2026-06-29 16:53:49
ᠳᠤᠮᠳᠠᠳᠤ ᠤᠯᠤᠰ ᠤᠨ ᠬᠥᠯ ᠪᠥᠮᠪᠥᠭᠡ᠎ᠶᠢᠨ ᠨᠡᠶ᠋ᠢᠭᠡᠮᠯᠢᠭ᠎ᠦᠨ ᠠᠯᠪᠠᠨ ᠤ ᠰᠦᠯᠵᠢᠶ᠎ᠡ᠎ᠶᠢᠨ ᠮᠡᠳᠡᠭᠡ᠎ᠶᠢ ᠦᠨᠳᠦᠰᠦᠯᠡᠪᠡᠯ᠂ 6 ᠰᠠᠷ᠎ᠠ᠎ᠶᠢᠨ 25᠎ᠤ ᠡᠳᠦᠷ᠂ ᠳᠤᠮᠳᠠᠳᠤ ᠤᠯᠤᠰ᠎ᠤᠨ ᠬᠥᠯ ᠪᠥᠮᠪᠥᠭᠡ᠎ᠶᠢᠨ ᠨᠡᠶ᠋ᠢᠭᠡᠮᠯᠢᠭ 《ᠬᠥᠯ ᠪᠥᠮᠪᠥᠭᠡ᠎ᠶᠢᠨ ᠤᠷᠤᠯᠳᠤᠭᠠᠨ᠎ᠤ ᠲᠦᠷᠢᠮ 2026 / 2027》 (ᠠᠷᠪᠠᠨ ᠨᠢᠭᠡᠨ ᠬᠥᠮᠦᠨ᠎ᠦ ᠲᠦᠷᠢᠮ᠎ᠳᠦ) ᠢ ᠬᠡᠷᠡᠭᠵᠢᠭᠦᠯᠬᠦ᠌ ᠲᠤᠬᠠᠶ ᠮᠡᠳᠡᠭᠳᠡᠯ ᠨᠡᠶ᠋ᠢᠲᠡᠯᠡᠵᠦ᠍᠂ ᠳᠤᠮᠳᠠᠳᠤ ᠤᠯᠤᠰ᠎ᠤᠨ ᠬᠥᠯ ᠪᠥᠮᠪᠥᠭᠡ᠎ᠶᠢᠨ ᠨᠡᠶ᠋ᠢᠭᠡᠮᠯᠢᠭ ᠵᠢᠴᠢ ᠳᠡᠬᠦᠨ᠎ᠤ ᠬᠡᠰᠢᠬᠦᠨ ᠨᠡᠶ᠋ᠢᠭᠡᠮᠯᠢᠭ ᠡᠴᠡ ᠡᠷᠭᠢᠯᠡᠭᠰᠡᠨ ᠡᠯ᠎ᠡ ᠱᠠᠲᠤᠨ᠎ᠤ ᠡᠯ᠎ᠡ ᠲᠥᠷᠥᠯ᠎ᠦᠨ ᠠᠷᠪᠠᠨ ᠨᠢᠭᠡᠨ ᠬᠥᠮᠦᠨ᠎ᠦ ᠳᠦᠷᠢᠮᠲᠦ᠍ ᠬᠥᠯ ᠪᠥᠮᠪᠥᠭᠡ᠎ᠶᠢᠨ ᠤᠷᠤᠯᠳᠤᠭᠠᠨ᠎ᠳᠦ ᠡᠨᠡᠬᠦ ᠰᠢᠨ᠎ᠡ ᠲᠦᠷᠢᠮ᠎ᠢ 2026 ᠣᠨ᠎ᠤ 7 ᠰᠠᠷ᠎ᠠ᠎ᠶᠢᠨ 1 ᠦ ᠡᠳᠦᠷ᠎ᠡᠴᠡ ᠡᠬᠢᠯᠡᠵᠦ᠍ ᠬᠡᠷᠡᠭᠵᠢᠭᠦᠯᠦᠨ᠎ᠡ ᠭᠡᠵᠡᠶ᠃
ᠰᠢᠨ᠎ᠡ ᠳᠦᠷᠢᠮ᠎ᠳᠦ ᠲᠠᠮᠢᠷᠴᠢᠨ᠂ ᠲᠠᠮᠢᠷᠴᠢᠨ᠎ᠤ ᠡᠮᠦᠰᠭᠡᠯ ᠳᠤᠨᠤᠭᠯᠠᠯ᠂ ᠬᠢᠨᠠᠭᠴᠢ᠂ ᠪᠤᠰᠤᠳ ᠤᠷᠤᠯᠳᠤᠭᠠᠨ᠎ᠤ ᠲᠤᠰᠢᠶᠠᠯᠲᠠᠨ᠂ ᠤᠷᠤᠯᠳᠤᠭᠠᠨ ᠡᠬᠢᠯᠡᠬᠦ᠌ ᠪᠠ ᠰᠡᠷᠭᠦᠭᠡᠬᠦ᠌᠂ ᠤᠷᠤᠯᠳᠤᠭᠠᠨ ᠤ ᠦᠷ᠎ᠡ ᠳ᠋ᠦᠩ ᠢ ᠲᠣᠭᠲᠠᠭᠠᠬᠤ᠂ ᠳᠦᠷᠢᠮ ᠵᠥᠷᠢᠴᠡᠬᠦ᠌ ᠪᠠ ᠵᠦᠢ ᠪᠤᠰᠤ ᠦᠢᠯᠡ ᠠᠵᠢᠯᠯᠠᠭ᠎ᠠ᠂ ᠴᠡᠭ ᠤᠨ ᠪᠥᠮᠪᠥᠭᠡ᠂ ᠳᠠᠯᠠᠪᠠᠢ ᠡᠴᠡ ᠭᠠᠷᠤᠬᠰᠠᠨ ᠪᠥᠮᠪᠥᠭᠡ ᠵᠢ ᠰᠢᠳᠡᠬᠦ᠌᠂ ᠡᠭᠦᠳᠡᠨ ᠪᠥᠮᠪᠥᠭᠡ᠂ ᠸᠢᠳᠢᠣ᠋ ᠲᠤᠰᠠᠯᠠᠬᠤ ᠬᠢᠨᠠᠭᠴᠢ᠎ᠶᠢᠨ ᠠᠵᠢᠯᠯᠠᠭᠠᠨ᠎ᠤ ᠵᠢᠷᠤᠮᠵᠢᠯ ᠵᠡᠷᠭᠡ ᠳᠠᠯ᠎ᠠ ᠪᠡᠷ ᠬᠤᠪᠢᠷᠠᠯᠳᠠ ᠲᠠᠢ ᠃
ᠡᠭᠦᠨ᠎ᠳᠦ ᠨᠢᠭᠡ ᠬᠡᠰᠡᠭ ᠰᠢᠨ᠎ᠡ ᠲᠣᠭᠲᠠᠭᠠᠯ ᠨᠢ ᠲᠤᠰ ᠬᠤᠭᠤᠴᠠᠭᠠᠨ᠎ᠤ ᠳᠡᠯᠡᠬᠡᠶ᠎ᠶᠢᠨ ᠬᠤᠨᠳᠠᠭᠠᠲᠤ᠌ ᠬᠥᠯ ᠪᠥᠮᠪᠥᠭᠡ᠎ᠶᠢᠨ ᠤᠷᠤᠯᠳᠤᠭᠠᠨ᠎ᠳᠤ ᠨᠢᠭᠡᠨᠲᠡ ᠬᠡᠷᠡᠭᠵᠢᠬᠦᠯᠦᠭᠳᠡᠭᠰᠡᠨ ᠪᠠᠢᠨ᠎ᠠ᠂ ᠡᠭᠦᠨ᠎ᠳᠦ᠄
ᠠᠮᠠ ᠪᠠᠨ ᠬᠠᠯᠬᠠᠯᠠᠨ ᠦᠭᠡ ᠶᠠᠷᠢᠬᠤ ᠪᠥᠮᠪᠥᠭᠡᠴᠢᠨ ᠳᠦ ᠤᠯᠠᠭᠠᠨ ᠺᠠᠷᠲ ᠦᠭᠭᠦᠨ᠎ᠠ;
ᠲᠠᠯᠠᠪᠠᠢ ᠡᠴᠡ ᠰᠤᠯᠢᠭᠳᠠᠬᠤ ᠲᠠᠮᠢᠷᠴᠢᠨ ᠲᠠᠯᠠᠪᠠᠢ᠎ᠡᠴᠠ ᠪᠠᠭᠤᠬᠤ᠎ᠳᠠᠭᠠᠨ 10 ᠰᠧᠺᠦ᠋ᠨ᠋ᠳ᠋᠎ᠲᠦ ᠪᠠᠭᠤᠭᠰᠠᠨ ᠪᠠᠢᠬᠤ᠃ ᠬᠡᠷᠪᠡ ᠴᠠᠭ᠎ᠠᠴᠠ ᠬᠡᠲᠦᠷᠡᠪᠡᠯ ᠲᠠᠯᠠᠪᠠᠢ᠎ᠳᠤ ᠭᠠᠷᠬᠤ ᠪᠦᠮᠪᠦᠭᠡᠴᠢᠨ 1 ᠮᠢᠨᠦ᠋ᠲᠭᠦᠯᠢᠶᠡᠵᠤ᠂ ᠳᠠᠷᠠᠭ᠎ᠠ ᠤᠳᠠᠭᠠᠨ᠎ᠤ ᠤᠷᠤᠯᠳᠤᠭᠠᠨ ᠵᠠᠪᠰᠠᠷᠯᠠᠬᠤ ᠦᠶ᠎ᠡ᠎ᠳᠦ ᠰᠠᠶᠢ ᠲᠠᠯᠠᠪᠠᠢ᠎ᠳᠤ ᠭᠠᠷᠴᠤ᠌ ᠪᠣᠯᠤᠨ᠎ᠠ;
ᠲᠠᠯᠠᠪᠠᠢ ᠳᠡᠭᠡᠷᠡᠬᠢ ᠲᠠᠮᠢᠷᠴᠢᠨ / ᠪᠥᠮᠪᠥᠭᠡᠨ ᠠᠩᠭᠢ ᠲᠠᠯᠠᠪᠠᠢ ᠡᠴᠡ ᠭᠠᠷᠤᠬᠰᠠᠨ ᠪᠥᠮᠪᠥᠭᠡ ᠶᠢ ᠰᠢᠳᠡᠬᠦ᠌ ᠶᠢ ᠰᠠᠭᠠᠲᠠᠭᠠᠪᠠᠯ᠂ 5 ᠰᠧᠺᠦ᠋ᠨ᠋ᠳ᠋ ᠲᠣᠭᠠᠯᠠᠨ᠎ᠠ᠃ ᠬᠡᠷᠪᠡ ᠴᠠᠭ᠎ᠠᠴᠠ ᠬᠡᠲᠦᠷᠡᠪᠡᠯ ᠨᠥᠭᠥᠭᠡ ᠲᠠᠯ᠎ᠠ ᠨᠢ ᠪᠥᠮᠪᠥᠭᠡ ᠶᠢ ᠰᠢᠳᠡᠵᠦ᠍ ᠤᠷᠤᠯᠳᠤᠭᠠᠨ᠎ᠢ ᠦᠷᠭᠦᠯᠵᠢᠯᠡᠭᠦᠯᠦᠨ᠎ᠠ;
ᠲᠠᠯᠠᠪᠠᠢ ᠳᠡᠭᠡᠷᠡᠬᠢ ᠲᠠᠮᠢᠷᠴᠢᠨ / ᠪᠥᠮᠪᠥᠭᠡᠨ ᠠᠩᠭᠢ ᠡᠭᠦᠳᠡᠨ ᠪᠥᠮᠪᠥᠭᠡ ᠢᠰᠬᠦᠯᠬᠦ᠌ᠶᠢ ᠰᠠᠭᠠᠲᠠᠭᠠᠪᠠᠯ᠂ 5 ᠰᠧᠺᠦ᠋ᠨ᠋ᠳ᠋ ᠲᠣᠭᠠᠯᠠᠨ᠎ᠠ᠃ ᠬᠡᠷᠪᠡ ᠴᠠᠭ᠎ᠠᠴᠠ ᠬᠡᠲᠦᠷᠡᠪᠡᠯ ᠨᠥᠭᠥᠭᠡ ᠲᠠᠯ᠎ᠠ᠎ᠶᠢᠨ ᠪᠥᠮᠪᠥᠭᠡᠨ ᠠᠩᠭᠢ ᠥᠨᠴᠥᠭ ᠦᠨ ᠪᠥᠮᠪᠥᠭᠡ ᠢᠰᠬᠦᠯᠵᠦ᠍ ᠤᠷᠤᠯᠳᠤᠭᠠᠨ᠎ᠢᠶᠠᠨ ᠰᠡᠷᠭᠦᠭᠡᠨ᠎ᠡ᠃
ᠳᠤᠮᠳᠠᠳᠤ ᠤᠯᠤᠰ᠎ᠤᠨ ᠬᠥᠯ ᠪᠥᠮᠪᠥᠭᠡᠨ ᠦ ᠨᠡᠶ᠋ᠢᠭᠡᠮᠯᠢᠭ ᠡᠴᠡ ᠡᠯ᠎ᠡ ᠱᠠᠲᠤᠨ᠎ᠤ ᠭᠡᠰᠢᠭᠦᠨ ᠨᠡᠶ᠋ᠢᠭᠡᠮᠯᠢᠭ᠎ᠢ ᠦᠪᠡᠷ᠎ᠤᠨ ᠵᠢᠡᠨ ᠬᠠᠷᠢᠶᠠᠨ ᠳᠠᠬᠢ ᠬᠢᠨᠠᠭᠴᠢ᠂ ᠲᠠᠮᠢᠷ᠎ᠤᠨ ᠠᠩᠭᠢ᠎ᠳᠦ ᠰᠢᠨ᠎ᠡ ᠳᠦᠷᠢᠮ᠎ᠢ ᠤᠯᠠᠮᠵᠢᠯᠠᠨ ᠰᠤᠷᠤᠯᠴᠠᠭᠤᠯᠬᠤ ᠬᠡᠷᠡᠭᠲᠡᠶ ᠭᠡᠵᠦ᠍ ᠱᠠᠭᠠᠷᠳᠠᠵᠠᠶ; ᠡᠯ᠎ᠡ ᠱᠠᠲᠤᠨ᠎ᠤ ᠡᠯ᠎ᠡ ᠲᠥᠷᠥᠯ ᠦᠨ ᠤᠷᠤᠯᠳᠤᠭᠠᠨ ᠢ ᠭᠤᠤᠯᠯᠠᠨ ᠡᠷᠭᠢᠯᠡᠭᠰᠡᠨ ᠲᠠᠯ᠎ᠠ᠎ᠡᠴᠡ ᠤᠷᠤᠯᠳᠤᠭᠠᠨ᠎ᠳᠤ ᠣᠷᠣᠯᠴᠠᠬᠰᠠᠳ ᠢ ᠵᠣᠬᠢᠶᠠᠨ ᠪᠠᠶ᠋ᠢᠭᠤᠯᠤᠨ ᠤᠯᠠᠮᠵᠢᠯᠠᠬᠤ ᠪᠠ ᠰᠤᠷᠤᠯᠴᠠᠭᠤᠯᠵᠤ ᠪᠣᠯᠤᠨ᠎ᠠ᠃
ᠢᠷᠡᠯᠲᠡ ᠄ ᠲᠥᠪ ᠲᠧᠯᠸᠢᠰ᠎ᠦᠨ ᠰᠣᠨᠢᠨ ᠮᠡᠳᠡᠭᠡᠨ᠎ᠦ ᠰᠢᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃