ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-11-17 12:14:43

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

11 ᠰᠠᠷ᠎ᠠ᠎ᠶᠢᠨ 14᠎ᠦ ᠡᠳᠦᠷ᠂ ᠵᠢᠶᠠᠩᠰᠤ᠎ᠶᠢᠨ ᠴᠠᠩᠵᠸᠦ᠎ᠳᠤ ᠰᠤᠳᠤᠯᠤᠨ ᠦᠢᠯᠡᠳᠦᠭᠰᠡᠨ ᠲᠣᠮᠣ᠌ ᠬᠡᠯᠪᠡᠷᠢ᠎ᠶᠢᠨ ᠪᠠᠷᠠᠭ᠎ᠠ ᠵᠥᠭᠡᠭᠡᠪᠦᠷᠢᠯᠡᠬᠦ ᠵᠢᠯᠤᠭᠤᠴᠢ ᠦᠭᠡᠢ ᠨᠢᠰᠬᠡᠯ W5000᠎ᠵᠢ ᠥᠪᠥᠷ ᠮᠣᠩᠭᠣᠯ᠎ᠤᠨ ᠣᠷᠳᠣᠰ᠎ᠲᠤ ᠠᠮᠵᠢᠯᠲᠠ ᠲᠠᠢ ᠪᠡᠷ ᠲᠤᠷᠰᠢᠨ ᠨᠢᠰᠭᠡᠵᠡᠢ᠃ ᠲᠤᠰ ᠨᠢᠰᠬᠡᠯ᠎ᠦᠨ ᠬᠠᠮᠤᠭ᠎ᠤᠨ ᠶᠡᠬᠡ ᠠᠴᠢᠶᠠᠯᠠᠬᠤ ᠬᠡᠮᠵᠢᠶ᠎ᠡ ᠨᠢ 5 ᠲᠣᠨ᠂ ᠬᠠᠮᠤᠭ᠎ᠤᠨ ᠬᠤᠯᠠ᠎ᠳᠠᠭᠠᠨ 2600 ᠺᠢᠯᠤᠮᠧᠲᠷ ᠨᠢᠰᠦᠨ᠎ᠡ᠂ ᠨᠢᠰᠭᠡᠯ᠎ᠤᠨ ᠪᠦᠬᠦᠢᠯᠡ 22 ᠲᠦᠮᠡᠨ ᠰᠡᠯᠪᠢᠭ ᠲᠤᠨᠤᠭ᠎ᠢ ᠪᠦᠬᠦᠨ᠎ᠢ ᠤᠯᠤᠰ᠎ᠤᠨ ᠳᠤᠲᠤᠭᠠᠲᠤ᠎ᠳᠤ ᠦᠢᠯᠡᠳᠪᠦᠷᠢᠯᠡᠵᠡᠢ᠃

ᠥᠷᠯᠥᠭᠡ᠎ᠶᠢᠨ 8 ᠴᠠᠭ ᠭᠠᠷᠤᠢ᠎ᠳᠤ᠂ W5000 ᠭᠦᠶᠦᠯᠲᠡ᠎ᠶᠢᠨ ᠵᠠᠮ᠎ᠢᠶᠠᠷ 600 ᠰᠢᠬᠠᠮ ᠮᠧᠲᠷ ᠭᠤᠯᠭᠤᠭᠰᠠᠨ᠎ᠤ ᠳᠠᠷᠠᠭ᠎ᠠ ᠠᠭᠠᠵᠢᠮ ᠵᠢᠡᠷ ᠬᠦᠭᠡᠷᠴᠦ᠂ 2000 ᠮᠧᠲᠷ᠎ᠤᠨ ᠥᠨᠳᠥᠷ᠎ᠲᠦ ᠭᠠᠷᠪᠠ᠃ ᠪᠠᠷᠤᠭ 30 ᠮᠢᠨᠦ᠋ᠲ᠎ᠦᠨ ᠬᠤᠭᠤᠴᠠᠭᠠᠨ᠎ᠳᠤ᠂ ᠨᠢᠰᠬᠡᠯ ᠤᠷᠢᠳ ᠬᠣᠵᠢᠳ ᠪᠡᠶ᠎ᠡ᠎ᠪᠡᠨ ᠳᠠᠭᠠᠭᠠᠵᠤ ᠨᠢᠰᠬᠦ᠂ ᠲᠣᠭ᠎ᠠ ᠪᠠᠷᠢᠮᠲᠠ᠎ᠶᠢᠨ ᠬᠤᠯᠪᠤᠯᠳᠤᠨ ᠨᠡᠪᠲᠡᠷᠡᠯᠴᠡᠬᠦ ᠵᠡᠷᠭᠡ ᠵᠠᠩᠭᠢᠯᠠᠭ᠎ᠠ᠎ᠶᠢᠨ ᠲᠤᠷᠰᠢᠯᠲᠠ ᠵᠢ ᠪᠡᠶᠡᠯᠡᠭᠦᠯᠵᠦ᠂ ᠬᠥᠳᠡᠯᠭᠡᠬᠦ ᠬᠦᠴᠦᠨ᠂ ᠨᠢᠰᠦᠯᠲᠡ᠎ᠶᠢ ᠡᠵᠡᠮᠳᠡᠬᠦ ᠬᠢᠭᠡᠳ ᠭᠠᠵᠠᠷ᠎ᠤᠨ ᠭᠠᠳᠠᠷᠭᠤ᠎ᠶᠢᠨ ᠬᠡᠮᠵᠢᠨ ᠡᠵᠡᠮᠳᠡᠬᠦ ᠰᠢᠰᠲᠧᠮ᠎ᠦᠨ ᠬᠠᠮᠵᠢᠯᠴᠠᠬᠤ ᠴᠢᠳᠠᠪᠤᠷᠢ᠎ᠶᠢ ᠰᠢᠯᠭᠠᠨ ᠪᠠᠲᠤᠯᠠᠵᠤ᠂ ᠡᠴᠦᠰ᠎ᠲᠡᠬᠡᠨ ᠲᠣᠭᠲᠠᠭᠤᠨ ᠵᠢᠡᠷ ᠭᠠᠵᠠᠷᠳᠠᠵᠠᠢ᠃

《ᠨᠢᠰᠬᠡᠯ ᠨᠢ ᠤᠯᠤᠰ᠎ᠤᠨ ᠳᠤᠳᠤᠭᠠᠳᠤ᠎ᠳᠤ ᠦᠢᠯᠡᠳᠪᠦᠷᠢᠯᠡᠭᠰᠡᠨ ᠤᠢᠯ ᠰᠡᠯᠢᠭᠦᠷ ᠎ᠦᠨ ᠬᠥᠳᠡᠯᠭᠡᠭᠦᠷ ᠪᠣᠯᠣᠨ ᠤᠯᠤᠰ ᠎ᠤᠨ ᠳᠤᠲᠤᠭᠠᠳᠤ ᠎ᠳᠤ ᠦᠢᠯᠡᠳᠪᠦᠷᠢᠯᠡᠭᠰᠡᠨ ᠨᠡᠭᠦᠷᠡᠰᠦᠲᠥ᠋ᠷᠥᠭᠴᠢ ᠰᠢᠷᠬᠡᠭᠯᠢᠭ ᠎ᠦᠨ ᠨᠡᠢᠯᠡᠮᠡᠯ ᠮᠠᠲᠧᠷᠢᠶᠠᠯ ᠎ᠤᠨ ᠪᠦᠲᠦᠴᠡ᠎ᠶᠢ ᠬᠡᠷᠡᠭᠯᠡᠵᠦ᠂ ᠨᠢᠰᠬᠡᠯ᠎ᠦᠨ ᠪᠡᠶ᠎ᠡ ᠵᠢᠨ ᠪᠦᠲᠦᠴᠡ᠎ᠶᠢᠨ ᠬᠦᠴᠦᠯᠡᠴᠡ᠎ᠶᠢ ᠪᠠᠲᠤᠯᠠᠬᠤ᠎ᠶᠢᠨ ᠬᠠᠮᠲᠤ᠂ ᠨᠢᠰᠬᠡᠯ᠎ᠦᠨ ᠬᠦᠨᠳᠦ᠎ᠶᠢ ᠤᠯᠠᠮ ᠨᠢᠭᠡ ᠠᠯᠬᠤᠮ ᠪᠠᠭᠤᠷᠠᠭᠤᠯᠵᠤ᠂ ᠨᠡᠩ ᠬᠦᠨᠳᠦ ᠠᠴᠢᠶᠠᠯᠠᠯ᠎ᠢ ᠡᠳ᠋ ᠪᠠᠷᠠᠭ᠎ᠠ᠎ᠳᠤ ᠵᠠᠢᠴᠢᠯᠠᠨ ᠥᠭᠴᠦ᠂ ᠲᠣᠰᠣᠨ᠎ᠤ ᠬᠣᠷᠣᠭᠳᠠᠯ ᠨᠢ ᠴᠦ᠍ ᠨᠡᠩ ᠳᠣᠣᠷ᠎ᠠ ᠪᠣᠯᠵᠤ᠂ ᠨᠢᠰᠬᠡᠭᠴᠢ᠎ᠶᠢᠨ ᠳᠤᠭᠤᠢᠯᠠᠩ᠎ᠤᠨ ᠦᠪᠡᠷ᠎ᠤᠨ ᠦᠷᠲᠡᠭ ᠪᠠ ᠰᠠᠭᠤᠳᠠᠯ᠎ᠤᠨ ᠥᠷᠥᠭᠡᠨ᠎ᠦ ᠲᠥᠬᠦᠭᠡᠷᠦᠮᠵᠢ᠎ᠶᠢ ᠠᠷᠪᠢᠯᠠᠪᠠ》 ᠭᠡᠵᠦ W5000 ᠲᠦᠷᠦᠯ ᠵᠦᠢᠯ᠎ᠤᠨ ᠬᠠᠷᠢᠭᠤᠴᠠᠯᠭᠠᠲᠠᠨ ᠬᠤ᠌ ᠵᠧᠩ ᠳ᠋ᠦᠩ ᠬᠡᠯᠡᠨ᠎ᠡ᠃

W5000 ᠎ᠶᠢᠨ ᠬᠠᠮᠤᠭ᠎ᠤᠨ ᠶᠡᠬᠡ ᠳᠠᠪᠠᠭᠤᠯᠢᠭ᠋ ᠪᠣᠯ 《ᠠᠴᠢᠶᠠᠯᠠᠬᠤ ᠨᠢ ᠠᠷᠪᠢᠨ᠂ ᠨᠢᠰᠬᠦ ᠨᠢ ᠬᠣᠯᠠ᠂ ᠥᠪᠡᠷ᠎ᠦᠨ ᠥᠷᠲᠡᠭ ᠨᠢ ᠳᠣᠣᠷ᠎ᠠ》 ᠪᠣᠯᠣᠨ᠎ᠠ᠃ ᠨᠢᠰᠬᠡᠯ᠎ᠦᠨ ᠥᠪᠡᠷ᠎ᠦᠨ ᠪᠡᠶ᠎ᠡ᠎ᠶᠢᠨ ᠬᠦᠨᠳᠦ ᠨᠢ 5.8 ᠲᠣᠨ᠂ ᠬᠠᠮᠤᠭ᠎ᠤᠨ ᠶᠡᠬᠡ ᠠᠴᠢᠶᠠᠯᠠᠯ ᠨᠢ 5 ᠲᠣᠨ ᠬᠦᠷᠴᠦ᠂ ᠪᠠᠷᠠᠭᠠᠨ᠎ᠤ ᠥᠷᠥᠭᠡᠨ᠎ᠦ ᠪᠠᠭᠲᠠᠭᠠᠮᠵᠢ ᠨᠢ 65 ᠪᠣᠰᠣᠭ᠎ᠠ ᠳᠥᠷᠪᠡᠯᠵᠢᠨ ᠮᠧᠲᠷ᠂ ᠬᠠᠮᠤᠭ᠎ᠤᠨ ᠬᠣᠯᠠ ᠳ᠋ᠠᠭᠠᠨ 2600 ᠺᠢᠯᠣᠮᠧᠲᠷ ᠨᠢᠰᠴᠦ ᠳᠡᠢᠯᠦᠨ᠎ᠡ᠂ ᠣᠯᠠᠨ ᠵᠦᠢᠯ᠎ᠦᠨ ᠪᠠᠷᠢᠮᠵᠢᠶᠠᠲᠤ ᠠᠭᠠᠷ᠎ᠤᠨ ᠲᠡᠭᠡᠭᠡᠪᠦᠷᠢ᠎ᠶᠢᠨ ᠪᠠᠷᠠᠭᠠᠨ᠎ᠤ ᠬᠠᠢᠷᠴᠠᠭ᠎ᠢ ᠪᠠᠭᠲᠠᠭᠠᠵᠤ ᠳᠡᠢᠯᠬᠦ ᠪᠤᠯᠬᠤᠷ ᠣᠷᠣᠨ ᠪᠦᠰᠡ᠎ᠶᠢᠨ ᠪᠠᠷᠠᠭᠠᠨ᠎ᠤ ᠭᠦᠢᠯᠭᠡᠭᠡ᠂ ᠬᠦᠢᠲᠡᠨ ᠬᠡᠯᠬᠢᠶᠡᠲᠦ ᠲᠡᠭᠡᠭᠡᠪᠦᠷᠢ ᠵᠢᠴᠢ ᠪᠠᠴᠢᠮ ᠪᠠᠢᠳᠠᠯ᠎ᠢ ᠠᠷᠭᠠᠴᠠᠭᠠᠬᠤ ᠪᠠᠲᠤᠯᠠᠭ᠎ᠠ ᠵᠡᠷᠭᠡ ᠲᠠᠯ᠎ᠠ ᠵᠢᠨ ᠬᠡᠷᠡᠭᠴᠡᠭᠡ᠎ᠶᠢ ᠬᠠᠩᠭᠠᠵᠤ ᠴᠢᠳᠠᠨ᠎ᠠ᠃ ᠣᠳᠣᠬᠠᠨ ᠪᠣᠯᠲᠠᠯ᠎ᠠ᠂ W5000 ᠵᠢᠨ ᠰᠠᠨᠠᠮᠵᠢ᠎ᠶᠢᠨ ᠵᠠᠬᠢᠶᠠᠯᠠᠭ᠎ᠠ ᠨᠢᠭᠡᠨᠲᠡ 835 ᠪᠣᠯᠵᠤ᠂ ᠬᠡᠷᠡᠭᠯᠡᠭᠴᠢ ᠨᠢ ᠤᠯᠤᠰ᠎ᠤᠨ ᠳᠣᠲᠣᠭᠠᠳᠤ᠎ᠶᠢᠨ ᠣᠯᠠᠨ ᠪᠠᠷᠠᠭᠠᠨ᠎ᠤ ᠭᠦᠢᠯᠭᠡᠭᠡᠨ᠎ᠦ ᠠᠵᠤ ᠠᠬᠤᠢᠯᠠᠯ᠎ᠢ ᠬᠠᠮᠤᠷᠴᠤ᠂ ᠵᠢᠱ᠌ᠢᠯᠲᠡ᠎ᠪᠡᠷ 2027 ᠣᠨ᠎ᠤ ᠡᠴᠦᠰ᠎ᠲᠦ ᠵᠢᠩᠬᠢᠨᠢ᠎ᠪᠡᠷ ᠬᠤᠳᠠᠯᠳᠤᠭᠠᠨ᠎ᠤ ᠡᠵᠡᠩᠨᠡᠯᠲᠡ᠎ᠳᠦ ᠣᠷᠣᠬᠤ ᠪᠣᠯᠣᠨ᠎ᠠ᠃

(ᠢᠷᠡᠯᠲᠡ᠄ ᠲᠦᠪ ᠲᠧᠯᠸᠢᠰ᠎ᠤᠨ ᠰᠤᠨᠢᠨ ᠮᠡᠳᠡᠭᠡ᠂ ᠲᠠᠯ᠎ᠠ ᠨᠤᠲᠤᠭ᠎ᠤᠨ ᠡᠭᠦᠯᠡ ᠰᠢᠯᠵᠢᠶ᠎ᠡ) 

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面