ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-11-19 11:53:41

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠲᠥᠪ᠎ᠦᠨ ᠴᠠᠭ ᠠᠭᠤᠷ᠎ᠤᠨ ᠬᠣᠷᠢᠶ᠎ᠠ ᠡᠴᠡ 11 ᠰᠠᠷ᠎ᠠ᠎ᠶᠢᠨ 18᠎ᠤ ᠡᠳᠦᠷ᠎ᠦᠨ 06 ᠴᠠᠭ᠎ᠲᠤ ᠨᠡᠢᠳᠡᠯᠡᠭᠰᠡᠨ ᠬᠦᠢᠲᠡᠨ ᠤᠷᠤᠰᠬᠠᠯ᠎ᠤᠨ ᠬᠥᠬᠡ ᠥᠩᠭᠡ᠎ᠶᠢᠨ ᠰᠡᠷᠡᠮᠵᠢ᠎ᠶᠢᠨ ᠳᠣᠬᠢᠶ᠎ᠠ ᠡᠴᠡ ᠦᠵᠡᠪᠡᠯ ᠄

ᠴᠢᠩᠭ᠎ᠠ ᠬᠦᠢᠲᠡᠨ ᠠᠭᠠᠷ᠎ᠤᠨ ᠨᠥᠯᠥᠭᠡ᠎ᠡᠴᠡ ᠪᠣᠯᠵᠤ᠂ ᠵᠢᠱ᠌ᠢᠯᠲᠡ᠎ᠪᠡᠷ᠂ 2026 ᠣᠨ᠎ᠤ 11 ᠰᠠᠷ᠎ᠠ᠎ᠶᠢᠨ 18᠎ᠤ ᠡᠳᠦᠷ᠎ᠦᠨ 08 ᠴᠠᠭ᠎ᠠᠴᠠ 20᠎ᠤ ᠡᠳᠦᠷ᠎ᠦᠨ 08 ᠴᠠᠭ ᠪᠣᠯᠲᠠᠯ᠎ᠠ᠂ ᠥᠪᠥᠷ ᠮᠣᠩᠭᠣᠯ᠎ᠤᠨ ᠵᠡᠭᠦᠨ ᠬᠣᠢᠲᠤ ᠪᠡᠶ᠎ᠡ᠂ ᠵᠡᠭᠦᠨ ᠬᠣᠢᠲᠤ ᠣᠷᠣᠨ᠎ᠤ ᠳᠤᠮᠳᠠ ᠪᠡᠶ᠎ᠡ ᠪᠠ ᠬᠣᠢᠲᠤ ᠪᠡᠶ᠎ᠡ᠂ ᠬᠠᠲᠤᠨ ᠭᠣᠣᠯ ᠬᠤᠸᠠᠢᠾᠧ ᠭᠣᠣᠯ᠂ ᠬᠥᠬᠡᠮᠥ᠋ᠷᠡᠨ ᠬᠤᠸᠠᠢ ᠾᠧ ᠭᠣᠣᠯ᠂ ᠬᠥᠬᠡᠮᠥ᠋ᠷᠡᠨ ᠬᠠᠨᠵᠢᠶᠠᠩ ᠮᠥᠷᠡᠨ᠂ ᠵᠢᠶᠠᠩᠨᠠᠨ᠎ᠤ ᠳᠤᠮᠳᠠ ᠪᠡᠶ᠎ᠡ ᠪᠠ ᠵᠡᠭᠦᠨ ᠪᠡᠶ᠎ᠡ᠂ ᠡᠮᠦᠨᠡᠲᠦ ᠣᠷᠣᠨ ᠵᠡᠷᠭᠡ ᠭᠠᠵᠠᠷ᠎ᠤᠨ ᠶᠡᠬᠡᠩᠬᠢ ᠭᠠᠵᠠᠷ᠎ᠤᠨ ᠠᠭᠠᠷ᠎ᠤᠨ ᠳᠤᠯᠠᠭᠠᠨ ᠤᠷᠢᠳ ᠬᠣᠵᠢᠳ 6~8°C ᠪᠠᠭᠤᠷᠠᠨ᠎ᠠ᠃ ᠡᠭᠦᠨ᠎ᠳᠦ ᠬᠠᠷᠠᠮᠥ᠋ᠷᠡᠨ᠎ᠦ ᠵᠡᠭᠦᠨ ᠡᠮᠦᠨ᠎ᠡ ᠪᠡᠶ᠎ᠡ᠂ ᠭᠢᠷᠢᠨ᠎ᠦ ᠵᠡᠭᠦᠨ ᠪᠡᠶ᠎ᠡ᠂ ᠱᠠᠨᠳᠦ᠋ᠩ᠎ᠦᠨ ᠵᠡᠭᠦᠨ ᠡᠮᠦᠨ᠎ᠡ ᠪᠡᠶ᠎ᠡ᠂ ᠠᠨᠾᠦ᠋ᠢ  ᠶ᠋ᠢᠨ ᠬᠣᠢᠲᠤ ᠪᠡᠶ᠎ᠡ ᠪᠠ ᠡᠮᠦᠨ᠎ᠡ ᠪᠡᠶ᠎ᠡ᠂ ᠵᠢᠶᠠᠩᠰᠤ᠂ ᠱᠠᠩᠬᠠᠢ᠂ ᠵᠧᠵᠢᠶᠠᠩ᠂ ᠹᠦᠵᠢᠶᠠᠨ᠎ᠤ ᠳᠤᠮᠳᠠ ᠬᠣᠢᠲᠤ ᠪᠡᠶ᠎ᠡ᠂ ᠵᠢᠶᠠᠩᠰᠢ ᠶ᠋ᠢᠨ ᠵᠡᠭᠦᠨ ᠪᠡᠶ᠎ᠡ᠂ ᠭᠤᠸᠠᠨᠭᠰᠢ ᠶ᠋ᠢᠨ ᠡᠮᠦᠨ᠎ᠡ ᠪᠡᠶ᠎ᠡ᠂ ᠭᠤᠸᠠᠨᠭᠳᠦ᠋ᠡᠭ᠎ᠦᠨ ᠳᠤᠮᠳᠠ ᠪᠡᠶ᠎ᠡ ᠵᠢᠨ ᠬᠡᠰᠡᠭ ᠭᠠᠵᠠᠷ᠎ᠤᠨ ᠠᠭᠠᠷ᠎ᠤᠨ ᠳᠤᠯᠠᠭᠠᠨ 8~10°C ᠪᠠᠭᠤᠷᠠᠵᠤ᠂ ᠬᠡᠰᠡᠭ ᠭᠠᠵᠠᠷ᠎ᠲᠤ 12°C ᠠ᠋ᠴᠠ ᠢᠯᠡᠬᠦᠦ ᠪᠠᠭᠤᠷᠠᠨ᠎ᠠ᠃

ᠰᠠᠨᠠᠭᠤᠯᠤᠮᠵᠢ᠄

1. ᠵᠠᠰᠠᠭ᠎ᠤᠨ ᠣᠷᠳᠣᠨ ᠵᠢᠴᠢ ᠬᠣᠯᠪᠣᠭᠳᠠᠯ ᠪᠦᠬᠦᠢ ᠰᠠᠯᠠᠭ᠎ᠠ ᠮᠥᠴᠢᠷ᠎ᠦᠳ ᠡᠭᠦᠷᠭᠡ ᠬᠠᠷᠢᠭᠤᠴᠠᠯᠭ᠎ᠠ ᠶᠣᠰᠣᠭᠠᠷ ᠬᠦᠢᠲᠡᠨ ᠤᠷᠤᠰᠬᠠᠯ᠎ᠢ ᠰᠡᠷᠭᠡᠢᠯᠡᠬᠦ ᠪᠡᠯᠡᠳᠬᠡᠯ ᠠᠵᠢᠯ᠎ᠢ ᠰᠠᠢᠲᠤᠷ ᠬᠢᠬᠡᠷᠠᠢ;

2. ᠬᠤᠪᠴᠠᠰᠤ ᠬᠤᠨᠠᠷ᠎ᠢᠶᠠᠨ ᠵᠤᠵᠠᠭᠠᠯᠠᠵᠤ ᠳᠤᠯᠠᠭᠠᠯᠠᠬᠤ᠎ᠶᠢ ᠠᠨᠭᠬᠠᠷᠤᠭᠠᠷᠠᠢ;

3. ᠬᠠᠯᠠᠭᠤᠨ ᠪᠦᠰᠡᠨ᠎ᠦ ᠲᠠᠷᠢᠮᠠᠯ᠂ ᠤᠰᠤᠨ ᠭᠠᠷᠤᠯᠲᠠ᠎ᠳᠤ ᠵᠣᠬᠢᠬᠤ ᠰᠡᠷᠭᠡᠢᠯᠡᠨ ᠬᠠᠮᠠᠭᠠᠯᠠᠬᠤ ᠠᠷᠭ᠎ᠠ ᠬᠡᠮᠵᠢᠶ᠎ᠡ ᠠᠪᠤᠭᠠᠷᠠᠢ;

4. ᠰᠠᠯᠬᠢ᠎ᠶᠢ ᠰᠡᠷᠭᠡᠢᠯᠡᠬᠦ ᠪᠡᠯᠡᠳᠬᠡᠯ ᠠᠵᠢᠯ᠎ᠢ ᠰᠠᠢᠲᠤᠷ ᠬᠢᠭᠡᠷᠠᠢ᠃

          (ᠢᠷᠡᠯᠲᠡ ᠄ ᠲᠥᠪ᠎ᠦᠨ ᠴᠠᠭ ᠠᠭᠤᠷ᠎ᠤᠨ ᠬᠤᠷᠢᠶ᠎ᠠ) 


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面