ᠲᠡᠷᠢᠭᠦᠨ ᠨᠢᠭᠤᠷ>ᠵᠢᠷᠭᠢᠶ᠎ᠡ>ᠮᠡᠳᠡᠭᠡᠯᠡᠯ

2026-11-19 15:45:40

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

11 ᠰᠠᠷ᠎ᠠ᠎ᠶᠢᠨ 17᠎ᠤ ᠡᠳᠦᠷ᠎ᠦᠨ ᠣᠷᠣᠢ᠂ 《ᠮᠠᠯᠤᠷ ᠥᠲᠡᠭᠡ ᠬᠤᠨᠳᠠᠭᠠᠲᠤ》 ᠤᠯᠠᠨ ᠤᠯᠤᠰ᠎ᠤᠨ ᠵᠠᠯᠠᠭᠤᠴᠤᠳ᠎ᠤᠨ ᠭᠦᠯ ᠪᠦᠮᠪᠦᠭᠡ ᠵᠢᠨ ᠮᠠᠡᠭᠯᠠᠢ ᠰᠢᠯᠭᠠᠷᠠᠭᠤᠯᠬᠤ ᠤᠷᠤᠯᠳᠤᠭᠠᠨ᠎ᠤ ᠬᠠᠮᠤᠭ ᠰᠡᠭᠦᠯᠴᠢ᠎ᠶᠢᠨ ᠨᠢᠭᠡ ᠡᠭᠡᠯᠵᠢ᠎ᠶᠢᠨ ᠤᠷᠤᠯᠳᠤᠭᠠᠨ᠎ᠳᠤ᠂ U19 ᠤᠯᠤᠰ᠎ᠤᠨ ᠬᠥᠯ ᠪᠥᠮᠪᠥᠭᠡ᠎ᠶᠢᠨ ᠠᠩᠭᠢ 2᠄ 1 ᠪᠠᠷ ᠺᠣᠷᠢᠶᠠ᠎ᠶᠢᠨ ᠠᠩᠭᠢ᠎ᠶᠢ ᠢᠯᠠᠵᠤ᠂ 3 ᠤᠷᠤᠯᠳᠤᠭᠠᠨ᠎ᠳᠤ 2 ᠢᠯᠠᠵᠤ 1 ᠬᠠᠢᠨᠴᠠᠭᠰᠠᠨ ᠬᠢᠷᠢ ᠪᠦᠲᠦᠮᠵᠢ᠎ᠪᠡᠷ ᠲᠤᠰ ᠤᠳᠠᠭᠠᠨ᠎ᠤ ᠤᠷᠤᠯᠳᠤᠭᠠᠨ᠎ᠤ ᠮᠠᠩᠯᠠᠢ ᠵᠢ ᠰᠢᠬᠦᠷᠦᠯ᠎ᠠ᠃



ᠺᠣᠷᠢᠶᠠ᠎ᠶᠢᠨ ᠠᠩᠬᠢ᠎ᠲᠠᠢ ᠬᠠᠯᠵᠠ ᠳᠤᠯᠤᠨ ᠦᠷᠢᠰᠦᠯᠳᠦᠭᠰᠡᠨ ᠡᠨᠡᠭᠦ ᠤᠷᠤᠯᠳᠤᠭᠠᠨ ᠪᠣᠯ ᠡᠴᠦᠰ ᠎ᠤᠨ ᠢᠯᠠᠯᠳᠠ ᠵᠢᠨ ᠳᠦᠯᠦᠭᠡᠭᠢ ᠳᠡᠮᠡᠴᠡᠭᠡᠨ ᠪᠣᠯᠣᠨ᠎ᠠ᠃ ᠡᠬᠢᠯᠡᠯᠲᠡ᠎ᠶᠢᠨ 5 ᠮᠢᠨᠦ᠋ᠲ᠎ᠦᠨ ᠳᠣᠲᠣᠷ᠎ᠠ᠂ U19 ᠤᠯᠤᠰ᠎ᠤᠨ ᠬᠥᠯ ᠪᠥᠮᠪᠥᠭᠡ᠎ᠶᠢᠨ ᠠᠩᠭᠢ ᠨᠢᠭᠡ ᠤᠳᠠᠭᠠᠨ᠎ᠤ ᠭᠡᠳᠡᠷᠭᠦ ᠳᠠᠭᠠᠷᠢᠯᠲᠠ᠎ᠶᠢ ᠠᠰᠢᠭ᠍ᠯᠠᠨ᠂ ᠮᠢᠶᠣᠣ ᠷᠦᠨ ᠳ᠋ᠦᠩ ᠰᠤᠮᠤᠳᠠᠯᠳᠠ ᠭᠢᠵᠦ ᠬᠤᠪᠢ ᠣᠯᠵᠠᠢ᠃ 4 ᠮᠢᠨᠦ᠋ᠲ᠎ᠦᠨ ᠳᠠᠷᠠᠭ᠎ᠠ᠂ ᠮᠢᠶᠣᠣ ᠷᠦᠨ ᠳ᠋ᠦᠡᠭ ᠴᠡᠭ᠎ᠦᠨ ᠪᠥᠮᠪᠥᠭᠡ ᠵᠢᠨ ᠲᠣᠷᠭᠠᠭᠤᠯᠢ ᠵᠢᠨ ᠳᠤᠬᠢᠶᠠᠯ ᠤᠯᠤᠬᠰᠠᠨ ᠎ᠳᠦ ᠶᠠᠩ ᠮᠢᠩ ᠷᠦᠢ ᠴᠡᠭ᠎ᠤᠨ ᠪᠥᠮᠪᠥᠭᠡ ᠎ᠶᠢ ᠣᠷᠤᠭᠤᠯᠵᠦ᠂ U19 ᠤᠯᠤᠰ᠎ᠤᠨ ᠬᠥᠯ ᠪᠥᠮᠪᠥᠭᠡ᠎ᠶᠢᠨ ᠠᠩᠭᠢ ᠮᠠᠰᠢ ᠲᠦᠷᠭᠡᠨ ᠵᠢᠡᠷ 2 ᠄ 0 ᠵᠢᠨ ᠬᠠᠷᠢᠴᠠᠯ ᠵᠢᠡᠷ ᠺᠣᠷᠢᠶᠠ᠎ᠶᠢᠨ ᠠᠩᠭᠢ᠎ᠠᠴᠠ ᠤᠷᠢᠲᠠᠪᠠ᠃

ᠵᠠᠯᠭᠠᠭᠠᠳ  U19 ᠤᠯᠤᠰ᠎ᠤᠨ ᠬᠥᠯ ᠪᠥᠮᠪᠥᠭᠡ᠎ᠶᠢᠨ ᠠᠩᠭᠢ ᠪᠠᠰᠠ ᠬᠡᠳᠦ ᠤᠳᠠᠭ᠎ᠠ ᠰᠤᠮᠤᠳᠠᠬᠤ ᠵᠠᠪᠰᠢᠶᠠᠨ᠎ᠲᠠᠢ ᠪᠤᠯᠵᠦ᠂ ᠪᠦᠬᠦ ᠲᠠᠯᠠᠪᠤᠷ᠎ᠤᠨ ᠤᠷᠤᠯᠳᠤᠭᠠᠨ᠎ᠳᠤ᠂ ᠲᠡᠳᠡᠨ᠎ᠦ ᠰᠤᠮᠤᠳᠠᠭᠰᠠᠨ ᠲᠣᠭ᠎ᠠ ᠨᠢ 9 ᠤᠳᠠᠭ᠎ᠠ ᠬᠦᠷᠴᠦ᠂ ᠡᠭᠦᠨ᠎ᠳᠦ 5 ᠤᠳᠠᠭ᠎ᠠ ᠨᠢ ᠬᠠᠭᠠᠯᠭᠠᠨ᠎ᠤ ᠭᠡᠪᠴᠢᠶᠠᠨ᠎ᠳᠦ ᠪᠠᠢᠪᠠ᠂ ᠬᠡᠪᠡᠴᠤ ᠺᠣᠷᠢᠶᠠ᠎ᠶᠢᠨ ᠠᠩᠭᠢ ᠵᠢᠨ ᠵᠢᠨ ᡁᠢ ᠾᠧ 74 ᠳ᠋ᠤᠭᠡᠷ ᠮᠢᠨᠦ᠋ᠲ᠎ᠲᠦ ᠨᠢᠭᠡ ᠪᠥᠮᠪᠥᠭᠡ ᠣᠷᠣᠭᠤᠯᠪᠠ᠃  

ᠡᠴᠦᠰ ᠲᠡᠭᠡᠨ U19 ᠤᠯᠤᠰ᠎ᠤᠨ ᠬᠥᠯ ᠪᠥᠮᠪᠥᠭᠡ᠎ᠶᠢᠨ ᠠᠩᠭᠢ 2 ᠄ 1 ᠎ᠪᠠᠷ ᠺᠣᠷᠢᠶᠠ᠎ᠶᠢᠨ ᠠᠩᠭᠢ᠎ᠶᠢ ᠢᠯᠠᠵᠤ᠂ ᠲᠤᠰ ᠬᠤᠭᠤᠴᠠᠭᠠᠨ᠎ᠤ ᠤᠷᠤᠯᠳᠤᠭᠠᠨ᠎ᠤ ᠮᠠᠩᠯᠠᠢ᠎ᠳᠤ ᠳᠤᠳᠤᠷᠠᠵᠠᠢ᠃

ᠢᠷᠡᠯᠳᠡ᠄ ᠪᠡᠭᠡᠵᠢᠩ᠎ᠦᠨ ᠡᠳᠦᠷ᠎ᠦᠨ ᠰᠣᠨᠢᠨ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面