ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-11-17 12:15:12

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠳᠤᠯᠠᠭᠠᠨ ᠰᠣᠨᠢᠨ ᠮᠡᠳᠡᠭᠡ》ᠵᠢᠨ 11 ᠰᠠᠷ᠎ᠠ᠎ᠶᠢᠨ 15 ᠎ᠤ ᠡᠳᠦᠷ᠎ᠦᠨ ᠮᠡᠳᠡᠭᠡᠯᠡᠯ᠎ᠢ ᠦᠨᠳᠦᠰᠦᠯᠡᠪᠡᠯ᠂ ᠲᠤᠬᠠᠢ᠎ᠶᠢᠨ ᠭᠠᠵᠠᠷ᠎ᠤᠨ ᠴᠠᠭ᠎ᠢᠶᠠᠷ 11 ᠰᠠᠷ᠎ᠠ᠎ᠶᠢᠨ 10᠎ᠤ ᠡᠳᠦᠷ ᠠᠷᠪᠠᠨ ᠨᠢᠭᠡᠳᠦᠭᠡᠷ ᠬᠤᠭᠤᠴᠠᠭᠠᠨ᠎ᠤ Loro Piana ᠴᠢᠨᠠᠷ ᠰᠠᠢᠲᠠᠢ ᠢᠮᠠᠭᠠᠨ ᠨᠣᠤᠯᠤᠭᠤᠷ᠎ᠤᠨ ᠱᠠᠩᠨᠠᠯ᠎ᠤᠨ ᠱᠠᠩᠨᠠᠯ ᠣᠯᠭᠣᠬᠤ ᠶᠣᠰᠣᠯᠠᠯ ᠠᠮᠧᠷᠢᠺᠠ᠎ᠶᠢᠨ ᠨᠢᠦ᠋ ᠶᠣᠷᠺ ᠬᠣᠲᠠ᠎ᠶᠢᠨ ᠮᠠᠨᠾᠲ᠋ᠠᠨ᠎ᠤ ᠪᠷᠠᠨᠲ ᠰᠠᠭᠤᠷᠢ ᠮᠥᠩᠭᠥᠨ᠎ᠦ ᠨᠡᠢᠭᠡᠮᠯᠢᠭ᠎ᠲᠦ ᠶᠠᠪᠤᠭᠳᠠᠵᠠᠢ᠃ ᠥᠪᠥᠷ ᠮᠣᠩᠭᠣᠯ᠎ᠤᠨ ᠣᠲᠣᠭ ᠬᠣᠰᠢᠭᠤᠨ᠎ᠠᠴᠠ ᠢᠷᠡᠭᠰᠡᠨ ᠭᠤᠷᠪᠠᠨ ᠮᠠᠯᠴᠢᠨ ᠬᠤᠤᠰ ᠲᠣᠮᠣ᠌ ᠱᠠᠩᠨᠠᠯ᠎ᠢ ᠬᠦᠷᠲᠡᠪᠡ᠂ ᠡᠭᠦᠨ᠎ᠳᠦ ᠰᠡᠴᠡᠨᠪᠢᠯᠢᠭ᠂ ᠬᠠᠰᠴᠡᠴᠡᠭ ᠨᠦᠬᠦᠷ ᠭᠡᠷᠭᠡᠢ ᠬᠣᠶᠠᠭᠤᠯᠠ 12.89 ᠮᠢᠺᠷᠦᠮᠧᠲᠷ᠎ᠤᠨ ᠰᠢᠷᠬᠡᠭᠯᠢᠭ᠎ᠦᠨ ᠳ᠋ᠢᠶᠠᠮᠧᠲᠷ ᠎ᠢᠶᠡᠷ ᠨᠢᠭᠡᠳᠦᠭᠡᠷ ᠳᠡᠰ᠎ᠤᠨ ᠱᠠᠩᠨᠠᠯ᠎ᠢ ᠭᠥᠷᠳᠡᠪᠡ᠃

ᠲᠣᠰ ᠬᠤᠭᠤᠴᠠᠭᠠᠨ᠎ᠤ ᠱᠠᠩᠨᠠᠯ᠎ᠳᠤ᠂ ᠰᠡᠴᠡᠨᠪᠢᠯᠢᠭ᠂ ᠬᠠᠰᠴᠡᠴᠡᠭ᠎ᠦᠨ ᠱᠠᠩᠨᠠᠯ᠎ᠳᠤ ᠤᠷᠤᠯᠴᠠᠭᠤᠯᠤᠭᠰᠠᠨ ᠢᠮᠠᠭᠠᠨ ᠨᠤᠤᠯᠤᠭᠤᠷ᠎ᠤᠨ ᠬᠦᠨᠳᠦ ᠨᠢ 135.8 ᠺᠢᠯᠣᠭ᠌ᠷᠠᠮ᠂ ᠰᠢᠷᠬᠡᠭᠯᠢᠭ᠎ᠦᠨ ᠳ᠋ᠢᠶᠠᠮᠧᠲᠷ ᠨᠢ ᠵᠥᠪᠬᠡᠨ 12.89 ᠮᠢᠺᠷᠦᠮᠧᠲᠷ︔ ᠵᠠᠶᠠᠭᠠᠲᠤ᠂ ᠭᠡᠭᠡᠨᠲᠤᠶᠠᠭ᠎ᠠ ᠨᠦᠬᠦᠷ ᠭᠡᠷᠭᠡᠢ ᠬᠤᠶᠠᠭᠤᠯᠠ ᠵᠢᠨ ᠱᠠᠩᠨᠠᠯ᠎ᠳᠤ ᠤᠷᠤᠯᠴᠠᠭᠤᠯᠤᠭᠰᠠᠨ ᠢᠮᠠᠭᠠᠨ ᠨᠤᠤᠯᠤᠭᠤᠷ 13.01 ᠮᠢᠺᠷᠦᠮᠧᠲᠷ ᠵᠢᠡᠷ ᠬᠣᠶᠠᠳᠤᠭᠠᠷ ᠳᠡᠰ᠎ᠤᠨ ᠱᠠᠩᠨᠠᠯ ᠬᠦᠷᠳᠡᠪᠡ︔ ᠯᠢ ᠹᠦ ᠴᠢᠶᠠᠩ᠂ ᠴᠢ ᠴᠢ ᠬᠤᠶᠠᠭᠤᠯᠠ ᠵᠢᠨ ᠱᠠᠩᠨᠠᠯ᠎ᠳᠤ ᠤᠷᠤᠯᠴᠠᠭᠤᠯᠤᠭᠰᠠᠨ ᠢᠮᠠᠭᠠᠨ ᠨᠤᠤᠯᠤᠭᠤᠷ 13.04 ᠮᠢᠺᠷᠦᠮᠧᠲᠷ ᠵᠢᠡᠷ ᠭᠤᠷᠪᠠᠳᠤᠭᠠᠷ ᠳᠡᠰ᠎ᠤᠨ ᠱᠠᠩᠨᠠᠯ ᠬᠦᠷᠳᠡᠪᠡ᠃

Loro Piana ᠪᠣᠯ LVMH ᠪᠦᠯᠦᠭᠯᠡᠯ᠎ᠦᠨ ᠬᠠᠷᠢᠶᠠᠨ ᠳᠤᠤᠷᠠᠬᠢ ᠢᠲ᠋ᠠᠯᠢ᠎ᠶᠢᠨ ᠬᠡᠭᠡᠨᠴᠢᠷᠯᠡᠯ᠎ᠦᠨ ᠬᠠᠭᠤᠴᠢᠨ ᠨᠠᠷᠠᠲᠤ ᠲᠡᠮᠳᠡᠭᠲᠦ ᠶᠤᠮ᠂ ᠲᠡᠷᠢᠭᠦᠨ᠎ᠤ ᠢᠮᠠᠭᠠᠨ ᠨᠤᠤᠯᠤᠭᠤᠷ᠎ᠤᠨ ᠪᠦᠲᠦᠭᠡᠭᠳᠡᠬᠦᠨ᠎ᠢᠶᠡᠷ ᠳᠡᠯᠡᠬᠡᠢ᠎ᠳᠦ ᠠᠯᠳᠠᠷᠰᠢᠵᠠᠢ᠃ 2015 ᠣᠨ᠎ᠳᠤ ᠪᠠᠢᠭᠤᠯᠤᠭᠰᠠᠨ ᠴᠢᠨᠠᠷ ᠰᠠᠢᠲᠠᠢ ᠨᠤᠤᠯᠤᠭᠤᠷ᠎ᠤᠨ ᠶᠡᠬᠡ ᠱᠠᠩᠨᠠᠯ ᠪᠣᠯ ᠪᠦᠬᠦ ᠪᠥᠮᠪᠥᠷᠴᠡᠭ᠎ᠦᠨ ᠨᠤᠤᠯᠤᠭᠤᠷ᠎ᠤᠨ ᠲᠦᠭᠦᠬᠡᠢ ᠮᠠᠲᠧᠷᠢᠶᠠᠯ᠎ᠤᠨ ᠬᠦᠷᠢᠶᠡᠨ᠎ᠳᠦ ᠨᠡᠶ᠋ᠢᠲᠡ᠎ᠳᠤ ᠮᠡᠳᠡᠷᠡᠭᠳᠡᠭᠰᠡᠨ ᠡᠷᠬᠡ ᠰᠦᠷᠲᠦ ᠱᠠᠩᠨᠠᠯ᠎ᠤᠨ ᠲᠦᠷᠦᠯ ᠪᠣᠯᠣᠨ᠎ᠠ᠂ ᠵᠢᠯ ᠪᠦᠷᠢ ᠳᠡᠯᠡᠬᠡᠢ᠎ᠶᠢᠨ ᠭᠣᠣᠯ ᠪᠣᠯᠬᠤ ᠨᠤᠤᠯᠤᠭᠤᠷ᠎ᠤᠨ ᠭᠠᠷᠤᠯᠲᠠ᠎ᠶᠢᠨ ᠣᠷᠣᠨ᠎ᠠᠴᠠ ᠬᠠᠮᠤᠭ᠎ᠤᠨ ᠰᠢᠯᠢᠳᠡᠭ ᠤᠭ ᠨᠤᠤᠯᠤᠭᠤᠷ᠎ᠢ ᠰᠢᠯᠢᠨ ᠰᠣᠩᠭᠣᠵᠤ᠂ ᠲᠤᠰᠬᠠᠢ ᠠᠵᠢᠯ᠎ᠤᠨ ᠪᠠᠢᠭᠤᠯᠤᠮᠵᠢ᠎ᠠᠴᠠ ᠨᠠᠷᠢᠴᠠ ᠵᠢᠨ ᠬᠡᠮᠵᠢᠶ᠎ᠡ᠂ ᠤᠷᠲᠤ᠎ᠶᠢᠨ ᠬᠡᠮᠵᠢᠶ᠎ᠡ᠂ ᠴᠢᠳᠠᠪᠬᠢ ᠵᠡᠷᠭᠡ ᠭᠤᠷᠪᠠᠨ ᠵᠦᠢᠯ᠎ᠦᠨ ᠵᠢᠭᠠᠯᠲᠠ ᠲᠣᠭ᠎ᠠ᠎ᠪᠠᠷ ᠴᠢᠩᠭ᠎ᠠ ᠬᠡᠮᠵᠢᠨ ᠲᠣᠭᠲᠠᠭᠠᠵᠤ᠂ ᠨᠠᠷᠢᠴᠠ ᠵᠢᠨ ᠵᠦᠷᠢᠶ᠎ᠡ ᠨᠢ ᠶᠡᠷᠦ ᠡᠴᠡ ᠳᠠᠩ ᠴᠡᠭ ᠢᠯᠡᠭᠦᠦ ᠮᠢᠺᠷᠤᠮᠧᠲᠷ ᠵᠢᠡᠷ ᠬᠡᠮᠵᠢᠶᠡᠯᠡᠭᠳᠡᠳᠡᠭ᠃

ᠣᠲᠣᠭ ᠬᠣᠰᠢᠭᠤ ᠪᠣᠯ ᠪᠥᠬᠥ ᠤᠯᠤᠰ᠎ᠤᠨ ᠠᠷᠪᠠᠰ᠎ᠤᠨ ᠴᠠᠭᠠᠨ ᠨᠤᠤᠯᠤᠭᠤᠷ᠎ᠤᠨ ᠢᠮᠠᠭᠠᠨ᠎ᠤ ᠭᠣᠣᠯ ᠭᠠᠷᠤᠯᠲᠠ᠎ᠶᠢᠨ ᠣᠷᠣᠨ ᠮᠥᠨ᠂ ᠨᠤᠤᠯᠤᠭᠤᠷ᠎ᠤᠨ ᠢᠮᠠᠭ᠎ᠠ ᠨᠢ ᠪᠠᠢᠩᠭᠤ 165 ᠲᠦᠮᠡᠨ ᠲᠣᠯᠣᠭᠠᠢ ᠤᠷᠴᠢᠮ᠎ᠳᠤ ᠲᠣᠭᠲᠠᠪᠤᠷᠢᠵᠢᠵᠤ᠂ ᠵᠢᠯ᠎ᠤᠨ ᠴᠢᠨᠠᠷ ᠰᠠᠢᠲᠠᠢ ᠨᠤᠤᠯᠤᠭᠤᠷ᠎ᠤᠨ ᠭᠠᠷᠤᠯᠲᠠ 1200 ᠲᠣᠨ ᠬᠦᠷᠳᠡᠭ᠃ ᠠᠷᠪᠠᠰ᠎ᠤᠨ ᠢᠮᠠᠭᠠᠨ ᠨᠤᠤᠯᠤᠭᠤᠷ ᠨᠢ《ᠵᠥᠭᠡᠯᠡᠨ ᠠᠯᠲᠠ》᠂ 《ᠰᠢᠷᠬᠡᠭᠯᠢᠭ ᠡᠷᠳᠡᠨᠢ᠎ᠶᠢᠨ ᠴᠢᠯᠠᠭᠤ》 ᠬᠡᠮᠡᠭᠳᠡᠵᠦ ᠂ ᠾᠧᠷᠮᠡᠰ᠂ ᠯᠦᠶᠢᠰ ᠸᠧᠢᠲ᠋ᠤᠨ ᠵᠡᠷᠭᠡ ᠣᠯᠠᠨ ᠤᠯᠤᠰ᠎ᠤᠨ ᠨᠢᠭᠡᠳᠦᠭᠡᠷ ᠹᠷᠣᠨᠲ᠎ᠤᠨ ᠨᠠᠷᠠᠲᠤ ᠲᠥᠷᠥᠯ ᠲᠡᠮᠳᠡᠭᠲᠦ᠎ᠶᠢᠨ ᠲᠡᠷᠢᠭᠦᠨ ᠲᠠᠰ᠎ᠤᠨ ᠲᠦᠭᠦᠬᠡᠢ ᠮᠠᠲᠧᠷᠢᠶᠠᠯ ᠪᠣᠯᠣᠨ᠎ᠠ᠂ 2024 ᠣᠨ᠎ᠳᠤ᠂《ᠠᠷᠪᠠᠰ᠎ᠤᠨ ᠢᠮᠠᠭᠠᠨ ᠨᠤᠤᠯᠤᠭᠤᠷ》 ᠭᠠᠵᠠᠷ ᠵᠦᠢ᠎ᠶᠢᠨ ᠢᠯᠡᠷᠬᠡᠢᠯᠡᠯᠲᠦ ᠲᠠᠸᠠᠷ᠎ᠤᠨ ᠲᠡᠮᠳᠡᠭ᠎ᠢ ᠠᠮᠵᠢᠯᠲᠠ᠎ᠲᠠᠢ᠎ᠪᠠᠷ ᠳᠠᠩᠰᠠᠯᠠᠭᠤᠯᠪᠠ᠃

ᠠᠯᠢ ᠡᠷᠲᠡ 1985 ᠣᠨ᠎ᠠᠴᠠ 1987 ᠣᠨ ᠪᠣᠯᠲᠠᠯ᠎ᠠ᠂ ᠠᠷᠪᠠᠰ᠎ᠤᠨ ᠢᠮᠠᠭᠠᠨ ᠨᠤᠤᠯᠤᠭᠤᠷ ᠭᠤᠷᠪᠠᠨ ᠵᠢᠯ ᠳᠠᠷᠠᠭᠠᠯᠠᠨ 《ᠢᠲ᠋ᠠᠯᠢ᠎ᠶᠢᠨ ᠺᠠᠱᠭᠤᠷᠠ ᠣᠯᠠᠨ ᠤᠯᠤᠰ᠎ᠤᠨ ᠢᠮᠠᠭᠠᠨ ᠨᠤᠤᠯᠤᠭᠤᠷ》᠎ᠤᠨ ᠠᠯᠲᠠᠨ ᠱᠠᠩᠨᠠᠯ᠎ᠢ ᠭᠥᠷᠳᠡᠪᠡ᠃ ᠣᠳᠣ ᠪᠤᠯᠬᠤ᠎ᠳᠤ᠂ ᠭᠤᠷᠪᠠᠨ ᠬᠣᠣᠰ ᠮᠠᠯᠴᠢᠳ᠎ᠤᠨ ᠢᠮᠠᠭᠠᠨ ᠨᠤᠤᠯᠤᠭᠤᠷ ᠨᠢ ᠪᠦᠬᠦᠨ᠎ᠢᠶᠡᠷ᠎ᠢᠶᠡᠨ 13 ᠮᠢᠺᠷᠦᠮᠧᠲᠷ᠎ᠤᠨ ᠳᠡᠰ᠎ᠲᠤ ᠣᠷᠣᠪᠠ᠃ ᠳᠥᠴᠢ ᠭᠠᠷᠤᠢ ᠵᠢᠯ᠎ᠢ ᠦᠩᠭᠡᠷᠡᠭᠡᠭᠡᠳ᠂ ᠠᠷᠪᠠᠰ᠎ᠤᠨ ᠢᠮᠠᠭᠠᠨ ᠨᠤᠤᠯᠤᠭᠤᠷ ᠦᠷᠭᠦᠯᠵᠢᠯᠡᠨ ᠳᠡᠯᠡᠬᠡᠢ᠎ᠶᠢᠨ ᠲᠠᠭᠠᠰᠢᠶᠠᠯ᠎ᠢ ᠣᠯᠤᠭᠰᠠᠭᠠᠷ ᠪᠥᠭᠡᠳ ᠣᠷᠳᠣᠰ᠎ᠤᠨ ᠢᠮᠠᠭᠠᠨ ᠨᠤᠤᠯᠤᠭᠤᠷ᠎ᠤᠨ ᠠᠵᠤ ᠦᠢᠯᠡᠰ᠎ᠦᠨ ᠴᠢᠨᠠᠷ ᠰᠠᠢᠲᠠᠢ ᠳᠡᠰ ᠳᠡᠪᠰᠢᠯᠲᠡ᠎ᠶᠢᠨ ᠠᠮᠢᠳᠤᠯᠢᠭ᠋ ᠭᠡᠷᠡᠴᠢ ᠪᠣᠯᠵᠠᠢ᠃

ᠢᠷᠡᠯᠲᠡ᠄ ᠳᠤᠯᠠᠭᠠᠨ ᠰᠤᠨᠢᠨ ᠮᠡᠳᠡᠭᠡ ᠵᠢᠷᠭᠢᠶ᠎ᠡ ᠵᠢᠨ ᠲᠠᠪᠴᠠᠩ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面