ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-05-13 15:31:46

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠪᠡᠭᠡᠵᠢᠩ᠎ᠦᠨ ᠴᠠᠭ᠎ᠢᠶᠠᠷ 5 ᠰᠠᠷ᠎ᠠ᠎ᠶᠢᠨ 11᠎ᠦ ᠣᠷᠣᠢ᠂ 2026 ᠣᠨ᠎ᠤ ᠠᠽᠢᠶ᠎ᠠ ᠲᠢᠪ᠎ᠦᠨ ᠬᠥᠯ ᠪᠥᠮᠪᠥᠭᠡ᠎ᠶᠢᠨ ᠬᠣᠯᠪᠣᠭᠠᠨ᠎ᠤ U17 ᠡᠮᠡᠭᠲᠡᠢ᠎ᠶᠢᠨ ᠬᠥᠯ ᠪᠥᠮᠪᠥᠭᠡ᠎ᠶᠢᠨ ᠠᠽᠢᠶ᠎ᠠ ᠲᠢᠪ᠎ᠦᠨ ᠬᠤᠨᠳᠠᠭᠠᠲᠤ ᠤᠷᠤᠯᠳᠤᠭᠠᠨ᠎ᠤ 1/4 ᠵᠢᠨ ᠰᠢᠢᠳᠪᠦᠷᠢᠲᠦ ᠤᠷᠤᠯᠳᠤᠭᠠᠨ ᠰᠦᠵᠧᠦ᠎ᠶᠢᠨ ᠪᠡᠶ᠎ᠡ᠎ᠶᠢᠨ ᠲᠠᠮᠢᠷ᠎ᠤᠨ ᠲᠥᠪ᠎ᠲᠦ ᠶᠠᠪᠤᠭᠳᠠᠪᠠ᠂ ᠳᠤᠮᠳᠠᠳᠤ ᠤᠯᠤᠰ᠎ᠤᠨ U17 ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ ᠭᠤᠤᠯ ᠳᠠᠰᠬᠠᠯᠵᠢᠭᠤᠯᠤᠭᠴᠢ ᠮᠠ ᠰᠢᠶᠣᠣ ᠰᠢᠦᠢ ᠵᠢᠨ ᠳᠠᠭᠠᠭᠤᠯᠭ᠎ᠠ ᠪᠠᠷ 3᠄ 0᠎ᠢᠶᠠᠷ ᠡᠨᠡᠳᠬᠡᠭ᠎ᠦᠨ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ᠎ᠶᠢ ᠢᠯᠠᠵᠠᠢ᠂ ᠬᠤᠸᠠᠩ ᠴᠢᠨ ᠢ᠂ ᠯᠢᠦ ᠢᠦᠢ ᠰᠢ ᠪᠣᠯᠣᠨ ᠯᠢ ᠴᠢ ᠰᠢᠶᠠᠨ ᠤᠷᠢᠳ ᠬᠣᠵᠢᠳ ᠪᠦᠮᠪᠦᠭᠡ ᠤᠷᠤᠭᠤᠯᠤᠨ᠂ ᠳᠥᠷᠪᠡᠨ ᠬᠦᠴᠦᠷᠬᠡᠭ᠎ᠲᠦ ᠣᠷᠣᠵᠤ᠂ 2026 ᠮᠤᠷᠤᠺᠺᠤ᠎ᠶᠢᠨ U17 ᠡᠮᠡᠭᠲᠡᠢ᠎ᠶᠢᠨ ᠬᠥᠯ ᠪᠥᠮᠪᠥᠭᠡ᠎ᠶᠢᠨ ᠳᠡᠯᠡᠬᠡᠢ᠎ᠶᠢᠨ ᠬᠤᠨᠳᠠᠭᠠᠲᠤ ᠤᠷᠤᠯᠳᠤᠭᠠᠨ᠎ᠳᠤ ᠣᠷᠣᠯᠴᠠᠬᠤ ᠬᠢᠷᠢ ᠬᠡᠮ᠎ᠢ ᠠᠮᠵᠢᠯᠲᠠᠲᠠᠢ᠎ᠪᠠᠷ ᠲᠡᠮᠡᠴᠡᠨ ᠤᠯᠵᠠᠢ᠃


QQ截图20260513153444.png


ᠤᠷᠤᠯᠳᠤᠭᠠᠨ ᠡᠬᠢᠯᠡᠮᠡᠭᠴᠡ᠂ ᠳᠤᠮᠳᠠᠳᠤ ᠤᠯᠤᠰ᠎ᠤᠨ ᠠᠩᠭᠢ ᠲᠠᠯᠠᠪᠠᠢ ᠵᠢ ᠡᠵᠡᠮᠳᠡᠪᠡ᠃ 15 ᠮᠢᠨᠦ᠋ᠲ᠎ᠤᠨ ᠦᠶ᠎ᠡ᠎ᠳᠦ᠂ ᠸᠠᠩ ᠴᠧᠨ ᠰᠢ ᠵᠡᠭᠦᠨ ᠲᠠᠯ᠎ᠠ ᠪᠡᠷ ᠳᠠᠭᠠᠷᠢᠨ ᠰᠢᠪᠲᠤᠯᠵᠤ ᠡᠭᠦᠳᠡ ᠰᠤᠮᠤᠳᠠᠭᠰᠠᠨ᠎ᠳᠤ᠂ ᠪᠥᠮᠪᠥᠭᠡ ᠨᠢ ᠬᠥᠨᠳᠡᠯᠡᠨ ᠨᠢᠷᠤᠭᠤ᠎ᠶᠢ ᠣᠨᠣᠵᠤ᠂ ᠤᠷᠢᠳ᠎ᠢᠶᠠᠷ ᠪᠦᠮᠪᠦᠭᠡ ᠤᠷᠤᠭᠤᠯᠬᠤ ᠰᠠᠢᠨ ᠲᠣᠬᠢᠶᠠᠯ᠎ᠢ ᠠᠯᠳᠠᠵᠠᠢ᠃ 38 ᠮᠢᠨᠦ᠋ᠲ᠎ᠤᠨ ᠦᠶ᠎ᠡ᠎ᠳᠦ᠂ ᠰᠧᠴᠤᠸᠠᠨ ᠨᠤᠲᠤᠭ᠎ᠲᠠᠢ ᠬᠣᠰᠢᠭᠤᠴᠢ ᠯᠢᠦ ᠢᠦᠢ ᠰᠢ ᠳᠤᠮᠳᠠ ᠵᠠᠮ ᠤᠷᠤᠭᠤ ᠣᠨᠣᠪᠴᠢᠲᠠᠢ ᠳᠠᠮᠵᠢᠭᠤᠯᠵᠤ᠂ ᠱᠠᠩᠬᠠᠢ᠎ᠶᠢᠨ ᠱᠧᠩ ᠯᠢ ᠺᠯᠦ᠋ᠪ᠎ᠦᠨ ᠬᠤᠸᠠᠩ ᠴᠢᠨ ᠢ ᠳᠤᠮᠳᠠ ᠵᠠᠮ᠎ᠢᠶᠠᠷ ᠰᠢᠪᠲᠤᠯᠤᠨ ᠤᠷᠤᠵᠤ ᠬᠤᠷᠢᠭᠯᠠᠯᠲᠠ ᠵᠢ ᠡᠪᠳᠡᠨ ᠪᠦᠮᠪᠦᠭᠡ ᠤᠷᠤᠭᠤᠯᠵᠤ᠂ ᠳᠤᠮᠳᠠᠳᠤ ᠤᠯᠤᠰ᠎ᠤᠨ ᠠᠩᠭᠢ 1᠄ 0 ᠎ᠢᠶᠠᠷ ᠤᠷᠢᠲᠠᠪᠠ᠃ ᠳᠡᠭᠡᠷ᠎ᠡ ᠬᠠᠭᠠᠰ ᠲᠠᠯᠠᠪᠤᠷ᠎ᠤᠨ ᠴᠠᠭ ᠨᠥᠬᠥᠪᠦᠷᠢᠯᠡᠬᠦ ᠬᠤᠭᠤᠴᠠᠭᠠᠨ᠎ᠳᠤ᠂ ᠯᠢᠦ ᠢᠦᠢ ᠰᠢ ᠬᠣᠷᠢᠭᠠᠲᠤ ᠣᠷᠣᠨ᠎ᠳᠤ ᠡᠰᠡᠷᠭᠦ ᠡᠲᠡᠭᠡᠳ᠎ᠲᠡᠬᠡᠨ ᠬᠤᠰᠤᠭᠳᠠᠨ ᠤᠢᠴᠢᠵᠤ᠂ ᠬᠢᠨᠠᠭ᠍ᠴᠢ ᠡᠷᠡᠰ ᠰᠢᠭᠤᠷᠬᠠᠢ᠎ᠪᠠᠷ ᠴᠡᠭ᠎ᠤᠨ ᠪᠥᠮᠪᠥᠭᠡ᠎ᠪᠡᠷ ᠲᠣᠷᠭᠠᠪᠠ᠂ ᠲᠡᠷᠡ ᠥᠪᠡᠷ ᠲᠡᠭᠡᠨ ᠡᠨᠡ ᠬᠦ᠌ ᠲᠤᠷᠭᠠᠯᠲᠠ ᠵᠢᠨ ᠪᠦᠮᠪᠦᠭᠡ ᠵᠢ ᠤᠷᠤᠭᠤᠯᠵᠤ᠂ ᠬᠤᠪᠢ ᠵᠢᠨ ᠬᠠᠷᠢᠴᠠᠯ᠎ᠢ 2᠄ 0 ᠪᠤᠯᠭᠠᠵᠠᠢ᠃

ᠳᠤᠤᠷ᠎ᠠ ᠬᠠᠭᠠᠰ ᠲᠠᠯᠠᠪᠤᠷ ᠳᠠᠭᠤᠰᠬᠤ᠎ᠠᠴᠠ ᠡᠮᠦᠨ᠎ᠡ 90 ᠮᠢᠨᠦ᠋ᠲ᠎ᠤᠨ ᠦᠶ᠎ᠡ᠎ᠳᠦ᠂ ᠴᠧᠩ ᠸᠠᠨ ᠳᠢ ᠲᠤᠰᠠᠯᠠᠨ ᠳᠠᠭᠠᠷᠢᠯᠲᠠ ᠬᠢᠵᠦ᠂ ᠯᠢ ᠴᠢ ᠰᠢᠶᠠᠨ ᠪᠦᠮᠪᠦᠭᠡ ᠤᠷᠤᠭᠤᠯᠤᠨ᠂ ᠬᠠᠮᠤᠭ ᠡᠴᠦᠰ᠎ᠦᠨ ᠬᠤᠪᠢ᠎ᠶᠢ 3᠄ 0 ᠪᠣᠯᠭᠠᠪᠠ᠃ ᠪᠦᠬᠦ ᠲᠠᠯᠠᠪᠤᠷ᠎ᠤᠨ ᠤᠷᠤᠯᠳᠤᠭᠠᠨ᠎ᠳᠤ᠂ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ 《ᠥᠨᠳᠥᠷ ᠪᠠᠢᠷᠢ᠎ᠳᠤ ᠰᠢᠬᠠᠵᠤ ᠳᠠᠭᠠᠷᠢᠬᠤ᠂ ᠤᠷᠤᠯᠳᠤᠭᠠᠨ᠎ᠢ ᠡᠵᠡᠮᠳᠡᠬᠦ》 ᠪᠠᠢᠯᠳᠤᠬᠤ ᠠᠷᠭ᠎ᠠ᠎ᠶᠢᠨ ᠣᠢᠯᠠᠭᠠᠭᠳᠠᠬᠤᠨ᠎ᠢ ᠪᠦᠷᠢᠨ ᠲᠡᠭᠦᠯᠳᠡᠷ ᠦᠢᠯᠡᠳᠦᠯᠭᠡᠵᠢᠭᠦᠯᠵᠡᠢ᠃


640.gif


ᠣᠢᠯᠠᠭᠠᠭᠰᠠᠨ᠎ᠢᠶᠠᠷ᠂ ᠲᠤᠰ ᠬᠤᠭᠤᠴᠠᠭᠠᠨ᠎ᠤ ᠠᠽᠢᠶ᠎ᠠ ᠬᠤᠨᠳᠠᠭᠠᠲᠤ ᠤᠷᠤᠯᠳᠤᠭᠠᠨ᠎ᠤ ᠲᠦᠷᠦᠭᠦᠦ ᠳᠥᠷᠪᠡᠨ ᠨᠡᠷ᠎ᠡ ᠨᠢ U17 ᠳᠡᠯᠡᠬᠡᠢ᠎ᠶᠢᠨ ᠬᠤᠨᠳᠠᠭᠠᠲᠤ ᠤᠷᠤᠯᠳᠤᠭᠠᠨ᠎ᠤ ᠬᠢᠷᠢ ᠬᠡᠮ᠎ᠢ ᠰᠢᠭᠤᠳ ᠣᠯᠬᠤ ᠶᠤᠮ ᠪᠠᠢᠵᠤ᠂ ᠳᠤᠮᠳᠠᠳᠤ ᠤᠯᠤᠰ᠎ᠤᠨ ᠡᠮᠡᠭᠲᠡᠢ᠎ᠶᠢᠨ ᠬᠥᠯ ᠪᠥᠮᠪᠥᠭᠡ᠎ᠶᠢᠨ ᠠᠩᠭᠢ᠎ᠶᠢᠨ ᠥᠬᠢᠳ ᠨᠢᠭᠡ ᠤᠳᠠᠭᠠᠨ᠎ᠤ ᠴᠡᠪᠡᠷ ᠢᠯᠠᠯᠲᠠ᠎ᠪᠠᠷ ᠤᠷᠤᠯᠳᠤᠭᠠᠨ᠎ᠤ ᠡᠮᠦᠨᠡᠬᠢ ᠠᠮᠠᠯᠠᠯᠲᠠ᠎ᠪᠠᠨ ᠪᠡᠶᠡᠯᠡᠭᠦᠯᠪᠡ᠃ ᠡᠨᠡᠳᠬᠡᠭ᠎ᠦᠨ ᠠᠩᠭᠢ ᠬᠡᠳᠦᠢᠪᠡᠷ ᠨᠠᠢ᠍ᠮᠠᠨ ᠬᠦᠴᠦᠷᠬᠡᠭ ᠲᠡᠬᠡᠨ ᠬᠤᠴᠤᠷᠤᠬᠰᠠᠨ ᠪᠣᠯᠪᠠᠴᠤ᠂ ᠠᠩᠬ᠎ᠠ ᠤᠳᠠᠭ᠎ᠠ ᠳᠡᠰ ᠳᠡᠪᠰᠢᠬᠦ ᠰᠢᠭᠰᠢᠭᠡ ᠤᠷᠤᠯᠳᠤᠭᠠᠨ᠎ᠳᠤ ᠤᠷᠤᠭᠰᠠᠨ ᠨᠢ ᠠᠩᠭᠢ᠎ᠶᠢᠨ ᠵᠢᠡᠨ ᠲᠡᠦᠬᠡᠨ᠎ᠳᠡᠬᠢ ᠬᠠᠮᠤᠭ ᠰᠠᠢᠨ ᠤᠷᠤᠯᠳᠤᠭᠠᠨ᠎ᠤ ᠪᠦᠲᠦᠮᠵᠢ᠎ᠶᠢ ᠡᠭᠦᠳᠴᠡᠢ᠃ 5 ᠰᠠᠷ᠎ᠠ᠎ᠶᠢᠨ 14 ᠎ᠦ ᠡᠳᠦᠷ᠂ ᠬᠠᠭᠠᠰ ᠰᠢᠢᠳᠪᠦᠷᠢᠲᠦ ᠤᠷᠤᠯᠳᠤᠭᠠᠨ᠎ᠳᠤ ᠳᠤᠮᠳᠠᠳᠤ ᠤᠯᠤᠰ᠎ᠤᠨ ᠠᠩᠭᠢ ᠰᠣᠯᠣᠩᠭᠣᠰ᠎ᠤᠨ ᠠᠩᠭᠢ᠎ᠶᠢ ᠤᠭᠲᠤᠨ ᠪᠠᠢᠯᠳᠤᠵᠤ᠂ ᠶᠠᠫᠤᠨ᠎ᠤ ᠠᠩᠭᠢ ᠠᠦ᠋ᠰᠲᠷᠠᠯᠢᠶ᠎ᠠ᠎ᠶᠢᠨ ᠠᠩᠭᠢ᠎ᠲᠠᠢ ᠦᠷᠢᠰᠦᠯᠳᠦᠬᠦ ᠪᠣᠯᠣᠨ᠎ᠠ᠃

ᠢᠩᠬᠢᠬᠡᠳ ᠡᠨᠡ ᠵᠢᠯ ᠳᠤᠮᠳᠠᠳᠤ ᠤᠯᠤᠰ᠎ᠤᠨ ᠡᠮᠡᠭᠲᠡᠢ᠎ᠶᠢᠨ ᠬᠥᠯ ᠪᠥᠮᠪᠥᠭᠡ᠎ᠶᠢᠨ ᠤᠯᠤᠰ᠎ᠤᠨ ᠠᠩᠭᠢ ᠵᠢᠨ ᠨᠠᠰᠤᠨ᠎ᠳᠤ ᠬᠦᠷᠦᠭᠰᠡᠳ᠂ ᠵᠠᠯᠠᠭᠤᠴᠤᠳ ᠪᠠ ᠪᠠᠭᠠᠴᠤᠳ᠎ᠤᠨ ᠠᠩᠬᠢ ᠵᠢᠨ ᠬᠢᠨ ᠴᠥᠮ ᠳᠡᠯᠡᠬᠡᠢ᠎ᠶᠢᠨ ᠬᠤᠨᠳᠠᠭᠠᠲᠤ ᠤᠷᠤᠯᠳᠤᠭᠠᠨ᠎ᠳᠤ ᠤᠷᠤᠯᠴᠠᠬᠤ ᠬᠢᠷᠢ ᠬᠡᠮ ᠎ᠢ ᠤᠯᠵᠠᠢ᠃


QQ截图20260513153503.png


ᠢᠷᠡᠯᠲᠡ᠄ ᠲᠦᠪ ᠲᠧᠯᠸᠢᠰ᠎ᠤᠨ ᠲᠠᠮᠢᠷ ᠰᠤᠪᠠᠭ᠂ ᠭᠤᠸᠠᠩᠵᠧᠤ ᠵᠢᠨ ᠡᠳᠦᠷ᠎ᠤᠨ ᠰᠤᠨᠢᠨ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面