ ᠤᠨᠠᠯᠲᠠᠳᠤ ᠪᠤᠷᠤ ᠴᠠᠷᠭᠠᠰᠤ᠎ᠶᠢᠨ ᠰᠢᠨ᠎ᠡ ᠡᠭᠦᠯᠳᠡᠷ᠎ᠢ ᠬᠠᠨᠳᠤᠯᠭ᠎ᠠ᠎ᠲᠠᠢ᠎ᠪᠠᠷ ᠪᠣᠢᠵᠢᠭᠤᠯᠵᠤ ᠪᠤᠯᠤᠨ᠎ᠠ᠃ ᠡᠨᠡ ᠨᠢ ᠮᠠᠨ᠎ᠤ ᠤᠯᠤᠰ᠎ᠤᠨ ᠮᠠᠯ ᠠᠵᠤ ᠠᠬᠤᠢ᠎ᠶᠢᠨ ᠲᠡᠵᠢᠭᠡᠯ ᠪᠣᠷᠳᠣᠭ᠎ᠠ᠎ᠶᠢᠨ ᠠᠮᠤᠷ ᠲᠦᠪᠰᠢᠨ᠎ᠢ ᠪᠠᠲᠤᠯᠠᠬᠤ ᠳ᠋ᠤ᠌ ᠠᠰᠢᠭ᠍ᠲᠠᠢ᠎ᠪᠠᠷ ᠪᠠᠷᠠᠬᠤ ᠦᠭᠡᠢ᠂ ᠭᠠᠩ ᠬᠠᠭᠤᠷᠠᠢ ᠭᠠᠵᠠᠷ᠎ᠤᠷᠣᠨ᠎ᠤ ᠠᠮᠢ ᠠᠬᠤᠢ᠎ᠶᠢ ᠰᠡᠷᠭᠦᠭᠡᠬᠦ ᠪᠠ ᠬᠥᠷᠥᠰᠥ ᠰᠢᠷᠣᠢ᠎ᠶᠢ ᠬᠠᠮᠠᠭᠠᠯᠠᠬᠤ ᠳ᠋ᠤ᠌ ᠴᠤ᠌ ᠢᠳᠡᠪᠬᠢᠲᠡᠢ ᠦᠢᠯᠡᠳᠦᠯ ᠦᠵᠡᠭᠦᠯᠬᠦ ᠪᠣᠯᠣᠨ᠎ᠠ᠃

ᠲᠣᠰ ᠰᠤᠳᠤᠯᠭᠠᠨ ᠨᠢ ᠤᠯᠤᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ 2030 ᠵᠢᠨ ᠴᠢᠬᠤᠯᠠ ᠶᠡᠬᠡ ᠲᠥᠷᠥᠯ ᠵᠦᠢᠯ᠂ ᠤᠯᠤᠰ᠎ᠤᠨ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠰᠠᠭᠤᠷᠢ ᠮᠥᠩᠭᠥ ᠪᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ᠎ᠤᠷᠣᠨ ᠎ᠤ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠰᠠᠭᠤᠷᠢ ᠮᠥᠩᠭᠥ ᠵᠡᠷᠭᠡ ᠲᠥᠷᠥᠯ ᠵᠦᠢᠯ᠎ᠦᠨ ᠳᠡᠮᠵᠢᠯᠭᠡ᠎ᠶᠢ᠎ᠤᠯᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ ᠭᠤᠸᠠᠩ

ᠣᠷᠴᠢᠭᠤᠯᠤᠭ᠍ᠴᠢ᠄

ᠢᠷᠡᠯᠲᠡ᠄
兼容浏览器的HTML页面