2026-07-09 11:29:12
7 ᠰᠠᠷ᠎ᠠ ᠵᠢᠨ 8᠎ᠤ ᠡᠳᠦᠷ ᠠᠮᠧᠷᠢᠺᠠ ᠺᠠᠨᠠᠳᠠ ᠮᠧᠺᠰᠢᠺᠤ ᠵᠢᠨ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠤ 1/8 ᠵᠢᠨ ᠰᠢᠢᠳᠪᠦᠷᠢᠲᠦ ᠤᠷᠤᠯᠳᠤᠭᠠᠨ ᠰᠡᠭᠦᠯ᠎ᠤᠨ ᠬᠤᠶᠠᠷ ᠲᠠᠯᠠᠪᠠᠢ ᠤᠷᠤᠯᠳᠤᠭᠠᠨ ᠵᠢᠡᠨ ᠤᠷᠤᠯᠳᠤᠭᠤᠯᠵᠤ᠂ ᠠᠷᠭᠧᠨ᠋ᠲ᠋ᠢᠨ ᠪᠠ ᠰᠸᠢᠰ ᠲᠤᠰ ᠲᠤᠰ ᠡᠰᠡᠷᠭᠦ ᠡᠲᠡᠭᠡᠳ ᠵᠢᠡᠨ ᠢᠯᠠᠵᠤ 8 ᠬᠦᠴᠦᠷᠬᠡᠭ᠎ᠲᠤ ᠦᠯᠡᠳᠡᠯ᠎ᠡ᠃

ᠠᠷᠭᠧᠨ᠋ᠲ᠋ᠢᠨ ᠪᠠ ᠶᠧᠵᠧᠫᠲᠤᠨ ᠤᠷᠤᠯᠳᠤᠭᠠᠨ᠎ᠳᠤ ᠠᠷᠭᠧᠨ᠋ᠲ᠋ᠢᠨ 2 ᠪᠦᠮᠪᠦᠭᠡ ᠬᠤᠴᠤᠷᠴᠤ ᠪᠠᠢᠭᠰᠠᠨ ᠪᠠᠢᠳᠠᠯ ᠳᠤᠤᠷ᠎ᠠ ᠵᠠᠯᠭᠠᠭ᠎ᠠ ᠪᠡᠷ 3 ᠪᠦᠮᠪᠦᠭᠡ ᠤᠷᠤᠭᠤᠯᠵᠤ᠂ ᠤᠷᠤᠯᠳᠤᠭᠠᠨ᠎ᠤ ᠳ᠋ᠦᠩ᠎ᠢ ᠡᠷᠭᠢᠭᠦᠯᠵᠦ ᠢᠯᠠᠯᠲᠠ ᠪᠠᠢᠭᠤᠯᠤᠭᠰᠠᠨ ᠶᠤᠮ᠃ ᠮᠧᠰᠰᠢ ᠲᠤᠰ ᠲᠠᠯᠠᠪᠠᠢ ᠤᠷᠤᠯᠳᠤᠭᠠᠨ᠎ᠳᠤ 1 ᠪᠦᠮᠪᠦᠭᠡ ᠤᠷᠤᠭᠤᠯᠵᠤ᠂ 1 ᠪᠦᠮᠪᠦᠭᠡ ᠵᠢᠨ ᠲᠤᠰᠠᠯᠠᠬᠤ ᠴᠤᠬᠢᠯᠲᠠ᠎ᠳᠤ ᠤᠷᠤᠯᠴᠠᠭᠰᠠᠨ ᠵᠢᠡᠷ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠳᠤ 9 ᠲᠠᠯᠠᠪᠠᠢ ᠳᠠᠷᠠᠭᠠᠯᠠᠨ ᠪᠦᠮᠪᠦᠭᠡ ᠤᠷᠤᠭᠤᠯᠤᠭᠰᠠᠨ ᠲᠡᠮᠳᠡᠭᠯᠡᠯ᠎ᠢ ᠰᠢᠨᠡᠳᠬᠡᠵᠦ᠂ ᠨᠡᠢᠲᠡ ᠤᠷᠤᠭᠤᠯᠤᠭᠰᠠᠨ ᠪᠦᠮᠪᠦᠭᠡ ᠵᠢᠨ ᠲᠤᠭ᠎ᠠ ᠨᠢ ᠴᠤ᠌ 21 ᠪᠤᠯᠵᠤ᠂ ᠦᠷᠭᠦᠯᠵᠢᠯᠡᠨ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠤ ᠰᠤᠮᠤᠳᠠᠭᠴᠢ ᠵᠢᠨ ᠵᠢᠭᠰᠠᠭᠠᠯᠲᠠ ᠳᠤ ᠲᠦᠷᠦᠭᠦᠯᠡᠵᠦ ᠪᠤᠢ᠃

ᠰᠸᠢᠰ ᠪᠤᠯᠤᠨ ᠺᠤᠯᠤᠮᠪᠢᠶ᠎ᠠ ᠵᠢᠨ ᠤᠷᠤᠯᠳᠤᠭᠠᠨ ᠬᠡᠪ᠎ᠤᠨ ᠤᠷᠤᠯᠳᠤᠭᠠᠨ᠎ᠤ ᠴᠠᠭ ᠲᠠᠭᠠᠨ 0-0 ᠵᠢᠡᠷ ᠬᠠᠢᠨᠴᠠᠵᠤ᠂ ᠨᠡᠮᠡᠯᠲᠡ ᠤᠷᠤᠯᠳᠤᠭᠠᠨ᠎ᠤ ᠴᠠᠭ᠎ᠲᠤ ᠮᠦᠨ ᠠᠯᠢ ᠠᠯᠢ ᠨᠢ ᠴᠤ᠌ ᠪᠦᠮᠪᠦᠭᠡ ᠤᠷᠤᠭᠤᠯᠤᠭᠰᠠᠨ ᠦᠭᠡᠢ ᠪᠤᠯᠬᠤᠷ ᠴᠡᠭ᠎ᠤᠨ ᠪᠦᠮᠪᠦᠭᠡ ᠵᠢᠨ ᠴᠤᠬᠢᠯᠲᠠ ᠪᠡᠷ ᠰᠸᠢᠰ᠎ᠤᠨ ᠠᠩᠭᠢ 3᠄ 2 ᠵᠢᠡᠷ ᠺᠤᠯᠤᠮᠪᠢᠶ᠎ᠠ ᠵᠢᠨ ᠠᠩᠭᠢ ᠵᠢ ᠢᠯᠠᠵᠤ᠂ ᠬᠠᠮᠤᠭ᠎ᠤᠨ ᠰᠡᠭᠦᠯ᠎ᠤᠨ ᠨᠢᠭᠡ 8 ᠬᠦᠴᠦᠷᠬᠡᠭ᠎ᠤᠨ ᠪᠠᠢᠷᠢ ᠵᠢ ᠡᠵᠡᠯᠡᠵᠡᠢ᠃

ᠨᠢᠭᠡ ᠡᠳᠦᠷ᠎ᠤᠨ ᠪᠤᠭᠤᠨᠢᠬᠠᠨ ᠠᠮᠠᠷᠠᠯᠲᠠ ᠦᠩᠭᠡᠷᠡᠭᠡᠵᠦ᠂ 7 ᠰᠠᠷ᠎ᠠ ᠵᠢᠨ 10᠎ᠤ ᠡᠳᠦᠷ ᠡᠴᠡ 1/4 ᠵᠢᠨ ᠰᠢᠢᠳᠪᠦᠷᠢᠲᠦ ᠤᠷᠤᠯᠳᠤᠭᠠᠨ ᠵᠢᠩᠬᠢᠨᠢ ᠪᠡᠷ ᠡᠬᠢᠯᠡᠨ᠎ᠡ᠃ ᠳᠠᠷᠠᠭᠠᠬᠢ ᠵᠢᠷᠤᠭ ᠡᠴᠡ 1/4 ᠵᠢᠨ ᠰᠢᠢᠳᠪᠦᠷᠢᠲᠦ ᠤᠷᠤᠯᠳᠤᠭᠠᠨ᠎ᠤ ᠤᠷᠤᠯᠳᠤᠬᠤ ᠴᠠᠭ ᠪᠤᠯᠤᠨ ᠤᠷᠤᠯᠳᠤᠬᠤ ᠡᠲᠡᠭᠡᠳ᠎ᠢ ᠦᠵᠡᠭᠡᠷᠡᠢ︕


ᠢᠷᠡᠯᠲᠡ᠄ ᠠᠷᠠᠳ᠎ᠤᠨ ᠡᠳᠦᠷ᠎ᠤᠨ ᠰᠤᠨᠢᠨ᠂ ᠰᠢᠨᠬᠤᠸᠠ ᠬᠤᠷᠢᠶ᠎ᠠ᠂ ᠲᠦᠪ ᠲᠧᠯᠸᠢᠰ᠎ᠤᠨ ᠰᠤᠨᠢᠨ ᠮᠡᠳᠡᠭᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃