ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-05-18 16:36:12

ᠵᠣᠬᠢᠶᠠᠭ᠍ᠴᠢ᠄ ᠸᠠᠩ ᠰᠢᠶᠣᠣ ᠮᠢᠩ ​ ᠣᠩᠱᠢᠭ᠍ᠰᠠᠨ ᠣᠳᠠᠭ᠎ᠠ᠄

ᠦᠪᠦᠷ ᠮᠣᠩᠭᠣᠯ᠎ᠤᠨ ᠪᠠᠬᠰᠢ᠎ᠶᠢᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯ᠎ᠤᠨ ᠲᠡᠭᠡᠲᠦ ᠰᠣᠷᠭᠠᠭᠣᠯᠢ᠎ᠶᠢᠨ ᠵᠠᠬᠢᠷᠣᠯ᠂ ᠫᠷᠣᠹᠸᠰᠰᠣᠷ᠂ ᠳ᠋ᠣᠺᠲ᠋ᠣᠷᠨᠨᠲ᠎ᠤᠨ ᠵᠢᠯᠣᠭᠣᠲᠣᠬᠴᠢ ᠪᠠᠬᠰᠢ᠂ ᠦᠪᠦᠷ ᠮᠣᠩᠭᠣᠯ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠲᠡᠳ᠋ ᠲᠡᠷᠢᠬᠦᠯᠡᠭᠴᠢ᠂ ᠦᠪᠦᠷ ᠮᠣᠩᠭᠣᠯ᠎ᠤᠨ ᠵᠣᠬᠢᠶᠠᠯᠴᠢᠳ᠎ᠤᠨ ᠡᠪᠯᠡᠯ᠎ᠤᠨ ᠲᠡᠷᠢᠬᠦᠯᠡᠭᠴᠢ ᠲᠣᠷᠣᠨᠠᠲ᠋ᠡᠭᠷᠢ᠎ᠶᠢᠨ ᠡᠷᠬᠢᠯᠡᠨ ᠨᠠᠢᠷᠠᠭᠣᠯᠣᠬᠰᠠᠨ 《ᠮᠣᠩᠭᠣᠯ ᠣᠷᠠᠨ ᠵᠣᠬᠢᠶᠠᠯ᠎ᠤᠨ ᠣᠨ᠎ᠤ ᠰᠢᠯᠢᠮᠡᠯ • 2024》 ᠲᠦᠷᠪᠡᠨ ᠪᠣᠳᠢ ᠨᠣᠮ ᠲᠦᠷᠦᠬᠦᠭᠡᠨ ᠯᠢᠶᠣᠣᠨᠢᠩ᠎ᠤᠨ ᠦᠨᠳᠦᠰᠦᠲᠡᠨ᠎ᠤ ᠬᠡᠪᠯᠡᠯ᠎ᠤᠨ ᠬᠣᠷᠢᠶ᠎ᠠ ᠡᠴᠡ ᠬᠡᠪᠯᠡᠭᠲᠡᠪᠡ᠃


微信图片_20260515114810_3_94.jpg


ᠣᠷᠠᠨ ᠵᠣᠬᠢᠶᠠᠯ᠎ᠤᠨ ᠤᠨ᠎ᠤ ᠰᠢᠯᠢᠮᠡᠯ ᠪᠣᠯ ᠰᠢᠯᠢᠲᠡᠭ ᠪᠦᠲᠦᠭᠡᠯ᠎ᠤᠨ ᠲᠡᠬᠦᠪᠦᠷᠢ᠎ᠶᠢᠨ ᠬᠡᠯᠪᠡᠷᠢ ᠪᠡᠷ ᠨᠢᠭᠡ ᠵᠢᠯ᠎ᠤᠨ ᠲᠣᠷᠰᠢᠬᠢ ᠣᠷᠠᠨ ᠵᠣᠬᠢᠶᠠᠯ᠎ᠤᠨ ᠬᠦᠭᠵᠢᠯᠲᠡ᠎ᠶᠢᠨ ᠪᠠᠢᠲᠠᠯ᠎ᠢ ᠳ᠋ᠦᠩᠨᠡᠨ ᠬᠣᠷᠢᠶᠠᠩᠭᠣᠢᠯᠠᠵᠦ᠂ ᠲᠡᠯᠭᠡᠨ ᠦᠵᠡᠬᠦᠯᠬᠦ ᠪᠡ ᠲᠠᠮᠵᠢᠭᠣᠯᠣᠨ ᠣᠯᠠᠮᠵᠢᠯᠠᠬᠣ ᠴᠢᠬᠣᠯᠠ ᠬᠡᠯᠪᠡᠷᠢ ᠪᠣᠯᠬᠣ ᠶᠣᠮ᠃ ᠲᠡᠷᠡ ᠨᠢ ᠣᠯᠣᠰ᠎ᠤᠨ ᠲᠣᠲᠣᠭᠠᠲᠣ ᠳ᠋ᠦ ᠢᠯᠡ ᠪᠡᠷ ᠲᠠᠷᠬᠠᠭᠠᠵᠦ ᠪᠠᠢᠭ᠎ᠠ ᠣᠷᠠᠨ ᠵᠣᠬᠢᠶᠠᠯ᠎ᠤᠨ ᠬᠣᠭᠣᠴᠠᠭᠠᠲᠣ ᠰᠡᠳᠬᠦᠯ ᠪᠣᠶᠣ ᠰᠣᠨᠢᠨ ᠳ᠋ᠦ ᠨᠡᠢᠲᠡᠯᠡᠬᠦᠯᠦᠭᠰᠡᠨ ᠪᠦᠲᠦᠭᠡᠯ᠎ᠤ᠋ᠤᠨ᠎ᠤᠨ ᠲᠣᠲᠣᠷ᠎ᠠ ᠡᠴᠡ ᠲᠦᠯᠦᠭᠡᠯᠡᠬᠦ ᠴᠢᠨᠠᠷᠲᠠᠢ ᠪᠦᠲᠦᠭᠡᠯ᠎ᠢ ᠰᠢᠯᠢᠨ ᠰᠣᠩᠭᠣᠵᠦ᠂ ᠲᠢᠭ ᠰᠲ᠋ᠢᠯᠢ ᠪᠡᠷ ᠨᠢ ᠲᠦᠷᠦᠯ ᠠᠩᠬᠢᠯᠠᠨ ᠬᠡᠪᠯᠡᠬᠦᠯᠵᠦ᠂ ᠣᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠦᠷ᠎ᠡ ᠪᠦᠲᠦᠭᠡᠯ ᠎ᠢ ᠲᠦᠪᠯᠡᠷᠡᠬᠦᠯᠦᠨ ᠲᠣᠰᠬᠠᠬᠣ ᠪᠡᠷ ᠪᠠᠷᠠᠬᠣ ᠦᠭᠡᠢ ᠣᠩᠰᠢᠬᠴᠢᠳ ᠪᠠ ᠡᠷᠳᠡᠮ ᠰᠢᠨᠵᠢᠯᠡᠭᠡᠨ᠎ᠤ ᠬᠢᠨ ᠳ᠋ᠦ ᠮᠠᠲ᠋ᠸᠷᠢᠶᠠᠯ ᠬᠠᠩᠭᠠᠬᠣ ᠳ᠋ᠦ ᠣᠷᠣᠰᠢᠨ᠎ᠠ᠃


QQ截图20260518163939.png


《ᠮᠣᠩᠭᠣᠯ ᠣᠷᠠᠨ ᠵᠣᠬᠢᠶᠠᠯ᠎ᠤᠨ ᠤᠨ᠎ᠤ ᠰᠢᠯᠢᠮᠡᠯ • 2024》 ᠲᠦᠷᠪᠡᠨ ᠪᠣᠳᠢ ᠨᠣᠮ ᠨᠢ 2024 ᠤᠨ᠎ᠤ 《ᠦᠨᠳᠦᠰᠦᠲᠡᠨ᠎ᠤ ᠣᠳᠬ᠎ᠠ ᠵᠣᠬᠢᠶᠠᠯ》᠂ 《ᠦᠨᠢᠷ ᠴᠡᠴᠡᠭ》᠂ 《ᠦᠪᠦᠷ ᠮᠣᠩᠭᠣᠯ᠎ᠤᠨ ᠡᠳᠦᠷ᠎ᠤᠨ ᠰᠣᠨᠢᠨ》᠂ 《ᠠᠯᠲᠠᠨ ᠲᠦᠯᠬᠢᠬᠦᠷ》᠂ 《ᠴᠣᠯᠮᠣᠨ》᠂ 《ᠬᠣᠨ ᠭᠠᠯᠠᠭᠣ》᠂ 《ᠴᠡᠴᠡᠭᠲᠦ ᠴᠠᠢᠲᠠᠮ》 ᠵᠡᠷᠭᠡ 16 ᠮᠣᠩᠭᠣᠯ ᠣᠷᠠᠨ ᠵᠣᠬᠢᠶᠠᠯ᠎ᠤᠨ ᠰᠡᠳᠬᠦᠯ ᠪᠠ ᠰᠣᠨᠢᠨ ᠳ᠋ᠦ ᠨᠡᠢᠲᠡᠯᠡᠬᠦᠯᠦᠭᠰᠡᠨ ᠪᠦᠲᠦᠭᠡᠯ᠎ᠤ᠋ᠤᠨ᠎ᠢ ᠬᠡᠪ ᠨᠠᠮᠪᠠ ᠣᠯᠠᠨ ᠡᠰᠢᠲᠦ᠂ ᠬᠡᠯᠪᠡᠷᠢ ᠪᠢᠴᠢᠯᠭᠡ ᠣᠯᠠᠨ ᠶᠠᠩᠵᠦ᠂ ᠬᠡᠯᠡᠯᠭᠡ ᠣᠷᠣᠰᠣᠮ᠎ᠠ ᠪᠠᠶᠠᠯᠢᠭ ᠭᠡᠬᠦ ᠵᠠᠷᠴᠢᠮ ᠶᠣᠰᠣᠭᠠᠷ ᠠᠩᠬᠠᠨ᠎ᠤ ᠰᠢᠯᠢᠯᠲᠡ᠂ ᠬᠣᠶᠠᠲᠡᠬᠢ ᠰᠢᠯᠢᠯᠲᠡ᠂ ᠡᠴᠦᠰ᠎ᠤᠨ ᠰᠢᠯᠢᠯᠲᠡ ᠭᠡᠬᠦ ᠭᠣᠷᠪᠠᠨ ᠠᠯᠬᠣᠮ ᠶ᠋ᠢᠡᠷ ᠲᠠᠮᠵᠢᠨ ᠰᠢᠯᠢᠲᠡᠭ ᠵᠣᠬᠢᠶᠠᠯ᠎ᠢ ᠰᠣᠩᠭᠣᠨ ᠭᠠᠷᠭᠠᠵᠣ᠂ ᠢᠷᠠᠭᠣ ᠨᠠᠢᠷᠠᠬ᠎ᠤᠨ ᠪᠣᠳᠢ᠂ ᠲᠣᠭᠣᠵᠢᠰ᠎ᠤᠨ ᠪᠣᠳᠢ᠂ ᠨᠠᠢᠷᠠᠭᠣᠯᠣᠯ᠎ᠤᠨ ᠪᠣᠳᠢ᠂ ᠣᠷᠠᠨ ᠵᠣᠬᠢᠶᠠᠯ᠎ᠤᠨ ᠣᠨᠣᠯ ᠰᠢᠬᠦᠮᠵᠢ᠎ᠶᠢᠨ ᠪᠣᠲᠢ ᠭᠡᠮᠡᠨ ᠬᠣᠪᠢᠶᠠᠵᠦ᠂ ᠤᠨ ᠴᠠᠬ᠎ᠤᠨ ᠣᠷᠣᠰᠬᠠᠯ᠂ ᠲᠡᠬᠦᠨ᠎ᠤ ᠴᠠᠯᠬᠢᠲᠠᠰᠣ ᠪᠦᠬᠦᠨ᠎ᠢ ᠣᠷᠠᠨ ᠵᠣᠬᠢᠶᠠᠯ᠎ᠤᠨ ᠬᠡᠯᠪᠡᠷᠢ ᠪᠡᠷ ᠲᠡᠮᠲᠡᠭᠯᠡᠨ ᠦᠯᠡᠲᠡᠭᠡᠬᠦ᠎ᠶᠢ ᠵᠣᠷᠢᠵᠠᠢ᠃


QQ截图20260518164013.png


《ᠮᠣᠩᠭᠣᠯ ᠣᠷᠠᠨ ᠵᠣᠬᠢᠶᠠᠯ᠎ᠤᠨ ᠣᠨ᠎ᠤ ᠰᠢᠯᠢᠮᠡᠯ • 2024》 ᠲᠦᠷᠪᠡᠨ ᠪᠣᠳᠢ ᠨᠣᠮ᠎ᠤᠨ ᠬᠡᠪᠯᠡᠭᠲᠡᠭᠰᠡᠨ ᠨᠢ ᠮᠣᠩᠭᠣᠯ ᠣᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠣᠲᠣᠬᠢ ᠪᠠᠢᠲᠠᠯ᠎ᠢ ᠡᠮᠬᠢᠯᠡᠨ ᠲᠢᠭᠯᠡᠵᠦ᠂ ᠮᠣᠩᠭᠣᠯ ᠣᠷᠠᠨ ᠵᠣᠬᠢᠶᠠᠯ᠎ᠤᠨ ᠣᠯᠠᠮᠵᠢᠯᠠᠯ ᠰᠢᠨᠡᠴᠢᠯᠡᠯᠲᠡ᠎ᠶᠢ ᠠᠬᠢᠭᠣᠯᠣᠨ᠂ ᠡᠬᠦᠨ᠎ᠤ ᠣᠯᠠᠮ ᠶ᠋ᠢᠡᠷ ᠲᠣᠮᠲᠠᠲᠣ ᠣᠯᠣᠰ᠎ᠤᠨ ᠴᠦᠬᠡᠨ ᠲᠣᠭᠠᠲᠣ ᠦᠨᠳᠦᠰᠦᠲᠡᠨ᠎ᠤ ᠣᠷᠠᠨ ᠵᠣᠬᠢᠶᠠᠯ᠎ᠤᠨ ᠦᠢᠯᠡᠰ᠎ᠤᠨ ᠦᠷᠬᠦᠯᠵᠢᠯᠡᠨ ᠴᠡᠴᠡᠭᠯᠡᠨ ᠬᠦᠭᠵᠢᠬᠦ ᠳ᠋ᠦ ᠬᠦᠴᠦ ᠨᠡᠮᠡᠷᠢᠯᠡᠬᠦ ᠨᠢ ᠯᠠᠪᠳᠠᠢ᠃


QQ截图20260518163955.png

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄
兼容浏览器的HTML页面