2026-05-13 16:05:20
ᠬᠡᠰᠡᠭ ᠣᠬᠣᠷ ᠸᠢᠳᠢᠣ᠋᠎ᠶᠢᠨ ᠠᠭᠤᠯᠭ᠎ᠠ᠎ᠶᠢᠨ ᠢᠷᠡᠯᠲᠡ᠎ᠨᠢ ᠲᠣᠳᠣᠷᠬᠠᠶ ᠥᠬᠡᠶ᠂ ᠦᠨᠡᠨ ᠬᠤᠳᠠᠯ᠎ᠨᠢ ᠢᠯᠭᠠᠭᠳᠠᠬᠤ ᠥᠬᠡᠶ᠂ ᠦᠵᠡᠵᠦ᠍ ᠰᠣᠨᠣᠰᠬᠤ᠎ᠶᠢ ᠬᠤᠳᠬᠤᠯᠳᠤᠭᠤᠯᠬᠤ ᠵᠡᠷᠭᠡ ᠲᠣᠪᠣᠶ᠋ᠢᠮ᠎ᠠ ᠠᠰᠠᠭᠤᠳᠠᠯ᠎ᠳᠤ ᠴᠢᠭᠯᠡᠭᠦᠯᠦᠨ᠂ ᠡᠨᠡ ᠵᠢᠯ᠎ᠡᠴᠡ ᠨᠠᠭᠠᠰᠢ᠂ ᠲᠥᠪ᠎ᠦᠨ ᠢᠨᠲ᠋ᠧᠷ ᠰᠦᠯᠵᠢᠶᠡᠨ᠎ᠦ ᠮᠡᠳᠡᠭᠡ ᠵᠠᠩᠭᠢ᠎ᠶᠢᠨ ᠠᠯᠪᠠᠨ ᠬᠡᠷ ᠣᠬᠣᠷ ᠸᠢᠳᠢᠣ᠋᠎ᠶᠢᠨ ᠠᠭᠤᠯᠭ᠎ᠠ᠎ᠶᠢᠨ ᠵᠡᠭᠦᠯᠲᠡ ᠬᠠᠳᠠᠬᠤ ᠠᠵᠢᠯ᠎ᠢ ᠵᠢᠷᠤᠮᠵᠢᠭᠤᠯᠤᠨ ᠠᠬᠢᠭᠤᠯᠬᠤ ᠲᠤᠬᠠᠶ ᠪᠥᠬᠥ᠌ ᠲᠠᠯ᠎ᠠ᠎ᠪᠠᠷ ᠪᠠᠶ᠋ᠢᠷᠢᠯᠠᠭᠤᠯᠪᠠ᠃
1 ᠰᠠᠷ᠎ᠠ᠎ᠠᠴᠠ ᠨᠠᠭᠠᠰᠢ᠂ ᠰᠦᠯᠵᠢᠶ᠎ᠠ ᠲᠠᠪᠴᠠᠩ᠎ᠢ ᠵᠢᠯᠣᠭᠣᠳᠤᠨ ᠬᠤᠳᠠᠯ ᠬᠠᠭᠤᠷᠮᠠᠭ ᠵᠢᠠᠷ ᠮᠠᠶᠢᠬᠯᠠᠨ ᠰᠡᠭᠦᠳᠡᠷᠯᠡᠭᠦ ᠵᠡᠷᠭᠡ ᠲᠦᠷᠢᠮ᠎ᠡᠴᠡ ᠵᠥᠷᠢᠴᠡᠭᠰᠡᠨ 52 ᠲᠦᠮᠡ ᠭᠠᠷᠤᠶ ᠣᠬᠣᠷ ᠸᠢᠳᠢᠣ᠋᠎ᠶᠢ ᠭᠦᠨᠵᠡᠭᠡᠶ ᠢᠯᠭᠠᠷᠠᠭᠤᠯᠵᠤ᠂ ᠲᠦᠷᠢᠮ᠎ᠡᠴᠡ ᠵᠥᠷᠢᠴᠡᠭᠰᠡᠨ ᠲᠠᠩᠰᠠᠨ ᠳ᠋ᠤᠭᠠᠷ᠎ᠢ 6.8 ᠲᠦᠮᠡ ᠭᠠᠷᠤᠶ ᠴᠢᠩᠭ᠎ᠠ ᠰᠢᠢᠳᠬᠡᠵᠦ᠍᠂ ᠵᠠᠰᠠᠨ ᠴᠡᠭᠴᠡᠯᠡᠭᠦ ᠠᠯᠪᠠᠨ ᠵᠠᠷᠯᠠᠯ᠎ᠢ 54 ᠬᠤᠭᠤᠴᠠᠭ᠎ᠠ ᠨᠡᠶ᠋ᠢᠲᠡᠯᠡᠭᠰᠡᠨ ᠪᠥᠭᠡᠳ ᠨᠡᠶ᠋ᠢᠲᠡᠯᠢᠭ ᠬᠡᠷᠡᠭ᠎ᠦᠨ ᠵᠢᠱ᠌ᠢᠶ᠎ᠡ᠎ᠶᠢ ᠲᠥᠪᠯᠡᠷᠡᠭᠦᠯᠦᠨ ᠢᠯᠡᠴᠢᠯᠡᠪᠡ᠃
3 ᠰᠠᠷ᠎ᠠ᠎ᠳᠤ᠂ ᠴᠤᠤᠷᠢᠶ᠎ᠠ᠂ ᠪᠤᠰᠢᠭᠤ ᠭᠠᠷ᠂ ᠲᠸᠩ ᠰᠢᠶᠦ᠋ᠨ᠂ ᠰᠢᠶᠤᠤ ᠬᠣᠩ ᠱᠦ᠍᠂ ᠪᠢ ᠯᠢ ᠪᠢ ᠯᠢ᠂ ᠪᠢᠴᠢᠯ ᠪᠦᠷᠭᠡ᠂ ᠲᠤᠤ ᠪᠦᠦ᠂ ᠵᠢᠩ ᠳ᠋ᠦᠩ᠂ ᠫᠢᠨ ᠳ᠋ᠦᠸᠸ ᠳ᠋ᠦᠸᠸ᠂ ᡁᠢ ᠹᠦ᠋ ᠪᠦᠦ᠂ ᠮᠧᠶ ᠲᠣᠸᠠᠨ᠂ ᠪᠠᠶ ᠳ᠋ᠦ᠋ ᠵᠡᠷᠭᠡ 12 ᠲᠠᠪᠴᠠᠩ᠎ᠢ ᠵᠢᠯᠣᠭᠣᠳᠤᠨ ᠤᠷᠢᠳᠠᠪᠠᠷ ᠲᠤᠷᠰᠢᠨ ᠠᠵᠢᠯᠯᠠᠭᠤᠯᠵᠦ᠂ ᠠᠭᠤᠯᠭ᠎ᠠ᠎ᠶᠢᠨ ᠵᠡᠭᠦᠯᠳᠠ ᠲᠡᠮᠳᠡᠭ᠎ᠢ ᠲᠡᠭᠦᠯᠳᠡᠷᠵᠢᠭᠦᠯᠦᠨ᠂ ᠠᠭᠤᠯᠭ᠎ᠠ᠎ᠶᠢᠨ ᠲᠣᠳᠣᠷᠬᠠᠶ᠋ᠢᠯᠠᠯᠲᠠ᠎ᠶᠢᠨ ᠴᠢᠳᠠᠮᠵᠢ᠎ᠶᠢ ᠰᠢᠯᠢᠳᠡᠭᠵᠢᠭᠦᠯᠦᠨ ᠰᠢᠯᠭᠠᠪᠠ᠃
ᠣᠶ᠋ᠢᠷ᠎ᠠ᠎ᠳᠤ᠂ ᠲᠥᠪ᠎ᠦᠨ ᠢᠨᠲ᠋ᠧᠷ ᠰᠦᠯᠵᠢᠶᠡᠨ᠎ᠦ ᠮᠡᠳᠡᠭᠡ ᠵᠠᠩᠭᠢ᠎ᠶᠢᠨ ᠠᠯᠪᠠᠨ ᠬᠡᠷ 12 ᠲᠠᠪᠴᠠᠩ᠎ᠤᠨ ᠲᠤᠷᠰᠢᠨ ᠬᠡᠷᠡᠭᠵᠢᠭᠦᠯᠦᠭᠰᠡᠨ ᠲᠤᠷᠰᠢᠯᠭ᠎ᠠ᠎ᠶᠢ ᠳ᠋ᠦᠩᠨᠡᠵᠦ᠍᠂ ᠡᠯ᠎ᠡ ᠭᠠᠵᠠᠷ ᠡᠯ᠎ᠡ ᠰᠦᠯᠵᠢᠶ᠎ᠠ ᠲᠠᠪᠴᠠᠩ᠎ᠢ ᠵᠢᠯᠣᠭᠣᠳᠤᠨ ᠭᠤᠷᠪᠠᠨ ᠵᠦᠢᠯ᠎ᠦᠨ ᠠᠵᠢᠯ᠎ᠢ ᠪᠥᠬᠥ᠌ ᠲᠠᠯ᠎ᠠ᠎ᠪᠠᠷ ᠠᠬᠢᠭᠤᠯᠵᠤ ᠨᠠᠶ᠋ᠢᠳᠠᠪᠤᠷᠢᠵᠢᠭᠤᠯᠤᠨ᠎ᠠ᠄
ᠣᠬᠣᠷ ᠸᠢᠳᠢᠣ᠋᠎ᠶᠢᠨ ᠠᠭᠤᠯᠭ᠎ᠠ᠎ᠳᠤ ᠵᠡᠭᠦᠯᠳᠠ ᠱᠤᠰᠢᠭ᠎ᠠ ᠬᠠᠳᠠᠬᠤ᠎ᠶᠢ ᠵᠢᠷᠤᠮᠵᠢᠭᠤᠯᠵᠤ᠂ ᠰᠦᠯᠵᠢᠶᠡᠨ᠎ᠦ ᠲᠠᠪᠴᠠᠩ ᠡᠷᠬᠡᠪᠰᠢ ᠬᠡᠷᠡᠭᠯᠡᠭᠴᠢᠳᠲᠦ᠍ 6 ᠲᠥᠷᠥᠯ᠎ᠦᠨ 《ᠵᠠᠪᠠᠯ ᠰᠣᠩᠭᠣᠬᠤ ᠵᠡᠭᠦᠯᠳᠠ》 ᠬᠠᠩᠭᠠᠬᠤ ᠬᠡᠷᠡᠭᠲᠡᠶ ᠪᠥᠭᠡᠳ ᠥᠪᠡᠷ᠎ᠦᠨ ᠪᠣᠳᠠᠲᠤ᠌ ᠪᠠᠶ᠋ᠢᠳᠠᠯ᠎ᠢᠶᠠᠨ ᠦᠨᠳᠦᠰᠦᠯᠡᠨ ᠪᠤᠰᠤᠳ 《ᠰᠣᠩᠭᠣᠵᠤ ᠪᠣᠯᠬᠤ ᠵᠡᠭᠦᠯᠳᠠ》 ᠬᠠᠩᠭᠠᠵᠤ ᠪᠣᠯᠤᠨ᠎ᠠ ᠭᠡᠵᠦ᠍ ᠲᠣᠳᠣᠷᠬᠠᠶ᠋ᠢᠯᠠᠪᠠ᠃
ᠡᠭᠦᠨ᠎ᠳᠦ᠂ 《ᠵᠠᠪᠠᠯ ᠰᠣᠩᠭᠣᠬᠤ ᠵᠡᠭᠦᠯᠳᠠ》 ᠳ᠋ᠤ 《ᠵᠤᠭᠢᠶᠠᠮᠵᠢᠯᠠᠵᠦ ᠵᠦᠴᠦᠭᠡᠯᠡᠭᠰᠡᠨ ᠠᠭᠤᠯᠭ᠎ᠠ ᠪᠠᠢᠬᠤ》᠂ 《AI ᠵᠢᠠᠷ ᠵᠤᠭᠢᠶᠠᠭᠰᠠᠨ ᠠᠭᠤᠯᠭ᠎ᠠ ᠪᠠᠢᠬᠤ》᠂ 《ᠡᠵᠡᠩᠨᠡᠨ ᠪᠣᠷᠣᠯᠠᠭᠤᠯᠬᠤ ᠮᠡᠳᠡᠭᠡ ᠵᠠᠩᠭᠢ ᠪᠠᠢᠬᠤ》᠂ 《ᠰᠢᠯᠵᠢᠭᠦᠯᠦᠨ ᠨᠡᠶ᠋ᠢᠲᠡᠯᠡᠭᠰᠡᠨ ᠠᠭᠤᠯᠭ᠎ᠠ》᠂ 《ᠠᠭᠤᠯᠭ᠎ᠠ ᠨᠢ ᠬᠤᠪᠢ ᠬᠥᠮᠦᠨ᠎ᠦ ᠦᠵᠡᠯᠲᠡ》 ᠪᠠ 《ᠲᠣᠳᠣᠷᠬᠠᠶ᠋ᠢᠯᠠᠬᠤ ᠴᠢᠬᠤᠯᠠ ᠥᠬᠡᠶ》 ᠵᠡᠷᠭᠡ ᠪᠠᠭᠲᠠᠨ᠎ᠠ᠃ ᠦᠨᠡᠨ ᠪᠣᠳᠠᠲᠠᠶ ᠠᠮᠢᠳᠤᠷᠠᠯ᠎ᠤᠨ ᠲᠡᠮᠳᠡᠭᠯᠡᠯ᠎ᠦᠨ ᠲᠥᠷᠥᠯ᠎ᠦᠨ ᠣᠬᠣᠷ ᠸᠢᠳᠢᠣ᠋᠎ᠨᠢ 《ᠳᠤᠳᠤᠷᠬᠠᠢᠯᠠᠬᠤ ᠴᠢᠬᠤᠯᠠ ᠥᠬᠡᠶ》 ᠭᠡᠬᠦ᠌ ᠵᠡᠭᠦᠯᠳᠠ᠎ᠶᠢ ᠰᠣᠩᠭᠣᠵᠤ ᠪᠣᠯᠤᠨ᠎ᠠ᠂ ᠲᠣᠰ ᠵᠡᠭᠦᠯᠳᠠ᠎ᠶᠢ ᠣᠬᠣᠷ ᠸᠢᠳᠢᠣ᠋᠎ᠶᠢᠨ ᠬᠠᠭᠤᠳᠠᠰᠤᠨ᠎ᠳᠤ ᠢᠯᠡᠷᠡᠭᠦᠯᠬᠦ᠌ ᠥᠬᠡᠶ᠃
ᠠᠭᠤᠯᠭ᠎ᠠ᠎ᠶᠢᠨ ᠵᠡᠭᠦᠯᠳᠠ ᠵᠢ ᠣᠬᠣᠷ ᠸᠢᠳᠢᠣ᠋ ᠨᠡᠶ᠋ᠢᠲᠡᠯᠡᠬᠦ᠌᠎ᠵᠢᠨ ᠵᠠᠪᠠᠯ ᠥᠩᠭᠡᠷᠡᠬᠦ᠌ ᠭᠣᠭᠴᠣᠭ᠎ᠠ ᠪᠣᠯᠭᠠᠵᠤ᠂ ᠨᠡᠶ᠋ᠢᠲᠡᠯᠡᠭᠴᠢ᠎ᠨᠢ ᠡᠷᠬᠡᠪᠰᠢ 《ᠵᠠᠪᠠᠯ ᠰᠣᠩᠭᠣᠬᠤ ᠵᠡᠭᠦᠯᠳᠠ》 ᠡᠴᠠ ᠨᠢᠭᠡ᠎ᠶᠢ ᠰᠣᠩᠭᠣᠪᠠᠯ ᠰᠠᠶᠢ ᠣᠬᠣᠷ ᠸᠢᠳᠢᠣ᠋ ᠨᠡᠶ᠋ᠢᠲᠡᠯᠡᠵᠦ᠍ ᠪᠣᠯᠤᠨ᠎ᠠ᠃
ᠰᠢᠨ᠎ᠡ᠎ᠪᠡᠷ ᠨᠡᠮᠡᠭᠳᠡᠭᠰᠡᠨ ᠣᠬᠣᠷ ᠸᠢᠳᠢᠣ᠋᠎ᠳᠤ ᠵᠡᠭᠦᠯᠲᠡ ᠬᠠᠳᠠᠬᠤ ᠪᠠᠶ᠋ᠢᠳᠠᠯ᠎ᠢ ᠬᠢᠨᠠᠨ ᠬᠠᠷᠭᠤᠭᠤᠯᠬᠤ᠎ᠪᠠᠨ ᠴᠢᠩᠭᠠᠳᠬᠠᠵᠤ᠂ ᠦᠯᠡᠳᠡᠭᠡᠯ ᠣᠬᠣᠷ ᠸᠢᠳᠢᠣ᠋᠎ᠶᠢ ᠪᠦᠯᠦᠭ ᠬᠤᠪᠢᠶᠠᠨ ᠡᠷᠭᠢᠴᠡᠭᠦᠯᠵᠦ᠍᠂ ᠳᠦᠷᠢᠮᠵᠢᠭᠦᠯᠦᠨ ᠵᠡᠭᠦᠯᠲᠡ ᠬᠠᠳᠠᠭᠰᠠᠨ ᠥᠬᠡᠶ ᠪᠠᠢᠪᠠᠯ᠂ ᠵᠡᠭᠦᠯᠳᠠᠶᠢᠨᠢ ᠨᠥᠬᠥᠪᠥᠷᠢᠯᠡᠬᠦ᠌ ᠪᠤᠶᠤ ᠵᠠᠯᠠᠷᠠᠭᠤᠯᠬᠤ᠎ᠶᠢᠨ ᠬᠠᠮᠲᠤ᠌᠂ ᠬᠠᠮᠢᠶ᠎ᠠ ᠪᠦᠬᠦᠢ ᠨᠡᠶ᠋ᠢᠲᠡᠯᠡᠭᠴᠢ᠎ᠶᠢ ᠬᠥᠮᠦᠵᠢᠭᠦᠯᠦᠨ ᠰᠡᠷᠡᠮᠵᠢᠯᠡᠭᠦᠯᠵᠦ᠍᠂ ᠣᠬᠣᠷ ᠸᠢᠳᠢᠣ᠋᠎ᠶᠢᠨ ᠠᠭᠤᠯᠭ᠎ᠠ᠎ᠳᠦ ᠵᠡᠭᠦᠯᠳᠠ ᠬᠠᠳᠠᠬᠤ ᠶᠤᠰᠤᠳᠠᠢ ᠳ᠋ᠤᠨᠢ ᠪᠦᠬᠦᠨ᠎ᠢ ᠬᠠᠳᠠᠬᠤ᠎ᠶᠢ ᠪᠡᠶᠡᠯᠡᠭᠦᠯᠤᠨ᠎ᠠ᠃
ᠣᠬᠣᠷ ᠸᠢᠳᠢᠣ᠋᠎ᠶᠢᠨ ᠠᠭᠤᠯᠭ᠎ᠠ᠎ᠶᠢᠨ ᠵᠡᠭᠦᠯᠲᠡ᠎ᠶᠢ ᠵᠢᠷᠤᠮᠵᠢᠭᠤᠯᠬᠤ ᠪᠣᠯ ᠣᠬᠣᠷ ᠸᠢᠳᠢᠣ᠋ ᠶᠢᠨ ᠠᠭᠤᠯᠭ᠎ᠠ᠎ᠶᠢᠨ ᠠᠮᠢ ᠠᠬᠤᠶ᠎ᠶᠢ ᠬᠠᠮᠠᠭᠠᠯᠠᠬᠤ᠂ ᠰᠦᠯᠵᠢᠶᠡᠨ ᠢᠷᠭᠡᠳ᠎ᠤᠨ ᠬᠠᠤᠯᠢ ᠶᠣᠰᠣᠨ᠎ᠤ ᠡᠷᠬᠡ ᠠᠰᠢᠭ᠎ᠢ ᠪᠠᠲᠤᠯᠠᠬᠤ ᠴᠢᠬᠤᠯᠠ ᠠᠷᠭ᠎ᠠ ᠬᠡᠮᠵᠢᠶ᠎ᠡ ᠮᠥᠨ᠂ ᠪᠠᠰᠠ ᠴᠤ᠌ ᠨᠢᠭᠡ ᠵᠦᠢᠯ᠎ᠦᠨ ᠣᠷᠳᠣ ᠬᠤᠭᠤᠴᠠᠭᠠᠨ᠎ᠤ ᠠᠵᠢᠯ ᠮᠥᠨ᠃
ᠲᠠᠷᠠᠭᠠᠴᠢ᠎ᠶᠢᠨ ᠠᠯᠬᠤᠮ᠎ᠳᠤ᠂ ᠲᠥᠪ᠎ᠦᠨ ᠢᠨᠲᠸᠷ ᠰᠦᠯᠵᠢᠶᠡᠨ᠎ᠦ ᠮᠡᠳᠡᠭᠡ ᠵᠠᠩᠭᠢ ᠵᠢᠨ ᠠᠯᠪᠠᠨ ᠬᠡᠷ᠎ᠤᠨ ᠬᠢᠨ ᠰᠦᠯᠵᠢᠶ᠎ᠡ ᠲᠠᠪᠴᠠᠩ᠎ᠢ ᠵᠢᠯᠣᠭᠣᠳᠤᠨ ᠱᠠᠯᠠᠪᠳᠠᠬᠤ ᠪᠠ ᠬᠢᠨᠠᠨ ᠪᠠᠶ᠋ᠢᠴᠠᠭᠠᠬᠤ ᠡᠷᠴᠢᠮ᠎ᠢᠶᠡᠨ ᠴᠢᠩᠭᠠᠷᠠᠭᠤᠯᠵᠤ᠂ ᠱᠠᠭᠠᠷᠳᠠᠯᠭ᠎ᠠ ᠶᠣᠰᠣᠭᠠᠷ ᠲᠣᠳᠣᠷᠬᠠᠶ᠋ᠢᠯᠠᠭᠰᠠᠨ ᠥᠬᠡᠶ ᠲᠠᠩᠰᠠᠨ ᠳ᠋ᠤᠭᠠᠷ ᠪᠠ ᠭᠤᠤᠯ ᠴᠣᠭᠴᠠ᠎ᠶᠢᠨ ᠬᠠᠷᠢᠭᠤᠴᠠᠯᠭ᠎ᠠ᠎ᠶᠢ ᠨᠠᠶ᠋ᠢᠳᠠᠪᠤᠷᠢᠵᠢᠭᠤᠯᠤᠭᠰᠠᠨ ᠵᠢᠠᠷ ᠬᠦᠷᠦᠯᠴᠡᠬᠦ᠌ ᠥᠬᠡᠶ ᠰᠦᠯᠵᠢᠶ᠎ᠡ ᠲᠠᠪᠴᠠᠩ᠎ᠢ ᠬᠠᠤᠯᠢ ᠶᠣᠰᠣᠭᠠᠷ ᠴᠢᠩᠭ᠎ᠠ ᠰᠢᠢᠳᠬᠡᠬᠦ᠌ᠶᠢᠨ ᠬᠠᠮᠲᠤ᠌ ᠢᠯᠡ ᠪᠡᠷ ᠢᠯᠡᠴᠢᠯᠡᠨ ᠵᠠᠷᠯᠠᠨ᠎ᠠ᠃ ᠡᠯ᠎ᠡ ᠰᠦᠯᠵᠢᠶ᠎ᠡ ᠲᠠᠪᠴᠠᠩ᠂ ᠣᠬᠣᠷ ᠸᠢᠳᠢᠣ᠋ ᠨᠡᠶ᠋ᠢᠲᠡᠯᠡᠭᠴᠢ ᠪᠤᠯᠤᠨ ᠥᠷᠭᠡᠨ ᠣᠯᠠᠨ ᠬᠡᠷᠡᠭᠯᠡᠭᠴᠢ ᠤᠬᠠᠮᠰᠠᠷ᠎ᠠᠴᠠ᠎ᠪᠠᠨ ᠵᠡᠭᠦᠯᠲᠠᠶᠢᠨ ᠵᠢᠷᠤᠮᠵᠢᠯ᠎ᠢ ᠵᠢᠷᠤᠮᠯᠠᠨ ᠰᠠᠬᠢᠵᠤ᠂ ᠡᠷᠡᠭᠦᠯ ᠰᠠᠷᠠᠭᠤᠯ᠂ ᠡᠮᠬᠢ ᠵᠢᠷᠤᠮ᠎ᠲᠠᠶ᠂ ᠢᠲᠡᠭᠡᠮᠵᠢᠲᠦ᠍ ᠣᠬᠣᠷ ᠸᠢᠳᠢᠣ᠋᠎ᠶᠢᠨ ᠣᠷᠴᠢᠨ ᠨᠥᠬᠥᠴᠡᠯ᠎ᠢ ᠬᠠᠮᠲᠤ᠎ᠪᠠᠷ ᠪᠣᠶ ᠪᠣᠯᠭᠠᠬᠤ᠎ᠶᠢ ᠬᠦᠰᠡᠵᠦ᠍ ᠪᠠᠶ᠋ᠢᠨ᠎ᠠ᠃
ᠢᠷᠡᠯᠲᠡ᠄ ᠲᠥᠪ ᠲᠧᠯᠸᠢᠰ᠎ᠦᠨ ᠰᠣᠨᠢᠨ ᠮᠡᠳᠡᠭᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃