2020-06-10 10:41:38

ᠲᠦᠷᠦᠭᠦᠬᠡᠨ ᠪᠢ ᠨᠢᠬᠡ ᠵᠡᠬᠦᠲᠦ ᠵᠡᠬᠦᠲᠦᠯᠡᠪᠡ ᠂ ᠵᠡᠬᠦᠲᠦᠨᠳ᠋ᠡᠭᠡᠨ ᠬᠠᠷᠢᠨ ᠪᠠᠭ᠎ᠠ᠎ᠶᠢᠨ ᠬᠡᠪ᠎ᠢᠶᠠᠷ ᠃ ᠨᠠᠯᠠᠭᠠᠷᠬᠠᠨ ᠨᠠᠷᠠᠲᠠᠢ ᠵᠤᠨ᠎ᠤ ᠦᠳᠡ᠎ᠳ᠋ᠤ ᠰᠤᠷᠭᠠᠭᠤᠯᠢ᠎ᠡᠴᠠ᠎ᠪᠠᠨ ᠪᠤᠴᠠᠬᠤ ᠵᠠᠮ ᠵᠠᠭᠤᠷ᠎ᠠ ᠲᠤᠰᠬᠤᠨ᠎ᠤ ᠮᠠᠨᠢ ᠬᠠᠮᠤᠭ᠎ᠤᠨ ᠪᠠᠷᠠᠭᠤᠨ ᠵᠠᠬ᠎ᠠ᠎ᠶᠢᠨ ᠠᠢᠯ᠎ᠡᠴᠠ ᠬᠤᠭᠤᠷ᠎ᠤᠨ ᠦᠯᠢᠬᠡᠷ ᠲᠤᠭᠤᠯᠲᠠᠵᠦ ᠪᠠᠢᠨ᠎ᠠ ᠭᠡᠨ᠎ᠠ ᠄ ᠵᠤᠨ᠎ᠤ ᠨᠢᠯᠬ᠎ᠠ ᠨᠤᠭᠤᠭ᠎ᠠ᠎ᠶᠢᠨ ᠦᠨᠦᠷ ᠰᠡᠩᠭᠢ ᠲᠠᠲᠠᠵᠦ ᠂ ᠲᠠᠨᠢᠯ ᠲᠠᠰᠤᠯᠬᠠᠨ ᠲᠤᠰᠬᠤᠨ᠎ᠤ ᠵᠢᠵᠢᠭᠭᠡᠨ ᠵᠦᠷᠢᠭ ᠨᠢᠲᠤᠨ᠎ᠳ᠋ᠤ ᠦᠵᠡᠭᠳᠡᠵᠦ ᠪᠠᠢᠬᠰᠠᠨ ᠪᠦᠬᠡᠳ ᠨᠡᠩ ᠴᠦ ︽ ᠲᠦᠮᠡᠨ ᠮᠤᠭᠠᠢ᠎ᠶᠢᠨ ᠬᠡᠯᠡ ᠲᠦᠬᠦᠷᠢᠭᠯᠡᠵᠦ ᠢᠷᠡᠬᠦ ᠠᠳᠠᠯᠢ ᠂ ᠮᠢᠩᠭᠠᠨ ᠮᠤᠭᠠᠢ᠎ᠶᠢᠨ ᠬᠡᠯᠡ ᠮᠢᠷᠠᠯᠵᠠᠵᠦ ᠢᠷᠡᠬᠦ ᠠᠳᠠᠯᠢ ︾ ᠭᠡᠵᠦ ᠬᠤᠶᠠᠷ ᠬᠦᠴᠦᠳᠡᠨᠤ ᠬᠤᠭᠤᠷᠤᠨᠲᠦ ᠪᠤᠯᠲᠠᠭ ᠵᠢᠲᠠ ᠰᠡᠯᠡᠮ᠎ᠡ ᠬᠠᠷᠬᠢᠯᠲᠤᠬᠰᠠᠨ ᠰᠢᠷᠦᠬᠦᠨ ᠪᠠᠢᠯᠲᠤᠭᠠᠨᠢ ᠲᠦᠷᠰᠦᠯᠡᠳᠡᠭ ᠬᠤᠭᠤᠷᠴᠢ᠎ᠶᠢᠨ ᠠᠶᠠᠯᠭᠤ ᠬᠤᠭᠤᠷ᠎ᠤᠨ ᠬᠦᠭ᠎ᠨᠢ ᠬᠦᠷᠳᠡᠯ᠎ᠡ ᠲᠤᠲᠤᠬᠠᠨ ᠰᠤᠨᠤᠰᠲᠠᠯᠠ ᠃

ᠪᠠᠭ᠎ᠠ᠎ᠶᠢᠨ ᠲᠤᠰᠬᠤᠨ ᠮᠠᠨᠢ ᠤᠨ ᠴᠠᠭ᠎ᠤᠨ ᠡᠷᠬᠡ᠎ᠪᠠᠷ ᠬᠡᠲᠦᠢᠢᠨ ᠦᠬᠡᠷ᠎ᠠ ᠭᠠᠵᠠᠷ ᠨᠡᠬᠦᠭᠰᠡᠨ ᠪᠦᠭᠡᠳ ᠲᠤᠰᠬᠤᠨ᠎ᠤ ᠬᠠᠮᠤᠭ᠎ᠤᠨ ᠪᠠᠷᠠᠭᠤᠨ ᠵᠠᠬ᠎ᠠ᠎ᠶᠢᠨ ᠲᠡᠷᠡ ᠬᠦ ᠦᠯᠢᠬᠡᠷ᠎ᠲᠤ ᠲᠤᠷᠠᠲᠠᠢ ᠠᠢᠯ᠎ᠤᠨ ᠠᠪᠤ᠋ ᠴᠤ ᠦᠨᠡᠨ᠎ᠳᠡᠭᠡᠨ ᠬᠡᠲᠦᠨ ᠵᠢᠯ᠎ᠤᠨ ᠡᠮᠦᠨ᠎ᠡ ᠦᠨᠡᠨ᠎ᠤ ᠭᠠᠵᠠᠷ ᠶᠠᠪᠤᠴᠢᠬᠠᠬᠰᠠᠨ ᠪᠢᠯᠡ ᠃ ᠰᠡᠷᠢᠭᠡᠳ ᠡᠳᠡᠭᠡᠷ᠎ᠢ ᠪᠤᠲᠤᠬᠤ᠎ᠳ᠋ᠤ ᠤᠢ ᠭᠤᠲᠤᠭᠰᠠᠨ ᠪᠤᠯᠪᠠᠴᠦ ᠵᠡᠬᠦᠲᠦᠨᠳ᠋ᠤ ᠤᠷᠤᠭᠰᠠᠨ ᠬᠤᠭᠤᠷ᠎ᠤᠨ ᠦᠯᠢᠬᠡᠷ ᠬᠠᠷᠢᠨ ᠴᠢᠬᠢᠨ᠎ᠳ᠋ᠤ ᠠᠬᠢᠭᠠᠳ ᠰᠤᠨᠤᠰᠲᠠᠬᠤ ᠰᠢᠬ ᠪᠤᠯᠤᠯ᠎ᠡ ᠃

ᠪᠠᠭ᠎ᠠ ᠪᠠᠢᠬᠤ᠎ᠳ᠋ᠤ ᠦᠳᠡ᠎ᠶᠢᠨ 12 ᠴᠠᠭ ᠪᠤᠯᠤᠬᠰᠠᠭᠠᠷ ᠲᠠᠷᠢᠶᠠᠨ ᠠᠵᠢᠯ᠎ᠡᠴᠠ᠎ᠪᠠᠨ ᠪᠠᠭᠤᠭᠰᠠᠨ ᠨᠤᠲᠤᠭ᠎ᠤᠨ ᠬᠦᠮᠦᠰ ᠬᠠᠨᠵᠤᠨ ᠲᠡᠭᠡᠷ᠎ᠡ᠎ᠪᠠᠨ ᠲᠤᠬᠠᠯᠠᠨ ᠰᠠᠭᠤᠵᠦ ᠂ ᠷᠠᠳᠢᠣ᠋᠎ᠪᠠᠨ ᠨᠡᠭᠡᠭᠡᠭᠡᠳ ᠬᠤᠭᠤᠷ᠎ᠤᠨ ᠦᠯᠢᠬᠡᠷ ᠰᠤᠨᠤᠰᠲᠠᠭ ᠃ ᠪᠦᠷᠢᠨᠪᠠᠶᠠᠷ ᠬᠤᠭᠤᠷᠴᠢ᠎ᠶᠢᠨ ︽ ᠯᠤᠤ ᠪᠠᠷᠰ᠎ᠤᠨ ᠬᠤᠶᠠᠷ ᠠᠭᠤᠯᠠ ︾ ᠂ ᠰᠢᠷᠡᠪ ᠬᠤᠭᠤᠷᠴᠢ᠎ᠶᠢᠨ ︽ ᠰᠠᠬᠢᠭᠤᠯᠰᠤᠨ ᠡᠷᠬᠦᠮᠵᠢᠯᠡᠭᠰᠡᠨ ᠦᠯᠢᠭᠡᠷ ︾ ᠂ ᠱᠤᠸᠠᠩᠰᠢ ᠬᠤᠭᠤᠷᠴᠢ᠎ᠶᠢᠨ ︽ ᠬᠦᠬᠡ ᠰᠤᠲᠤᠷ ︾ ᠁ ᠡᠷᠳᠡᠨ ᠡᠲᠦᠬᠡ᠎ᠶᠢᠨ ᠲᠡᠦᠭᠡ ᠱᠠᠰᠳᠢᠷ ᠂ ᠬᠢᠲᠠᠳ ᠮᠤᠩᠭᠤᠯ᠎ᠤᠨ ᠦᠯᠢᠬᠡᠷ ᠲᠡᠦᠭᠡ ᠢᠩᠬᠢᠭᠡᠳ ᠯᠡ ᠬᠤᠭᠤᠷ᠎ᠤᠨ ᠦᠯᠢᠬᠡᠷ᠎ᠤᠨ ᠬᠡᠯᠪᠡᠷᠢ᠎ᠪᠠᠷ ᠠᠢᠯ ᠪᠤᠯᠭᠠᠨ᠎ᠡᠴᠠ ᠲᠤᠭᠤᠯᠲᠠᠨᠠ ᠂ ᠠᠵᠢᠯ᠎ᠳᠠᠭᠠᠨ ᠡᠬᠦᠷᠲᠦᠭᠰᠡᠨ ᠲᠤᠮᠤᠴᠤᠤᠯ ᠰᠤᠨᠤᠰᠤᠭᠠᠳ ᠵᠡᠬᠦᠷᠮᠡᠭᠯᠡᠬᠦᠳ᠋ᠤ ᠨᠢᠰᠤᠩᠬᠠᠢ ᠵᠢᠭᠠᠯ᠎ᠤᠳ ᠰᠢᠪᠠᠷ ᠨᠤᠬᠤᠨ ᠠᠢᠯ ᠬᠡᠷ ᠪᠤᠯᠵᠦ ᠲᠤᠭᠯᠠᠬᠤ᠎ᠳᠠᠭᠠᠨ ᠦᠯᠢᠭᠡᠷ᠎ᠤᠨ ᠬᠢᠨᠢ ᠲᠤᠬᠠᠢ ᠬᠤᠯᠪᠤᠨ ᠪᠤᠲᠤᠲᠠᠭ ᠪᠠᠢᠬᠰᠠᠨ ᠳ᠋ᠠ ᠃ ᠭᠠᠭᠴᠠᠬᠠᠨ ᠴᠠᠭ ᠦᠷᠬᠦᠯᠵᠢᠯᠡᠳᠡᠭ ᠦᠨᠦᠬᠢ ᠦᠯᠢᠭᠡᠷ᠎ᠨᠢ ᠲᠠᠭᠤᠰᠴᠦ ︽ ᠲᠤᠰ ᠦᠯᠢᠬᠡᠷ᠎ᠤᠨ ᠵᠠᠯᠭᠠᠮᠵᠢ᠎ᠶᠢ ᠮᠠᠷᠭᠠᠰᠢ᠎ᠶᠢᠨ ᠡᠨᠡ ᠴᠠᠭ᠎ᠲᠤ ᠬᠦᠯᠢᠶᠡᠨ ᠠᠪᠴᠦ ᠰᠤᠨᠤᠰᠤᠭᠠᠷᠠᠢ ︾ ᠬᠡᠬᠦ᠎ᠳ᠋ᠤ ᠯᠡ ︽ ᠬᠠᠢᠷᠠᠨ ᠳ᠋ᠠ ᠂ ᠶᠠᠭ ᠢᠳᠡᠨ ᠲᠡᠭᠡᠷ᠎ᠡ᠎ᠪᠠᠨ ᠵᠤᠬᠰᠤᠴᠢᠬᠠᠯᠠ ︾ ᠭᠡᠵᠦ ᠲᠤᠮᠤᠴᠤᠤᠯ ᠤᠷᠮ᠎ᠠ ᠮᠠᠭᠤᠲᠠᠢᠬᠠᠨ ᠪᠤᠰᠴᠦ ᠲᠠᠷᠢᠶᠠᠨ᠎ᠳᠠᠭᠠᠨ ᠶᠠᠪᠤᠬᠤ᠎ᠪᠠᠷ ᠪᠡᠯᠡᠳᠭᠡᠳᠡᠭ ᠂ ᠬᠡᠦᠬᠡᠳ᠎ᠤᠳ ᠵᠤᠯᠠᠢ ᠲᠦᠭᠡᠨᠡᠭᠰᠡᠨ ᠨᠠᠷᠠᠨ᠎ᠳ᠋ᠤ ᠰᠤᠷᠭᠠᠭᠤᠯᠢ ᠵᠦᠭ᠎ᠢᠶᠡᠨ ᠶᠠᠪᠤᠨ᠎ᠠ ᠳ᠋ᠠ ᠃ ᠬᠠᠷᠢᠨ ᠡᠨᠡ ᠬᠠᠷᠠᠮᠰᠠᠯ᠎ᠢᠶᠡᠨ ᠨᠦᠬᠦᠵᠦ ᠂ ᠦᠳᠡᠰᠢ᠎ᠶᠢᠨ ᠲᠠᠪᠲᠠᠨ ᠨᠡᠪᠳᠡᠷᠡᠬᠦᠯᠬᠡ᠎ᠶᠢ᠎ᠨᠢ ᠰᠤᠨᠤᠰᠬᠤ ᠬᠡᠮᠡᠨ ᠪᠢᠳᠡ ᠰᠤᠷᠭᠠᠭᠤᠯᠢ᠎ᠡᠴᠠ᠎ᠪᠠᠨ ᠬᠦᠶᠦᠨ ᠢᠷᠡᠭᠡᠳ ᠲᠤᠬᠢᠶ᠎ᠠ ᠮᠠᠭᠤᠲᠠᠢ ᠱᠤᠤᠬᠢᠶᠠᠨ ᠶᠡᠬᠡᠳᠡᠢ ᠷᠠᠳᠢᠣ᠋᠎ᠪᠠᠨ ᠴᠢᠬᠢᠨᠳ᠋ᠡᠭᠡᠨ ᠨᠠᠭᠠᠵᠦ ᠂ ᠰᠤᠨᠤᠰᠴᠤ ᠬᠠᠩᠬᠤ ᠦᠬᠡᠢ ᠬᠡᠮᠡᠷ ᠠᠮᠳᠠᠷᠬᠠᠵᠦ ᠪᠠᠢᠬᠰᠠᠨ ᠶᠤᠮ ᠃
ᠬᠦᠳᠡᠬᠡ ᠨᠤᠲᠤᠭ᠎ᠤᠨ ᠵᠤᠨ᠎ᠤ ᠤᠷᠲᠤ ᠡᠲᠦᠷ ᠬᠤᠭᠤᠷ᠎ᠤᠨ ᠦᠯᠢᠬᠡᠷ᠎ᠤᠨ ᠬᠦᠩᠬᠢᠨᠡᠮ᠎ᠠ ᠠᠶᠠᠰᠲᠤ ᠤᠶᠠᠩᠭᠠᠷᠠᠬᠤ᠎ᠳ᠋ᠤ ᠨᠠᠪᠴᠢᠰ ᠨᠤᠭᠤᠭᠠᠷᠠᠵᠦ ᠨᠠᠷᠠᠨ ᠲᠤᠯᠠᠢᠬᠰᠠᠨ ᠪᠠᠭ᠎ᠠ᠎ᠶᠢᠨ ᠠᠮᠢᠳᠤᠷᠡᠯ ᠠᠬᠤᠢ ᠬᠤᠭᠤᠷ᠎ᠤᠨ ᠦᠯᠢᠬᠡᠷ᠎ᠤᠨ ᠡᠭᠡᠰᠢᠭ᠎ᠲᠠᠢ ᠬᠠᠮᠲᠦ ᠲᠤᠷᠠᠳᠬᠠᠯ᠎ᠳ᠋ᠤ ᠮᠢᠨᠢ ᠮᠦᠩᠭᠡᠷᠡᠭᠰᠡᠨ ᠶᠤᠮ ᠃ ᠨᠠᠮᠤᠷ᠎ᠤᠨ ᠠᠵᠢᠯ᠎ᠢᠶᠡᠨ ᠲᠠᠭᠤᠰᠬᠠᠬᠰᠠᠨ ᠮᠠᠨ᠎ᠤ ᠨᠤᠲᠤᠭ᠎ᠤᠨ ᠬᠦᠮᠦᠰ ᠬᠤᠭᠤᠷ ᠴᠤᠭᠤᠷ᠎ᠢᠶᠡᠨ ᠠᠪᠤᠭᠠᠳ ᠬᠡᠨ ᠨᠢᠬᠡᠨᠤᠳ᠋ᠡᠭᠡᠨ ᠴᠤᠭᠯᠠᠷᠠᠵᠦ ︽ ᠠᠷᠠᠯᠲᠦ ᠬᠤᠭᠤᠷ᠎ᠢᠶᠡᠨ ᠬᠦᠭᠯᠡᠯᠡ ᠳ᠋ᠠ ᠁ ︾ ᠭᠡᠵᠦ ᠬᠤᠭᠤᠷ ᠡᠬᠦᠰᠭᠡᠨ ᠬᠤᠯᠪᠤᠭ᠎ᠠ ᠶᠠᠷᠢᠲᠠᠭ ᠪᠠᠢᠬᠰᠠᠨ ᠂ ᠬᠦᠳᠡᠭᠡ᠎ᠶᠢᠨ ᠪᠤᠷᠤ ᠵᠢᠭᠠᠯ᠎ᠤᠳ ᠬᠤᠭᠤᠷ᠎ᠤᠨ ᠦᠯᠢᠬᠡᠷ᠎ᠡᠴᠠ ᠲᠡᠦᠭᠡ ᠱᠠᠰᠳᠢᠷᠢ ᠲᠦᠰᠦᠬᠡᠯᠡᠨ ᠂ ᠦᠬᠡ ᠲᠡᠬᠦᠵᠦ ᠦᠬᠦᠯᠡᠪᠦᠷᠢ ᠬᠤᠯᠪᠤᠨ ᠵᠤᠬᠢᠶᠠᠯ ᠪᠢᠴᠢᠳᠡᠭ ᠪᠠᠢᠬᠰᠠᠨ ᠶᠤᠮ ᠃ ︽ ᠬᠡᠷᠪᠡ ᠁ ᠪᠤᠯ ︾ ᠭᠡᠮᠡᠬᠦ ᠦᠬᠡ᠎ᠪᠠᠷ ᠦᠬᠦᠯᠡᠪᠦᠷᠢ ᠵᠤᠬᠢᠶᠠᠯᠭᠠᠬᠤ᠎ᠳ᠋ᠤ ︽ ᠬᠡᠷᠪᠡ ᠪᠢ ᠬᠦᠤ ᠪᠤᠯᠤᠬᠰᠠᠨ ᠪᠤᠯ ᠬᠤᠵᠢᠮ ᠯᠠᠪᠲᠠᠢ ᠬᠤᠭᠤᠷᠴᠢ ᠪᠤᠯᠤᠨ᠎ᠠ ︾ ᠭᠡᠳᠡᠭ ᠮᠢᠨᠦ ᠪᠠᠭ᠎ᠠ ᠰᠤᠷᠭᠠᠭᠤᠯᠢ᠎ᠶᠢᠨ ᠬᠠᠮᠲᠦ ᠰᠤᠷᠤᠭᠴᠢ ᠮᠠᠨᠢ ᠤᠲᠤ ᠤᠯᠤᠰ᠎ᠤᠨ ᠠᠯᠪᠠᠲᠠᠨ ᠪᠤᠯᠤᠭᠠᠳ ᠪᠢᠴᠢᠭ ᠮᠠᠲᠸᠷᠢᠶᠠᠯ ᠭᠡᠵᠦ ᠤᠨᠠᠬᠰᠠᠨ ᠮᠠᠯᠠᠭᠠᠢ᠎ᠪᠠᠨ ᠠᠪᠬᠤ ᠵᠠᠪ ᠦᠬᠡᠢ ᠶᠠᠭᠠᠷᠠᠨ᠎ᠠ ︔ ᠬᠢᠴᠢᠶᠡᠯ ᠵᠠᠪᠰᠠᠷᠯᠠᠬᠰᠠᠭᠠᠷ ᠯᠡ ᠬᠤᠭᠤᠷ᠎ᠤᠨ ᠦᠯᠢᠬᠡᠷ ᠲᠤᠲᠤᠷᠠᠬᠢ ᠭᠤᠤᠯ ᠪᠠᠭᠠᠲᠦᠷᠢ ᠵᠢᠳᠠ ᠰᠡᠯᠡᠮ᠎ᠡ ᠂ ᠬᠦᠯᠦᠭ ᠮᠤᠷᠢ᠎ᠲᠠᠢ᠎ᠨᠢ ᠵᠢᠷᠤᠲᠠᠭ ᠪᠠᠢᠬᠰᠠᠨ ᠮᠠᠨ᠎ᠤ ᠠᠩᠬᠢ᠎ᠶᠢᠨ ᠨᠢᠰᠤᠩᠬᠠᠢ ᠵᠢᠷᠤᠭᠴᠢᠨ ᠤᠲᠤ ᠬᠦᠬᠡᠬᠤᠲᠠ᠎ᠳ᠋ᠤ ᠠᠷᠠᠰᠦᠨ ᠤᠷᠠᠯᠠᠯ᠎ᠤᠨ ᠺᠤᠮᠫᠠᠨᠢ ᠠᠵᠢᠯᠯᠠᠭᠤᠯᠵᠦ ᠪᠠᠢᠨ᠎ᠠ ︔ ᠰᠤᠷᠭᠠᠭᠤᠯᠢ᠎ᠶᠢᠨ ᠲᠤᠭᠯᠠᠯᠲᠠ᠎ᠳ᠋ᠤ ᠲᠠᠩᠲᠠ ᠬᠤᠭᠤᠷ ᠬᠦᠭᠯᠡᠵᠦ ᠬᠤᠯᠪᠤᠭ᠎ᠠ ᠶᠠᠷᠢᠲᠠᠭ ᠪᠠᠢᠬᠰᠠᠨ ᠮᠠᠨᠠᠢᠬᠢᠨ᠎ᠤ ᠪᠠᠰᠠ ᠨᠢᠬᠡ ᠰᠤᠷᠤᠭᠴᠢ᠎ᠨᠢ ᠰᠤᠨᠤᠰᠬᠤᠯᠠᠷ ᠤᠲᠤ ᠬᠤᠭᠤᠯᠠᠨ ᠭᠡᠷ᠎ᠤᠨ ᠰᠠᠢᠨ ᠲᠤᠭᠤᠭᠠᠴᠢ ᠪᠤᠯᠤᠭᠠᠳ ᠶᠠᠪᠤᠵᠦ ᠪᠠᠢᠨ᠎ᠠ ᠬᠡᠨ᠎ᠡ ᠁ ᠳᠡᠷᠡ ᠴᠤ ᠶᠠᠭᠠᠬᠢᠬᠤᠪ ᠂ ᠠᠮᠢᠳᠤᠷᠡᠯ ᠦᠪᠡᠷ᠎ᠢᠶᠡᠨ ᠳᠦᠮᠡᠨ ᠦᠩᠬᠡ᠎ᠲᠠᠢ᠎ᠡᠴᠠ ᠬᠤᠢᠰᠢ ᠃
ᠬᠡᠯᠡᠨ᠎ᠤ ᠤᠷᠠᠯᠢᠭ᠎ᠤᠨ ᠭᠠᠢᠬᠠᠮᠰᠢᠬ ᠂ ᠦᠦᠬᠡ ᠲᠡᠦᠭᠡ᠎ᠶᠢᠨ ᠠᠮᠢᠲᠤ ᠲᠡᠮᠳᠡᠭᠯᠡᠯ ᠂ ᠦᠪ ᠰᠤᠶᠤᠯ᠎ᠤᠨ ᠨᠢᠬᠡᠨ ᠲᠠᠰᠤᠷᠬᠠᠢ ᠪᠤᠯᠤᠬᠰᠠᠨ ᠬᠤᠭᠤᠷ᠎ᠤᠨ ᠦᠯᠢᠬᠡᠷ᠎ᠨᠢ ᠰᠤᠷᠠᠭ ᠵᠠᠩᠬᠢ ᠪᠢᠳᠡᠬᠦᠬᠡᠨ ᠂ ᠵᠠᠮ ᠬᠠᠷᠢᠯᠴᠠᠭ᠎ᠠ ᠪᠤᠢᠲᠠᠬᠠᠨ ᠪᠠᠢᠬᠰᠠᠨ ᠲᠡᠭᠡᠷ᠎ᠡ ᠵᠠᠭᠤᠨ᠎ᠤ ᠨᠠᠶᠠᠭᠠᠳ ᠤᠨ᠎ᠳ᠋ᠤ ᠬᠡᠦᠬᠡᠳ ᠨᠠᠰᠦᠨ᠎ᠤ ᠮᠠᠨᠢ ᠤᠶᠤᠨ᠎ᠤ ᠬᠦᠷᠳᠡᠭᠡᠯ ᠂ ᠠᠮᠢᠲᠤᠷᠠᠯ᠎ᠤᠨ ᠵᠤᠭ᠎ᠠ ᠪᠤᠯᠵᠦ ᠪᠠᠢᠭᠰᠠᠨ ᠪᠤᠯ ᠤᠳᠤ ᠰᠤᠷᠮᠤᠤᠰᠦ ᠴᠢᠭᠢᠭᠲᠦᠬᠦᠯᠳᠡᠭ ᠪᠠᠭ᠎ᠠ᠎ᠶᠢᠨ ᠰᠠᠢᠬᠠᠨ ᠲᠤᠷᠠᠳᠬᠠᠯ ᠪᠤᠯᠵᠠᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃