ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2020-07-05 10:23:48

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

 ᠠᠪᠤ᠋ ᠡ ᠂ ᠨᠠᠷᠠ ᠂ ᠨᠠᠷᠠ ᠨᠢᠭᠤᠴᠢᠬᠠᠯ᠎ᠠ ᠃

ᠳᠦᠩᠭᠡᠵᠢ ᠯᠠ ᠬᠡᠯᠡ᠎ᠳ᠋ᠤ ᠤᠷᠤᠵᠤ ᠪᠠᠢᠭ᠎ᠠ ᠬᠦᠦ ᠮᠢᠨᠢ ᠨᠡᠷ᠎ᠠ᠎ᠶᠢ᠎ᠨᠢ ᠦᠯᠦ ᠮᠡᠳᠡᠬᠦ ᠳᠠᠯᠠᠨ ᠬᠠᠷ᠎ᠠ᠎ᠶᠢᠨ ᠳᠤᠯᠤᠭᠠᠳ᠎ᠢ ᠵᠢᠭᠠᠭᠰᠠᠭᠠᠷ ᠦᠬᠦᠯᠡᠨ᠎ᠠ ᠃ ᠬᠠᠷᠠᠪᠠᠰᠤ ᠰᠢᠩᠭᠡᠬᠦ ᠨᠠᠷᠠᠨ᠎ᠤ ᠰᠡᠬᠦᠯᠴᠢ᠎ᠶᠢᠨ ᠳᠤᠶᠠᠭ᠎ᠠ ᠠᠭᠤᠯᠠᠰ᠎ᠤᠨ ᠴᠠᠭᠠᠭᠤᠷ ᠰᠢᠩᠬᠡᠵᠦ ᠪᠠᠢᠭ᠎ᠠ ᠠᠵᠢ ᠃

标题.jpg

 ᠳᠡᠢᠮᠦ ᠡ ᠂ ᠬᠦᠦ ᠮᠢᠨᠢ ᠃ ᠨᠠᠷᠠ ᠴᠢᠮ᠎ᠠ᠎ᠲᠠᠢ ᠨᠢᠭᠤᠯᠴᠠᠵᠤ ᠨᠠᠭᠠᠳᠴᠤ ᠪᠤᠢ ᠰᠢᠦ ᠭᠡᠵᠦ ᠪᠦᠰᠡᠬᠦᠢ ᠪᠢᠳᠡ ᠬᠤᠶᠠᠭᠤᠯᠠ ᠬᠦᠦ᠎ᠪᠠᠨ ᠦᠬᠦᠭᠡᠷᠳᠡᠪᠡ ᠃

ᠬᠦᠦ ᠮᠢᠨᠢ ᠨᠠᠷᠠ ᠂ ᠰᠠᠷᠠ ᠂ ᠤᠳᠤ ᠭᠡᠮᠡᠨ ᠨᠡᠷᠡᠯᠡᠵᠦ ᠴᠢᠳᠠᠭᠠᠳ ᠤᠳᠠᠭᠠᠳᠤᠢ ᠃ ᠴᠢᠨᠠᠭᠰᠢᠯᠠᠪᠠᠯ ᠬᠦᠦ᠎ᠶᠢᠨ ᠮᠢᠨᠢ ᠰᠡᠳᠬᠢᠯ᠎ᠳ᠋ᠤ ᠨᠠᠷᠠ ᠂ ᠰᠠᠷᠠ ᠂ ᠤᠳᠤ᠎ᠶᠢᠨ ᠳᠤᠬᠠᠢ ᠶᠠᠮᠠᠷ ᠴᠤ ᠤᠬᠠᠭᠳᠠᠬᠤᠨ ᠪᠠᠢᠬᠤ ᠦᠭᠡᠢ ᠪᠠᠢᠵᠤ ᠮᠡᠳᠡᠬᠦ ᠶᠤᠮ ᠃ ᠭᠡᠯ᠎ᠠ ᠴᠤ ᠶᠢᠷᠲᠢᠨᠴᠦ᠎ᠶᠢᠨ ᠶᠠᠭᠤᠮ᠎ᠠ ᠪᠦᠬᠦᠨ᠎ᠢ ᠰᠤᠨᠢᠭᠤᠴᠢᠯᠠᠬᠤ ᠬᠡᠤᠬᠡᠳ᠎ᠤᠨ ᠰᠡᠳᠬᠢᠯ ᠭᠡᠵᠦ ᠭᠡᠨᠡᠨ ᠂ ᠴᠠᠢᠯᠭᠠᠨ ᠰᠢᠦ ᠳ᠋ᠠ ᠃ ᠲᠡᠷᠡ ᠰᠡᠳᠬᠢᠯ᠎ᠢ ᠠᠷᠭᠠᠳᠠᠬᠤ ᠭᠡᠵᠦ ᠪᠦᠰᠡᠬᠦᠢ ᠪᠢᠳᠡ ᠬᠤᠶᠠᠭᠤᠯᠠ᠎ᠪᠠᠨ ᠤᠬᠠᠭᠠᠨ᠎ᠢᠶᠡᠨ ᠰᠢᠪᠬᠠᠨ᠎ᠠ ᠃ ᠦᠷᠦᠭᠡ ᠭᠡᠷ᠎ᠲᠠᠬᠢ ᠬᠤᠷᠭᠤ ᠠᠪᠳᠠᠷ᠎ᠠ᠎ᠡᠴᠠ ᠡᠯᠬᠦᠵᠦ ᠪᠤᠢ ᠵᠢᠷᠤᠭ ᠰᠡᠬᠦᠳᠡᠷ ᠂ ᠤᠷᠭᠤᠵᠤ ᠪᠤᠢ ᠡᠪᠡᠰᠦ ᠮᠤᠳᠤ᠎ᠡᠴᠠ ᠵᠠᠮ᠎ᠢᠶᠠᠷ ᠦᠩᠭᠡᠷᠡᠬᠦ ᠡᠯᠳᠡᠪ ᠮᠠᠰᠢᠨ ᠁ ᠭᠡᠳ ᠶᠠᠩᠵᠤ᠎ᠶᠢᠨ ᠶᠠᠭᠤᠮ᠎ᠠ᠎ᠶᠢ ᠨᠡᠷᠡᠯᠡᠨ ᠵᠢᠭᠠᠬᠤ ᠭᠡᠵᠦ ᠬᠦᠦ᠎ᠲᠠᠢ᠎ᠪᠠᠨ ᠬᠠᠮᠳᠤ ᠱᠤᠯᠤᠭᠠᠨᠠᠨ ᠰᠠᠭᠤᠨ᠎ᠠ ᠃

作者.png

ᠦᠪᠡᠷ᠎ᠢ᠎ᠪᠠᠨ ᠪᠢ ︽ ᠰᠠᠢᠨ ᠠᠪᠤ᠋ ︾ ᠭᠡᠳᠡᠭ᠎ᠲᠡᠭᠡᠨ ᠦᠷᠬᠦᠯᠵᠢ ᠡᠷᠡᠭᠡᠯᠵᠡᠳᠡᠭ ᠃ ᠤᠢ ᠬᠦᠷᠬᠦ᠎ᠡᠴᠠ᠎ᠨᠢ ᠡᠮᠦᠨ᠎ᠠ ᠬᠦᠦ᠎ᠶᠢ ᠮᠢᠨᠢ ᠡᠪᠦᠭᠡ ᠡᠮᠡᠭᠡ᠎ᠨᠢ ᠬᠠᠷᠠᠭᠠᠯᠵᠠᠳᠠᠭ ᠪᠠᠢᠭᠰᠠᠨ ᠶᠤᠮ ᠃ ᠪᠢᠳᠡ ᠬᠦᠦ᠎ᠪᠠᠨ ᠪᠤᠰᠬᠤ᠎ᠡᠴᠠ᠎ᠨᠢ ᠡᠮᠦᠨ᠎ᠠ ᠠᠵᠢᠯ᠎ᠳᠠᠭᠠᠨ ᠶᠠᠪᠤᠳᠠᠭ ᠂ ᠦᠳᠡᠰᠢ ᠬᠠᠷᠢᠬᠤ᠎ᠳ᠋ᠤ ᠬᠦᠦ ᠮᠢᠨᠢ ᠤᠨᠳᠠᠴᠢᠬᠠᠳᠠᠭ ᠪᠠᠢᠭᠰᠠᠨ ᠃ ᠢᠩᠬᠢᠵᠦ ᠦᠷᠯᠦᠭᠡ ᠦᠳᠡᠰᠢ᠎ᠪᠠᠷ ᠪᠡᠶ᠎ᠠ ᠪᠡᠶ᠎ᠠ᠎ᠪᠠᠨ ᠦᠵᠡᠯ ᠦᠭᠡᠢ ᠶᠠᠪᠤᠭᠰᠠᠨ᠎ᠢᠶᠡᠨ ᠬᠦᠦ ᠮᠢᠨᠢ ᠨᠠᠮ᠎ᠠ᠎ᠶᠢ ᠦᠯᠦ ᠳᠠᠨᠢᠬᠤ ᠬᠦᠮᠦᠨ᠎ᠤ ᠨᠢᠳᠦ᠎ᠪᠠᠷ ᠬᠠᠷᠠᠬᠤ ᠪᠤᠯᠤᠭᠰᠠᠨ᠎ᠨᠢ ᠬᠢᠵᠠᠭᠠᠷ ᠦᠭᠡᠢ ᠡᠮᠵᠡᠭᠯᠡᠬᠦᠯᠵᠦ ᠪᠢᠯᠡ ᠃ ᠲᠡᠷᠡ ᠴᠠᠭ᠎ᠡᠴᠠ ᠬᠤᠢᠰᠢ ᠬᠦᠦ᠎ᠳ᠋ᠡᠭᠡᠨ ᠬᠠᠨᠢ ᠪᠤᠯᠬᠤ ᠭᠡᠵᠦ ᠪᠤᠯᠤᠮᠵᠢ ᠪᠦᠬᠦᠳᠡ᠎ᠶᠢ ᠡᠷᠢᠬᠦ ᠪᠤᠯᠤᠭᠰᠠᠨ ᠶᠤᠮ ᠃

IMG_5444.JPG

ᠬᠦᠦ᠎ᠳ᠋ᠡᠭᠡᠨ ᠬᠠᠨᠢ ᠪᠤᠯᠬᠤ ᠂ ᠬᠤᠷᠸ᠎ᠠ᠎ᠶᠢᠨ ᠦᠩᠭᠡ᠎ᠶᠢ ᠳᠠᠨᠢᠭᠤᠯᠬᠤ᠎ᠨᠢ ᠡᠴᠢᠭᠡ ᠡᠬᠡ ᠪᠤᠯᠤᠭᠰᠠᠳ᠎ᠤᠨ ᠡᠬᠦᠷᠭᠡ ᠯᠠ ᠪᠢᠵᠠ ᠃ ᠬᠠᠷᠢᠨ ᠡᠨᠡ ᠡᠬᠦᠷᠭᠡ᠎ᠳ᠋ᠤ ᠰᠡᠳᠬᠢᠯ᠎ᠢᠶᠡᠨ ᠦᠭᠭᠦᠭᠡᠳ ᠳᠤᠡᠭ ᠴᠤ ᠶᠡᠬᠡ ᠤᠳᠠᠭ᠎ᠠ ᠦᠭᠡᠢ ᠳ᠋ᠠ ᠃ ᠦᠷ᠎ᠠ᠎ᠶᠢᠨ ᠵᠤᠯᠠᠢ ᠦᠨᠦᠷᠯᠡᠵᠦ ᠂ ᠠᠪᠤ᠋᠎ᠶᠢᠨ ᠠᠯᠳᠠᠷ᠎ᠢ ᠡᠷᠬᠦᠭᠰᠡᠨ ᠴᠠᠭ᠎ᠡᠴᠠ ᠬᠦᠦ᠎ᠳ᠋ᠡᠭᠡᠨ ᠬᠠᠨᠢ ᠪᠤᠯᠬᠤ᠎ᠶᠢ ᠬᠢᠴᠢᠶᠡᠭᠰᠡᠭᠡᠷ ᠢᠷᠡᠭᠰᠡᠨ ᠬᠡᠳᠦᠢ ᠴᠤ ᠠᠵᠢᠯ ᠠᠮᠢᠳᠤᠷᠠᠯ᠎ᠤᠨ ᠡᠷᠬᠡ᠎ᠪᠠᠷ ᠤᠰᠤᠯᠳᠠᠵᠤ ᠶᠠᠪᠤᠭᠰᠠᠨ᠎ᠢᠶᠡᠨ ᠪᠤᠳᠤᠬᠤ᠎ᠳ᠋ᠤ ᠡᠷᠬᠡ ᠦᠭᠡᠢ ᠬᠠᠷᠠᠮᠰᠠᠯ ᠲᠦᠷᠦᠨ᠎ᠠ ᠃ ᠨᠠᠷᠠ ᠂ ᠰᠠᠷᠠ ᠂ ᠤᠳᠤ ᠭᠡᠮᠡᠨ ᠨᠡᠷᠡᠯᠡᠵᠦ ᠰᠠᠭᠤᠭ᠎ᠠ ᠬᠦᠦ᠎ᠶᠢᠨ᠎ᠢᠶᠡᠨ ᠰᠡᠳᠬᠢᠯ᠎ᠢ ︽ ᠨᠠᠷᠠ ︾ ᠪᠤᠯᠵᠤ ᠬᠡᠷᠡᠯᠳᠦᠬᠦᠯᠵᠦ ᠦᠯᠦ ᠴᠢᠳᠠᠪᠠᠰᠤ ︽ ᠠᠪᠤ᠋ ︾ ᠠᠯᠳᠠᠷ᠎ᠢ ᠡᠷᠬᠦᠬᠦ᠎ᠶᠢᠨ ᠤᠴᠢᠷ ᠶᠠᠭᠤᠨ ᠪᠢᠯᠡ ⁈

IMG_5446(20200630-085209).JPG

ᠬᠡᠷᠪᠡ ᠶᠢᠷᠲᠢᠨᠴᠦ᠎ᠶᠢᠨ ᠶᠠᠭᠤᠮ᠎ᠠ ᠪᠦᠬᠦᠨ᠎ᠢ ᠬᠡᠮ ᠬᠡᠮᠵᠢᠶ᠎ᠠ᠎ᠪᠠᠷ ᠪᠠᠷᠢᠮᠵᠢᠶᠠᠯᠠᠵᠤ ᠪᠤᠯᠳᠠᠭ ᠪᠤᠯ ᠠᠪᠤ᠋ ᠬᠦᠮᠦᠨ᠎ᠤ ᠡᠬᠦᠷᠭᠡ ᠬᠠᠷᠢᠭᠤᠴᠠᠯᠭ᠎ᠠ᠎ᠶᠢ ᠴᠤ ᠡᠨᠡ ᠪᠠᠷᠢᠮᠵᠢᠶ᠎ᠠ᠎ᠪᠠᠷ ᠤᠨᠤᠭ᠎ᠠ ᠦᠭᠴᠤ ᠪᠤᠯᠬᠤ ᠶᠤᠮ ᠃ ᠳᠠᠩᠴᠢ ᠡᠨᠡ ᠰᠢᠯᠭᠠᠯᠳᠠ᠎ᠳ᠋ᠤ ᠬᠡᠳᠦᠢ ᠤᠨᠤᠭ᠎ᠠ ᠠᠪᠴᠤ ᠴᠢᠳᠠᠬᠤ᠎ᠪᠠᠨ ᠮᠡᠳᠡᠬᠦ ᠦᠭᠡᠢ ᠪᠤᠳᠤᠯᠢᠵᠦ ᠶᠠᠪᠤᠨ᠎ᠠ ᠃

 ᠠᠪᠤ᠋ ᠡ ᠂ ᠨᠠᠷᠠ ᠬᠠᠮᠢᠭ᠎ᠠ ᠨᠢᠭᠤᠴᠢᠬᠠᠭᠰᠠᠨ ᠪᠤᠢ ︖ ᠭᠡᠵᠦ ᠬᠦᠦ ᠮᠢᠨᠢ ᠠᠰᠠᠭᠤᠨ᠎ᠠ ᠃

 ᠨᠠᠷᠠ ᠠᠭᠤᠯᠠ᠎ᠶᠢᠨ ᠴᠠᠭᠠᠨ᠎ᠠ ᠨᠢᠭᠤᠴᠢᠬᠠᠭᠰᠠᠨ ᠰᠢᠦ ᠭᠡᠵᠦ ᠪᠢ ᠬᠠᠷᠢᠭᠤᠯᠤᠨ᠎ᠠ ᠃

 ᠨᠠᠷᠠ ᠠᠭᠤᠯᠠ᠎ᠶᠢᠨ ᠴᠠᠭᠠᠨ᠎ᠠ ᠨᠢᠭᠤᠴᠢᠬᠠᠵᠠᠢ ᠭᠡᠵᠦ ᠬᠦᠦ ᠮᠢᠨᠢ ᠬᠡᠯᠡᠭᠰᠡᠨ ᠦᠭᠡ᠎ᠶᠢ ᠮᠢᠨᠢ ᠳᠠᠪᠳᠠᠨ᠎ᠠ ᠃

IMG_5447.JPG

ᠨᠠᠷᠠ ᠂ ᠠᠭᠤᠯᠠ᠎ᠡᠴᠠ ᠢᠯᠡᠬᠦᠦ ᠨᠡᠡᠭ ᠤᠯᠠᠨ ᠠᠰᠠᠭᠤᠯᠳᠠ ᠬᠦᠦ᠎ᠳ᠋ᠤ ᠮᠢᠨᠢ ᠳᠤᠯᠭᠠᠷᠠᠨ᠎ᠠ ᠃

ᠠᠰᠠᠭᠤᠭᠰᠠᠨ ᠪᠦᠬᠦᠳᠡ᠎ᠳ᠋ᠤ᠎ᠨᠢ ᠬᠠᠷᠢᠭᠤᠯᠳᠠ ᠦᠭᠴᠤ ᠴᠢᠳᠠᠬᠤ ᠡᠰᠡᠬᠦ᠎ᠪᠠᠨ ᠮᠡᠳᠡᠬᠦ ᠦᠭᠡᠢ ᠪᠢ ᠪᠤᠳᠤᠯᠢᠨ᠎ᠠ ᠃ ᠬᠡᠷᠪᠡ ᠠᠰᠠᠭᠤᠯᠳᠠ ᠪᠦᠬᠦᠨ ᠬᠠᠷᠢᠭᠤᠯᠳᠠ᠎ᠲᠠᠢ ᠪᠠᠢᠳᠠᠭ᠎ᠲᠤ ᠬᠦᠷᠪᠡᠯ ᠬᠦᠦ᠎ᠳ᠋ᠡᠭᠡᠨ ᠪᠦᠬᠦᠳᠡ᠎ᠶᠢ ᠬᠡᠯᠡᠬᠦ ᠰᠠᠨ ᠂ ᠬᠡᠷᠪᠡ ᠠᠰᠠᠭᠤᠯᠳᠠ ᠪᠦᠬᠦᠳᠡ ᠬᠠᠷᠢᠭᠤᠯᠳᠠ ᠦᠭᠡᠢ ᠪᠤᠯ ᠬᠦᠦ᠎ᠲᠠᠢ᠎ᠪᠠᠨ ᠬᠠᠮᠳᠤ ᠡᠷᠢᠯᠬᠢᠯᠡᠬᠦ ᠰᠠᠨ ᠃

ᠬᠦᠦ᠎ᠶᠢᠨ᠎ᠢᠶᠡᠨ ᠭᠠᠷ᠎ᠡᠴᠠ ᠬᠦᠲᠦᠯᠵᠦ ᠬᠤᠷᠸ᠎ᠠ᠎ᠶᠢᠨ ᠦᠨᠡᠨ᠎ᠢ ᠲᠤᠭᠤᠯᠬᠤ ᠶᠤᠮ ᠰᠠᠨ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面