ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-07-20 16:05:26

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

6 ᠰᠠᠷ᠎ᠠ ᠵᠢᠨ 18᠎ᠤ ᠡᠳᠦᠷ᠂ ᠠᠮᠧᠷᠢᠺᠠ ᠺᠠᠨᠠᠳᠠ ᠮᠧᠺᠰᠢᠺᠤ ᠵᠢᠨ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠤ ᠬᠦᠷᠡᠯ ᠮᠧᠲᠠᠯ᠎ᠤᠨ ᠲᠦᠯᠦᠭᠡᠬᠢ ᠤᠷᠤᠯᠳᠤᠭᠠᠨ᠎ᠳᠤ ᠢᠩᠭᠯᠠᠨᠳ᠋᠎ᠤᠨ ᠠᠩᠭᠢ 6᠄ 4 ᠪᠡᠷ ᠹᠷᠠᠨᠼᠢ ᠵᠢᠨ ᠠᠩᠭᠢ ᠵᠢ ᠢᠯᠠᠵᠤ ᠭᠤᠳᠠᠭᠠᠷᠯᠠᠯ᠎ᠠ᠃ ᠡᠨᠡ ᠨᠢ ᠢᠩᠭᠯᠠᠨᠳ᠋᠎ᠤᠨ ᠠᠩᠭᠢ ᠵᠢᠨ 1966 ᠤᠨ᠎ᠳᠤ ᠲᠦᠷᠦᠭᠦᠯᠡᠭᠰᠡᠨ ᠡᠴᠡ ᠨᠠᠭᠠᠰᠢᠬᠢ ᠬᠠᠮᠤᠭ᠎ᠤᠨ ᠰᠠᠢᠨ ᠬᠢᠷᠢ ᠪᠦᠲᠦᠮᠵᠢ ᠪᠤᠯᠤᠨ᠎ᠠ᠃


1.jpg


ᠤᠷᠤᠯᠳᠤᠭᠠᠨ ᠡᠬᠢᠯᠡᠭᠡᠳ ᠳᠦᠩᠭᠡᠵᠦ 3 ᠮᠢᠨᠦ᠋ᠲ ᠦᠩᠭᠡᠷᠡᠵᠦ ᠪᠠᠢᠬᠤ᠎ᠳᠤ ᠢᠩᠭᠯᠠᠨᠳ᠋᠎ᠤᠨ ᠠᠩᠭᠢ ᠵᠢᠨ ᠲᠠᠮᠢᠷᠴᠢᠨ ᠷᠠᠢᠼ ᠬᠤᠯᠠ ᠵᠠᠢ ᠵᠢᠨ ᠴᠤᠬᠢᠯᠲᠠ ᠪᠡᠷ ᠪᠦᠮᠪᠦᠭᠡ ᠤᠷᠤᠭᠤᠯᠵᠤ ᠡᠬᠢᠯᠡᠭᠰᠡᠨ ᠡᠴᠡ ᠢᠩᠭᠯᠠᠨᠳ᠋᠎ᠤᠨ ᠠᠩᠭᠢ ᠵᠢᠨ ᠳᠤᠪᠲᠤᠯᠤᠯᠲᠠ ᠦᠷᠭᠦᠯᠵᠢᠯᠡᠨ ᠰᠢᠷᠦᠭᠦᠰᠴᠤ᠂ ᠬᠠᠭᠠᠰ ᠲᠠᠯᠠᠪᠠᠢ ᠦᠨᠳᠦᠷᠯᠡᠬᠦ᠎ᠳᠤ 4᠄ 0 ᠵᠢᠡᠷ ᠤᠷᠢᠲᠠᠵᠠᠢ᠃


2.jpg


ᠰᠡᠭᠦᠯ᠎ᠤᠨ ᠬᠠᠭᠠᠰ ᠲᠠᠯᠠᠪᠠᠢ ᠤᠷᠤᠯᠳᠤᠭᠠᠨ ᠡᠬᠢᠯᠡᠭᠰᠡᠨ᠎ᠤ ᠳᠠᠷᠠᠭ᠎ᠠ ᠹᠷᠠᠨᠼᠢ ᠵᠢᠨ ᠠᠩᠭᠢ ᠵᠢᠨ ᠳᠠᠰᠬᠠᠯᠵᠢᠭᠤᠯᠤᠭᠴᠢ ᠳᠦᠷᠪᠡᠨ ᠬᠦᠮᠦᠨ ᠰᠤᠯᠢᠵᠤ ᠲᠠᠯᠠᠪᠠᠢ ᠵᠢᠨ ᠰᠠᠨᠠᠭᠠᠴᠢᠯᠠᠭᠠᠲᠤ ᠡᠷᠬᠡ ᠵᠢ ᠬᠤᠪᠢᠷᠠᠭᠤᠯᠬᠤ ᠪᠡᠷ ᠴᠢᠷᠮᠠᠢᠭᠰᠠᠨ᠎ᠤ ᠡᠴᠦᠰ᠎ᠲᠤ ᠹᠷᠠᠨᠼᠢ ᠵᠢᠨ ᠠᠩᠭᠢ ᠵᠢᠨ ᠬᠢᠨ ᠵᠠᠯᠭᠠᠭ᠎ᠠ ᠪᠡᠷ 3 ᠪᠦᠮᠪᠦᠭᠡ ᠤᠷᠤᠭᠤᠯᠵᠤ᠂ 3᠄ 4 ᠪᠤᠯᠲᠠᠯ᠎ᠠ ᠨᠡᠬᠡᠭᠰᠡᠨ ᠪᠠᠢᠨ᠎ᠠ᠃ ᠭᠡᠪᠡᠴᠦ ᠢᠩᠭᠯᠠᠨᠳ᠋᠎ᠤᠨ ᠠᠩᠭᠢ ᠵᠢᠨ ᠳᠤᠪᠲᠤᠯᠤᠯᠲᠠ᠎ᠴᠤ ᠰᠤᠯᠠᠷᠠᠯ ᠦᠭᠡᠢ ᠳᠠᠬᠢᠨ 2 ᠪᠦᠮᠪᠦᠭᠡ ᠤᠷᠤᠭᠤᠯᠵᠤ᠂ ᠢᠩᠭᠯᠠᠨᠳ᠋᠎ᠤᠨ ᠠᠩᠭᠢ ᠵᠢᠨ ᠬᠢᠨ᠎ᠴᠤ 1 ᠪᠦᠮᠪᠦᠭᠡ ᠨᠡᠮᠡᠭᠰᠡᠨ ᠵᠢᠡᠷ ᠬᠠᠮᠤᠭ᠎ᠤᠨ ᠡᠴᠦᠰ᠎ᠲᠤ 6᠄ 4 ᠪᠡᠷ ᠤᠷᠤᠯᠳᠤᠭᠠᠨ ᠦᠨᠳᠦᠷᠯᠡᠵᠡᠢ᠃


3.jpg


ᠹᠷᠠᠨᠼᠢ ᠵᠢᠨ ᠠᠩᠭᠢ ᠵᠢᠨ ᠮᠤᠪᠠᠫᠫᠧᠢ ᠲᠤᠰ ᠲᠠᠯᠠᠪᠠᠢ᠎ᠳᠤ 2 ᠪᠦᠮᠪᠦᠭᠡ ᠤᠷᠤᠭᠤᠯᠵᠤ᠂ ᠲᠤᠰ ᠤᠳᠠᠭᠠᠨ᠎ᠤ ᠠᠮᠧᠷᠢᠺᠠ ᠺᠠᠨᠠᠳᠠ ᠮᠧᠺᠰᠢᠺᠤ ᠵᠢᠨ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠳᠤ ᠨᠡᠢᠲᠡ 10 ᠪᠦᠮᠪᠦᠭᠡ ᠤᠷᠤᠭᠤᠯᠤᠭᠰᠠᠨ ᠵᠢᠡᠷ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠤ ᠲᠡᠤᠬᠡᠨ ᠳ᠋ᠡᠬᠢ ᠪᠦᠮᠪᠦᠭᠡ ᠤᠷᠤᠭᠤᠯᠤᠭᠰᠠᠨ ᠨᠡᠢᠲᠡ ᠲᠤᠭ᠎ᠠ ᠨᠢ 22 ᠪᠤᠯᠵᠤ᠂ ᠮᠦᠨ᠎ᠴᠤ ᠲᠤᠰ ᠤᠳᠠᠭᠠᠨ᠎ᠤ ᠳᠡᠯᠡᠬᠡᠢ ᠵᠢᠨ ᠬᠤᠨᠳᠠᠭᠠᠲᠤ ᠬᠦᠯ ᠪᠦᠮᠪᠦᠭᠡ ᠵᠢᠨ ᠤᠷᠤᠯᠳᠤᠭᠠᠨ᠎ᠳᠤ ᠤᠷᠤᠭᠤᠯᠤᠭᠰᠠᠨ ᠪᠦᠮᠪᠦᠭᠡ ᠵᠢᠨ ᠲᠤᠭ᠎ᠠ ᠪᠡᠷ ᠮᠧᠰᠰᠢ ᠵᠢᠨ 8 ᠪᠦᠮᠪᠦᠭᠡ ᠵᠢ ᠳᠠᠪᠠᠵᠤ᠂ ᠲᠤᠰ ᠬᠤᠶᠠᠷ ᠵᠢᠭᠰᠠᠭᠠᠯᠲᠠ᠎ᠳᠤ ᠲᠦᠷᠦᠭᠦᠯᠡᠵᠦ ᠪᠠᠢᠨ᠎ᠠ᠃

ᠢᠷᠡᠯᠲᠡ᠄ ᠰᠢᠨᠬᠤᠸᠠ ᠬᠤᠷᠢᠶ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面