ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2020-06-30 09:51:24

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

标题.jpg

︽ ᠬᠡᠷᠪᠡ ᠲᠤᠯᠤᠭᠠᠨ ᠵᠢᠯ᠎ᠤᠨ ᠡᠮᠤᠨᠡᠬᠢ ᠪᠤᠷᠤᠭᠠᠨ᠎ᠲᠠᠢ ᠰᠦᠨᠢ ᠨᠦᠬᠦᠬᠡ ᠪᠦᠰᠡᠬᠦᠢ᠎ᠲᠠᠢ ᠠᠭᠤᠯᠵᠠᠭ᠎ᠠ ᠦᠬᠡᠢ ᠰᠠᠨ ᠪᠤᠯ ᠬᠦᠤ ᠮᠢᠨᠢ ᠤᠳᠤ ᠶᠠᠮᠠᠷ ᠪᠠᠶᠢᠬᠤ ᠪᠤᠯ ᠳ᠋ᠠ ᠁ ︾ ᠬᠡᠵᠤ ᠪᠤᠳᠤᠨ ᠬᠦᠤ᠎ᠶᠢᠨ᠎ᠢᠶᠡᠨ ᠬᠦᠢᠳᠠᠨ ᠭᠠᠷ᠎ᠡᠴᠠ ᠪᠠᠷᠢᠬᠤ᠎ᠳ᠋ᠤ ᠰᠢᠷᠬᠢᠭᠰᠡᠨ ᠨᠢᠳᠤᠨ᠎ᠳ᠋ᠤ᠎ᠨᠢ ᠨᠢᠯᠪᠤᠰᠤ ᠵᠠᠶᠢᠷᠳᠤᠵᠤ ᠪᠠᠶᠢᠪᠠ ᠃ ᠠᠶᠠᠨ ᠤᠬᠠᠭ᠎ᠠ ᠦᠬᠡᠢ ᠮᠠᠨᠠᠷᠠᠭᠰᠠᠨ ᠬᠦᠤ᠎ᠶᠢᠨ᠎ᠢᠶᠡᠨ ᠬᠠᠵᠠᠭᠤ᠎ᠳ᠋ᠤ ᠡᠳᠤᠷᠵᠢᠨ ᠰᠦᠨᠢᠵᠢᠨ ᠡᠶᠢᠨ ᠬᠦ ᠨᠢᠯᠪᠤᠰᠤ᠎ᠪᠠᠨ ᠬᠠᠳᠠᠳᠠᠯ᠎ᠠ ᠬᠠᠷᠡᠨ ᠰᠠᠭᠤᠵᠦ ᠂ ᠶᠡᠷᠦ ᠪᠤᠰᠤ᠎ᠶᠢᠨ ᠭᠠᠶᠢᠬᠠᠮᠰᠢᠭ ᠡᠬᠦᠰᠴᠤ ᠬᠦᠤ᠎ᠪᠠᠨ ᠰᠡᠷᠭᠦᠵᠤ ᠢᠷᠡᠬᠦ᠎ᠶᠢ᠎ᠨᠢ ᠬᠦᠰᠡᠨ ᠬᠦᠯᠢᠶᠠᠵᠤ ᠂ ᠲᠠᠭᠠᠳᠬᠠᠨ ᠵᠠᠯᠪᠠᠷᠢᠭᠰᠠᠭᠠᠷ ᠁

᠁

ᠲᠤᠯᠤᠭᠠᠨ ᠵᠢᠯ᠎ᠤᠨ ᠡᠮᠤᠨ᠎ᠠ ᠠᠶᠠᠨ ᠭᠡᠷᠭᠡᠢ ᠬᠡᠷᠡᠯᠮ᠎ᠠ᠎ᠲᠠᠢ᠎ᠪᠠᠨ ᠬᠤᠷᠠᠮᠳᠤᠭᠤᠯᠤᠭᠰᠠᠨ ᠵᠢᠭᠠᠬᠠᠨ ᠮᠦᠩᠭᠦ᠎ᠪᠠᠷ᠎ᠢᠶᠡᠨ ᠨᠢᠬᠡᠨ ᠵᠢᠵᠢᠭ ᠪᠠᠭᠤᠳᠠᠯ ᠡᠷᠬᠢᠯᠡᠵᠤ ᠂ ᠡᠷᠳᠡᠯᠡᠵᠤ ᠤᠷᠤᠶᠢᠯᠠᠨ ᠪᠠᠶᠢᠵᠤ ᠠᠮᠢᠳᠤᠷᠠᠯ᠎ᠢᠶᠡᠨ ᠨᠡᠯᠢᠶᠠᠳ ᠦᠬᠡᠳᠠ᠎ᠨᠢ ᠲᠠᠳᠠᠭᠰᠠᠨ ᠪᠠᠶᠢᠵᠠᠢ ᠃ ᠬᠡᠳᠡᠯ᠎ᠠ ᠨᠢᠬᠡᠨ ᠶᠠᠪᠤᠳᠠᠯ ᠡᠨᠡ ᠪᠦᠬᠦᠨ᠎ᠢ ᠦᠬᠡᠷᠡᠴᠢᠯᠡᠭᠰᠡᠨ ᠪᠠᠶᠢᠪᠠ ᠃

作者.jpg

ᠪᠤᠷᠤᠭᠠᠨ ᠱᠠᠬᠢᠭᠰᠠᠨ ᠰᠦᠨᠢ᠎ᠪᠠᠷ ᠨᠢᠯᠬ᠎ᠠ ᠬᠡᠤᠬᠡᠳ ᠲᠡᠪᠡᠷᠢᠭᠰᠡᠨ ᠵᠠᠯᠠᠭᠤ ᠪᠦᠰᠡᠬᠦᠢ ᠢᠷᠡᠵᠠᠢ ᠃ ᠬᠠᠮᠤᠭ ᠬᠤᠪᠴᠠᠰᠤ᠎ᠨᠢ ᠱᠠᠯᠠᠪ ᠨᠤᠷᠤᠭᠰᠠᠨ ᠲᠡᠷᠨ ᠪᠦᠰᠡᠬᠦᠢ ᠲᠠᠭᠵᠢᠨ ᠴᠡᠴᠡᠷᠡᠵᠤ ᠡᠪᠤᠷ᠎ᠲᠠᠬᠢ ᠬᠡᠤᠬᠡᠳ᠎ᠨᠢ ᠴᠤ ᠤᠬᠢᠯᠠᠭᠠᠳ ᠬᠤᠭᠤᠯᠠᠢ᠎ᠨᠢ ᠰᠦᠬᠡᠭᠰᠡᠨ ᠪᠠᠶᠢᠯ᠎ᠠ ᠃

- ᠠᠬ᠎ᠠ ᠡ ᠂ ᠦᠷᠦᠬᠡ ᠪᠠᠶᠢᠨ᠎ᠠ ‍ᠤᠤ ︖

- ᠪᠦᠷ ᠲᠦᠬᠦᠷᠴᠢᠭᠡᠭᠰᠡᠨ ᠰᠢᠤ ᠂ ᠠᠭᠤᠴᠢᠯᠠᠭᠠᠷᠠᠢ ︕

- ᠲᠠᠨ᠎ᠢ ᠭᠤᠶᠤᠶ᠎ᠠ ᠂ ᠬᠡᠳᠤᠨ ᠭᠠᠵᠠᠷ᠎ᠢᠶᠠᠷ ᠤᠷᠤᠭᠠᠳ ᠪᠦᠷ ᠬᠡᠷ ᠤᠯᠤᠭ᠎ᠠ ᠦᠬᠡᠢ ᠁

ᠠᠶᠤᠩᠭ᠎ᠠ ᠪᠤᠷᠤᠭᠠᠨ᠎ᠲᠠᠢ ᠬᠠᠷᠠᠩᠭᠤᠢ ᠰᠦᠨᠢ ᠰᠢᠬᠦᠷ ᠴᠤ ᠦᠬᠡᠢ ᠭᠠᠭᠴᠠ ᠪᠡᠶ᠎ᠠ ᠪᠦᠰᠡᠬᠦᠢ ᠬᠡᠤᠬᠡᠳ ᠲᠡᠪᠡᠷᠢᠭᠡᠳ ᠲᠡᠪᠡᠳᠡᠵᠤ ᠶᠠᠪᠤᠭ᠎ᠠ᠎ᠶᠢ᠎ᠨᠢ ᠬᠠᠷᠠᠭᠠᠳ ᠠᠶᠠᠨ ᠭᠠᠶᠢᠬᠠᠰᠢ ᠲᠦᠷᠦᠭᠰᠡᠨ ᠪᠤᠯᠪᠠᠴᠤ ᠪᠤᠷᠤᠭᠠᠨ᠎ᠳ᠋ᠤ ᠪᠤᠴᠠᠭᠠᠴᠢᠬᠠᠵᠤ ᠴᠢᠳᠠᠭ᠎ᠠ ᠦᠬᠡᠢ ᠃ ᠬᠤᠷᠢᠶᠠᠯᠭ᠎ᠠ᠎ᠶᠢᠨ ᠬᠡᠷ᠎ᠢᠶᠡᠨ ᠵᠠᠶᠢᠴᠢᠯᠠᠵᠤ ᠦᠭᠬᠦᠭᠰᠡᠨ᠎ᠳ᠋ᠤ ᠲᠡᠷᠨ ᠡᠮᠡᠭᠲᠡᠢ ᠶᠡᠬᠡᠳᠠ ᠲᠠᠯᠠᠷᠬᠠᠪᠠ ᠃

ᠲᠠᠷᠠᠭ᠎ᠠ ᠡᠳᠤᠷ᠎ᠨᠢ ᠵᠤᠴᠢᠳ ᠶᠠᠪᠤᠭᠠᠳ ᠲᠠᠭᠤᠰᠬᠤ᠎ᠳ᠋ᠤ ᠨᠦᠬᠦᠬᠡ ᠦᠷᠦᠬᠡ ᠬᠠᠷᠢᠨ ᠲᠠᠭ ᠴᠢᠭ᠋ ᠃ ᠲᠠᠨᠢᠬᠤ ᠦᠬᠡᠢ ᠪᠦᠰᠡᠬᠦᠢ᠎ᠶᠢᠨ ᠦᠷᠦᠭᠡᠨ᠎ᠳ᠋ᠤ ᠤᠷᠤᠬᠤ᠎ᠡᠴᠠ᠎ᠪᠠᠨ ᠡᠷᠡᠭᠡᠯᠡᠵᠤ ᠬᠡᠷᠡᠯᠮ᠎ᠠ᠎ᠪᠠᠨ ᠦᠵᠡᠭᠡᠳ ᠢᠷ᠎ᠠ ᠬᠡᠰᠡᠨ᠎ᠳ᠋ᠤ ᠂ ᠠᠪᠠᠭᠠᠢ᠎ᠨᠢ ᠬᠠᠷᠢᠨ ᠴᠢ ᠶᠠᠭᠠᠬᠢᠭᠰᠠᠨ ᠬᠡᠷᠡᠭ᠎ᠲᠤ ᠲᠤᠷᠠᠳᠠᠢ ᠶᠤᠮ ᠪᠤᠢ ᠬᠡᠵᠤ ᠤᠨᠳᠤᠭᠤᠴᠠᠵᠠᠢ ᠃ ᠦᠳᠠ᠎ᠶᠢᠨ ᠬᠤᠶᠢᠨ᠎ᠠ ᠪᠤᠯᠬᠤ᠎ᠳ᠋ᠤ ᠦᠷᠦᠬᠡᠨ᠎ᠡᠴᠠ ᠬᠡᠤᠬᠡᠳ᠎ᠤᠨ ᠤᠬᠢᠯᠠᠬᠤ ᠲᠠᠭᠤᠨ ᠵᠤᠭᠰᠤᠬᠤ ᠦᠬᠡᠢ ᠪᠤᠯᠬᠤᠷ ᠠᠶᠠᠨ ᠬᠠᠭᠠᠯᠭ᠎ᠠ᠎ᠶᠢ᠎ᠨᠢ ᠲᠤᠭᠰᠢᠵᠤ ᠦᠵᠡᠪᠡ ᠃ ᠲᠡᠭᠡᠭᠡᠳ ᠶᠠᠮᠠᠷ ᠴᠤ ᠴᠢᠮᠡᠭᠡ ᠠᠨᠢᠷ ᠦᠬᠡᠢ ᠪᠤᠯᠬᠤᠷ ᠤᠷᠤᠭᠠᠳ ᠦᠵᠡᠪᠡᠯ ᠨᠦᠬᠦᠬᠡ ᠡᠮᠡᠭᠲᠡᠢ ᠦᠯᠦᠬᠡᠢ᠎ᠲᠠᠢ ᠬᠡᠤᠬᠡᠳ᠎ᠢᠶᠡᠨ ᠤᠷᠬᠢᠭᠠᠳ ᠴᠤᠩᠬᠤ᠎ᠪᠠᠷ ᠭᠠᠷᠤᠭᠠᠳ ᠠᠷᠢᠯᠴᠢᠬᠠᠵᠠᠢ ᠃ ᠪᠠᠯᠠᠭᠳᠠᠭᠰᠠᠨ ᠠᠶᠠᠨ ᠬᠡᠤᠬᠡᠳ᠎ᠤᠨ ᠤᠬᠢᠯᠠᠬᠤ ᠲᠠᠭᠤᠨ᠎ᠳ᠋ᠤ ᠰᠡᠬᠡᠰᠬᠢᠵᠤ ᠦᠯᠦᠭᠡᠢ᠎ᠲᠠᠢ ᠨᠢᠯᠬ᠎ᠠ᠎ᠶᠢ ᠲᠡᠪᠡᠷᠢᠵᠤ ᠠᠪᠬᠤ᠎ᠳ᠋ᠤ ᠨᠢᠳᠤᠨ᠎ᠳ᠋ᠤ ᠲᠤᠯᠠᠭᠠᠬᠠᠨ ᠬᠦᠬᠡᠷᠤᠬᠦᠨ ᠬᠡᠤᠬᠡᠳ ᠪᠠᠶᠢᠯ᠎ᠠ ᠃ ᠤᠬᠢᠯᠠᠵᠤ ᠪᠠᠶᠢᠭ᠎ᠠ᠎ᠶᠢ᠎ᠨᠢ ᠬᠠᠷᠠᠬᠤ᠎ᠳ᠋ᠤ ᠬᠠᠮᠢᠭ᠎ᠠ ᠨᠢᠬᠡ ᠭᠠᠵᠠᠷ᠎ᠨᠢ ᠡᠪᠡᠳᠴᠤ ᠪᠠᠶᠢᠮᠠᠷ ᠃ ᠦᠯᠦᠭᠡᠢ᠎ᠶᠢ᠎ᠨᠢ ᠲᠡᠯᠭᠡᠵᠤ ᠦᠵᠡᠭᠡᠳ ᠦᠪᠡᠷ᠎ᠤᠨ ᠡᠷᠭᠡ ᠦᠬᠡᠢ ᠲᠠᠭᠤ ᠠᠯᠳᠠᠯ᠎ᠠ ᠃ ᠤᠤᠯ᠎ᠨᠢ ᠵᠠᠮᠳᠡᠭ ᠬᠡᠤᠬᠡᠳ ᠪᠠᠶᠢᠵᠠᠢ ᠯᠡ ᠳ᠋ᠠ ᠃

ᠶᠠᠭᠠᠬᠢᠬᠤ᠎ᠪᠠᠨ ᠤᠯᠵᠤ ᠶᠠᠳᠠᠭᠰᠠᠨ ᠲᠡᠷᠡᠪᠡᠷ ᠪᠤᠴᠠᠭᠠᠭᠠᠳ ᠪᠤᠭᠤᠬᠤ᠎ᠶᠢ ᠵᠠᠪᠳᠤᠳᠠᠯ᠎ᠠ ᠬᠡᠷᠡᠯᠮ᠎ᠠ ᠤᠷᠤᠵᠤ ᠢᠷᠡᠪᠡ ᠃ ᠲᠡᠭᠡᠭᠡᠳ ᠬᠡᠤᠬᠡᠳ᠎ᠢ ᠦᠵᠡᠭᠰᠡᠨ᠎ᠢᠶᠡᠨ ᠄ ︽ ᠬᠡᠷ ᠤᠷᠤᠨ ᠲᠦᠬᠦᠷᠴᠢᠭᠡᠭᠰᠡᠨ ᠪᠠᠶᠢᠬᠤ᠎ᠳ᠋ᠤ ᠮᠠᠭᠤ ᠡᠮ᠎ᠠ᠎ᠶᠢ ᠤᠷᠤᠭᠤᠯᠤᠭᠠᠳ ᠬᠤᠬᠢ ᠴᠢᠨᠢ ︕ ᠤᠳᠤ ᠶᠠᠭᠠᠬᠢᠬᠤ᠎ᠪᠠᠨ ᠴᠢ ᠦᠪᠡᠷ᠎ᠢᠶᠡᠨ ᠮᠡᠳᠠ ᠂ ᠪᠢ ᠴᠤ ᠯᠠᠪ ᠬᠠᠮᠢᠶᠠᠷᠬᠤ ᠦᠬᠡᠢ ᠁ ︾ ᠬᠡᠵᠤ ᠵᠠᠩᠨᠠᠵᠤ ᠭᠠᠷᠤᠯ᠎ᠠ ᠃ ᠠᠶᠠᠨ ᠦᠯᠦᠰᠤᠭᠡᠳ ᠲᠡᠰᠬᠦ ᠠᠯᠳᠠᠷᠠᠵᠤ ᠪᠠᠶᠢᠭ᠎ᠠ ᠨᠢᠯᠬ᠎ᠠ ᠠᠮᠢᠳᠠᠨ᠎ᠢ ᠬᠠᠷᠠᠭᠠᠳ ᠦᠷᠦᠪᠳᠦᠬᠦ᠎ᠳ᠋ᠡᠭᠡᠨ ᠦᠨᠢᠶᠡᠨ ᠰᠦ᠎ᠪᠠᠷ ᠤᠭᠵᠢᠪᠠ ᠃ ᠬᠡᠤᠬᠡᠳ᠎ᠤᠨ ᠬᠡᠳᠡᠰᠤ᠎ᠨᠢ ᠴᠠᠳᠤᠭᠰᠠᠨ ᠪᠤᠯᠤᠯᠳᠠᠢ ᠂ ᠤᠬᠢᠯᠠᠬᠤ᠎ᠪᠠᠨ ᠪᠤᠯᠢᠵᠤ ᠤᠳᠠᠯ ᠦᠬᠡᠢ ᠦᠨᠡᠬᠡᠴᠢᠯᠨᠨ ᠤᠨᠳᠠᠭᠠᠳ ᠦᠭᠪᠠ ᠃ ᠡᠪᠤᠷ᠎ᠲᠠᠬᠢ ᠬᠡᠤᠬᠡᠳ᠎ᠢ ᠬᠠᠷᠠᠬᠤ᠎ᠳ᠋ᠤ ᠦᠷᠦᠴᠨ᠎ᠨᠢ ᠵᠦᠬᠡᠯᠡᠷᠡᠵᠤ ᠄ ︽ ᠠᠪᠤ᠋ ᠡᠵᠢ᠎ᠨᠢ ᠬᠦᠷᠳᠡᠯ᠎ᠠ ᠬᠠᠶᠠᠭᠠᠳ ᠶᠠᠪᠤᠴᠢᠬᠠᠳᠠᠭ ᠶᠠᠮᠠᠷ ᠦᠢᠯᠨ᠎ᠲᠠᠢ ᠦᠷ᠎ᠠ ᠪᠤᠢ ᠴᠢ ᠁ ︾ ᠬᠡᠵᠤ ᠬᠦᠤ᠎ᠶᠢᠨ ᠨᠢᠭᠤᠷ᠎ᠢ ᠬᠦᠩᠭᠡᠨ ᠢᠯᠢᠬᠦ᠎ᠳ᠋ᠤ ᠴᠠᠭᠠᠳᠤᠬᠢ᠎ᠨᠢ ᠭᠠᠷ᠎ᠢ᠎ᠨᠢ ᠲᠠᠭᠠᠭᠤᠯᠤᠨ ᠮᠦᠮᠦ ᠬᠠᠶᠢᠨ ᠵᠢᠭᠠᠬᠠᠨ ᠤᠷᠤᠭᠤᠯ᠎ᠢᠶᠡᠨ ᠦᠮᠦᠯᠵᠡᠬᠦᠯᠬᠦ᠎ᠨᠢ ᠲᠡᠩᠳᠡᠬᠦᠤ ᠦᠬᠦᠬᠡᠷᠳᠦᠮ᠎ᠡ ᠦᠷᠤ ᠡᠪᠡᠳᠤᠮᠡᠷ ᠪᠠᠶᠢᠯ᠎ᠠ ᠃

ᠠᠶᠠᠨ ᠦᠯᠦᠬᠡᠢ᠎ᠲᠠᠢ ᠬᠡᠤᠬᠡᠳ᠎ᠢ ᠲᠡᠪᠡᠷᠢᠭᠰᠡᠬᠡᠷ ᠴᠠᠭᠳᠠᠭᠠᠨ᠎ᠤ ᠭᠠᠵᠠᠷ᠎ᠲᠤ ᠬᠦᠷᠴᠡᠢ ᠃ ᠨᠦᠬᠦᠬᠡ ᠬᠦᠮᠦᠰ ᠡᠨᠡ ᠲᠡᠷᠡ᠎ᠶᠢ ᠠᠰᠠᠭᠤᠵᠤ ᠯᠠᠪᠯᠠᠨ ᠲᠡᠮᠳᠡᠭᠯᠡᠬᠦᠶᠢᠴᠡ ᠪᠤᠯᠤᠭᠰᠠᠨ᠎ᠢᠶᠡᠨ ᠠᠰᠠᠭᠤᠳᠠᠯ᠎ᠢ ᠲᠤᠳᠤᠷᠬᠠᠶᠢᠯᠠᠳᠠᠯ᠎ᠠ ᠭᠡᠳᠤ ᠬᠤᠨᠤᠭ ᠬᠦᠯᠢᠶᠠᠵᠤ ᠪᠠᠢ ᠬᠡᠳ ᠪᠤᠴᠠᠭᠠᠪᠡ ᠃

ᠠᠶᠠᠨ ᠬᠡᠷᠡᠯᠮ᠎ᠠ ᠬᠤᠶᠠᠷ ᠬᠡᠳᠤᠨ ᠡᠳᠤᠷ ᠵᠦᠷᠢᠬᠦᠤ ᠪᠤᠷᠤᠭᠤ ᠬᠠᠷᠠᠵᠤ ᠵᠢᠭᠠᠬᠠᠨ ᠬᠦᠤ᠎ᠶᠢ ᠲᠤᠳᠤᠮᠳᠠᠯ᠎ᠠ ᠃ ᠠᠶᠠᠨ᠎ᠤ ᠬᠦᠤ᠎ᠨᠢ ᠶᠡᠭᠡ ᠬᠤᠳᠠ᠎ᠳ᠋ᠤ ᠰᠤᠷᠤᠯᠴᠠᠳᠠᠭ ᠃ ᠨᠢᠯᠬ᠎ᠠ ᠠᠮᠢᠳᠠᠨ᠎ᠲᠠᠢ ᠤᠶᠢᠷᠠᠳᠤᠭ᠎ᠠ ᠦᠬᠡᠢ ᠤᠳᠠᠴᠢᠬᠠᠭᠰᠠᠨ ᠪᠤᠯᠬᠤᠷ ᠪᠠᠷᠤᠭ ᠯᠡ ᠠᠩᠬ᠎ᠠ ᠬᠡᠤᠬᠡᠳ᠎ᠲᠠᠢ ᠪᠤᠯᠵᠤ ᠪᠠᠶᠢᠭ᠎ᠠ ᠶᠤᠮ ᠰᠢᠭ᠋ ᠬᠤᠶᠠᠭᠤᠯᠠ ᠰᠠᠨᠳᠤᠷᠴᠤ ᠂ ᠬᠡᠤᠬᠡᠳ ᠡᠪᠡᠳᠴᠤ ᠰᠢᠨᠠᠯᠤᠨ ᠤᠬᠢᠯᠠᠬᠤ᠎ᠪᠠᠷ᠎ᠨᠢ ᠪᠦᠷ ᠴᠤ ᠪᠠᠷᠢᠵᠤ ᠲᠠᠯᠪᠢᠬᠤ᠎ᠪᠠᠨ ᠤᠯᠵᠤ ᠶᠠᠳᠠᠨ᠎ᠠ ᠃ ᠬᠡᠬᠦ᠎ᠳ᠋ᠡᠭᠡᠨ ᠪᠦᠬᠦ ᠵᠦᠢᠯ᠎ᠤᠨ ᠡᠮᠤᠨ᠎ᠠ ᠠᠶᠠᠨ ᠯᠡ ᠬᠦᠶᠦᠨ᠎ᠠ ᠃ ᠰᠦᠨᠢ᠎ᠳ᠋ᠡᠭᠡᠨ ᠴᠦ ᠡᠪᠤᠷᠯᠡᠵᠤ ᠤᠨᠳᠠᠨ᠎ᠠ ᠃ ᠬᠦᠤ ᠠᠶᠠᠨ᠎ᠳ᠋ᠤ ᠨᠢᠬᠡ ᠯᠡ ᠡᠬᠡᠯᠢᠳᠠᠢ ᠂ ᠨᠢᠳᠤ ᠰᠠᠯᠭᠠᠯ ᠦᠬᠡᠢ ᠲᠠᠭᠠᠭᠤᠯᠤᠭᠠᠳ ᠬᠠᠷᠠᠨ᠎ᠠ ᠃ ᠬᠠᠵᠠᠭᠤ᠎ᠳ᠋ᠤᠨᠢ ᠪᠠᠶᠢᠪᠠᠯ ᠠᠩᠭᠠᠯᠵᠠᠭᠠᠳ ᠂ ᠲᠤᠯᠤᠭᠠᠢ᠎ᠪᠠᠨ ᠡᠪᠤᠷ᠎ᠲᠤᠨᠢ ᠨᠠᠭᠠᠯᠳᠤᠭᠤᠯᠤᠨ ᠡᠷᠬᠡᠯᠡᠨ᠎ᠡ ᠂ ᠪᠠᠶᠢᠬᠤ ᠦᠬᠡᠢ ᠪᠤᠯ ᠤᠬᠢᠯᠠᠨ᠎ᠡ ᠃ ᠬᠠᠶᠠ ᠤᠷᠤᠭᠤᠯ᠎ᠢᠶᠡᠨ ᠬᠦᠬᠦᠵᠤ ᠬᠦᠬᠡᠷᠤᠬᠦᠨ ᠵᠠᠩ ᠭᠠᠷᠭᠠᠵᠤ ᠠᠶᠠᠨ᠎ᠢ ᠢᠨᠢᠶᠠᠯᠭᠡᠨ᠎ᠠ ᠁ ᠲᠡᠷᠨ ᠬᠤᠶᠠᠷ ᠬᠡᠳᠤᠨ ᠬᠤᠨᠤᠭ᠎ᠤᠨ ᠲᠤᠳᠤᠷ᠎ᠠ ᠡᠶᠢᠨ ᠬᠦ ᠡᠬᠡᠨᠡᠭᠰᠢᠨ ᠲᠠᠰᠤᠯᠴᠠᠯ᠎ᠠ ᠃

ᠲᠡᠭᠡᠳᠡᠯ᠎ᠡ ᠴᠠᠭᠳᠠᠭᠠᠨ᠎ᠤ ᠭᠠᠵᠠᠷ᠎ᠡᠴᠠ ᠲᠠᠭᠤᠳᠠᠯᠭ᠎ᠠ ᠢᠷᠡᠪᠡ ᠃ ᠲᠡᠷᠨ ᠡᠮᠡᠭᠳᠠᠢ᠎ᠶᠢᠨ ᠪᠡᠶ᠎ᠠ᠎ᠶᠢᠨ ᠦᠨᠡᠮᠯᠠᠯ᠎ᠨᠢ ᠬᠠᠭᠤᠷᠮᠠᠭ ᠪᠠᠶᠢᠵᠠᠢ ᠃ ᠲᠡᠳᠡ ᠬᠡᠤᠬᠡᠳ᠎ᠢ ᠠᠰᠠᠷᠠᠮᠵᠢ᠎ᠶᠢᠨ ᠭᠠᠵᠠᠷ᠎ᠲᠤ ᠦᠭᠬᠦ ᠰᠢᠢᠳᠪᠦᠷᠢ ᠭᠠᠷᠭᠠᠪᠠ ᠃ ᠠᠶᠠᠨ ᠬᠡᠣᠬᠡᠳ᠎ᠢᠶᠡᠨ ᠲᠡᠪᠡᠷᠢᠵᠤ ᠬᠡᠳᠤᠨ ᠡᠳᠤᠷ ᠴᠤᠭᠯᠠᠭᠤᠯᠤᠭᠰᠠᠨ ᠬᠡᠷᠡᠭᠯᠡᠭᠡᠨ᠎ᠤ ᠵᠦᠢᠯ ᠂ ᠬᠤᠪᠴᠠᠰᠤ ᠬᠤᠨᠠᠷ ᠂ ᠰᠦᠨ ᠲᠠᠯᠬ᠎ᠠ ᠂ ᠰᠢᠬᠡᠰᠤᠨ᠎ᠤ ᠲᠠᠪᠤᠤ᠎ᠶᠢ᠎ᠨᠢ ᠴᠦᠩᠬᠦᠯᠡᠭᠡᠳ ᠬᠦᠷᠦᠯ᠎ᠠ ᠃ ᠬᠦᠢᠳᠡᠮᠰᠤᠭ᠌ ᠴᠢᠷᠠᠢ᠎ᠲᠠᠢ ᠬᠡᠳᠤᠨ ᠬᠦᠮᠦᠨ ᠬᠡᠤᠬᠡᠳ᠎ᠢ ᠬᠠᠷᠠᠭᠰᠠᠨ᠎ᠢᠶᠡᠨ ᠄ ︽ ᠡᠨᠡ ᠴᠤ ᠳ᠋ᠡ ᠂ ᠬᠦᠮᠦᠨ ᠪᠤᠯᠬᠤ᠎ᠡᠴᠠ᠎ᠪᠠᠨ ᠦᠩᠭᠡᠷᠡᠵᠡᠢ ᠁ ︾ ᠬᠡᠬᠦᠴᠢᠯᠡᠨ ᠬᠤᠭᠤᠷᠤᠨᠳᠤ᠎ᠪᠠᠨ ᠶᠠᠷᠢᠯᠴᠠᠬᠤ᠎ᠶᠢ᠎ᠨᠢ ᠠᠵᠢᠬᠤ᠎ᠳ᠋ᠤ ᠬᠦᠤ᠎ᠶᠢ ᠵᠢᠭᠠᠬᠠᠨ ᠴᠤ ᠦᠷᠦᠪᠳᠦᠭᠰᠡᠨ ᠰᠢᠨᠵᠢ ᠦᠬᠡᠢ ᠠᠯᠪᠠ ᠬᠦᠢᠴᠡᠭᠡᠵᠤ ᠪᠠᠶᠢᠬᠤ᠎ᠨᠢ ᠢᠯᠡᠳᠳᠠ ᠪᠠᠶᠢᠯ᠎ᠠ ᠃ ᠬᠦᠤ ᠴᠤ ᠶᠠᠭᠤ ᠨᠢᠬᠡ᠎ᠶᠢ ᠭᠠᠳᠠᠷᠯᠠᠭᠰᠠᠨ ᠰᠢᠭ᠋ ᠴᠢᠨᠡᠭᠡ ᠮᠡᠳᠡᠨ ᠴᠢᠰᠬᠢᠯ᠎ᠡ ᠃

- ᠭᠠᠷ ᠬᠦᠢᠴᠡᠳᠭᠡᠯ᠎ᠢᠶᠡᠨ ᠲᠠᠭᠤᠰᠬᠠᠭᠰᠠᠨ ᠪᠢᠵᠡ ︖ ᠲᠠ ᠤᠳᠤ ᠶᠠᠪᠤᠵᠤ ᠪᠤᠯᠤᠨ᠎ᠠ ︕

- ᠵᠠ ᠂ ᠮᠡᠳᠡᠯ᠎ᠠ ᠁ ᠲᠠ ᠨᠠᠷ ᠡᠨᠡ ᠬᠦᠤ᠎ᠶᠢ ᠠᠪᠠᠴᠢᠭᠠᠳ ᠡᠮᠨᠡᠬᠦᠯᠬᠦ ‍ᠤᠤ ︖

- ᠮᠠᠨ᠎ᠤ ᠲᠡᠨᠳᠠ ᠡᠶᠢᠮᠤ ᠬᠡᠤᠬᠡᠳ ᠵᠦᠩᠳᠡᠬᠡᠨ ᠯᠠ ᠳ᠋ᠠ ᠃ ᠠᠯᠢ᠎ᠶᠢ᠎ᠨᠢ ᠡᠮᠨᠡᠭᠡᠳ ᠠᠮᠵᠢᠬᠤ ᠶᠤᠮ ᠪᠤᠢ ︖

- ᠲᠡᠭᠡᠭᠡᠳ ᠡᠨᠡ ᠬᠡᠤᠬᠡᠳ᠎ᠢ ᠶᠠᠭᠠᠬᠢᠬᠤ ᠪᠤᠢ ︖

- ᠡᠶᠢᠮᠤ ᠬᠡᠤᠬᠡᠳ᠎ᠢ ᠴᠢᠨᠢ ᠡᠷᠬᠦᠵᠤ ᠲᠡᠵᠢᠬᠡᠬᠦ ᠬᠦᠮᠦᠨ ᠴᠤ ᠤᠯᠳᠠᠬᠤ ᠦᠬᠡᠢ ᠃ ᠲᠡᠵᠢᠬᠡᠵᠤ ᠪᠠᠶᠢᠭᠠᠳ ᠯᠨ ᠪᠤᠯᠤᠨ᠎ᠠ ᠳ᠋ᠠ ᠁

ᠲᠡᠳᠠ ᠬᠡᠤᠬᠡᠳ᠎ᠢ ᠠᠪᠤᠭᠠᠳ ᠶᠠᠪᠤᠪᠠ ᠃ ᠬᠤᠯᠨ᠎ᠡᠴᠠ ᠰᠤᠨᠤᠰᠳᠠᠬᠤ ᠬᠡᠤᠬᠡᠳ᠎ᠤᠨ ᠤᠬᠢᠯᠠᠬᠤ ᠲᠠᠭᠤ ᠠᠶᠠᠨ᠎ᠤ ᠵᠢᠷᠤᠬᠡ᠎ᠶᠢ ᠵᠡᠬᠦᠤ᠎ᠪᠠᠷ ᠰᠢᠪᠡᠬᠦ ᠮᠡᠳᠤ ᠃ ᠬᠠᠨᠴᠤᠢ᠎ᠡᠴᠠ᠎ᠨᠢ ᠨᠢᠯᠬ᠎ᠠ ᠬᠡᠦᠬᠡᠳ᠎ᠤᠨ ᠦᠨᠦᠷ ᠬᠠᠩᠬᠤᠯᠵᠤ ᠂ ᠬᠠᠮᠳᠤ ᠪᠠᠶᠢᠭᠰᠠᠨ ᠴᠠᠭ ᠮᠦᠴᠨ ᠡᠷᠬᠢᠨ ᠰᠠᠨᠠᠭᠳᠠᠨ᠎ᠠ ᠃ ︽ ᠡᠨᠡ ᠬᠡᠤᠬᠡᠳ ᠢᠩᠭᠢᠬᠡᠳ ᠯᠨ ᠲᠠᠭᠤᠰᠤᠨ᠎ᠠ ᠬᠡᠵᠤ ‍ᠤᠤ ︖ ᠦᠬᠡᠢ ︕ ᠠᠷᠭ᠎ᠠ ᠤᠯᠳᠠᠬᠤ ᠯᠡ ᠶᠤᠰᠤᠳᠠᠢ ᠁ ︾ ᠬᠡᠵᠤ ᠪᠤᠳᠤᠭᠰᠠᠨ ᠲᠡᠷᠡᠪᠡᠷ ᠪᠤᠴᠠᠭᠠᠳ ᠬᠠᠷ᠎ᠠ ᠬᠤᠷᠳᠤ᠎ᠪᠠᠷ᠎ᠢᠶᠡᠨ ᠬᠦᠶᠤᠪᠠ ᠃

ᠰᠡᠳᠬᠢᠯ᠎ᠤᠨ ᠲᠠᠷᠤᠭᠠᠰᠤ᠎ᠨᠢ ᠬᠦᠩᠭᠡᠷᠡᠵᠤ ᠂ ᠬᠡᠪ᠎ᠤᠨ ᠠᠮᠢᠳᠤᠷᠠᠯ᠎ᠳᠠᠭᠠᠨ ᠤᠷᠤᠬᠤ ᠶᠤᠮ ᠪᠠᠶᠢᠨ᠎ᠠ ᠬᠡᠵᠤ ᠪᠠᠶᠠᠷᠯᠠᠭᠰᠠᠨ ᠬᠡᠷᠡᠯᠮ᠎ᠠ ᠲᠠᠭᠤᠤ ᠬᠢᠩᠰᠢᠨ ᠰᠢᠷᠡᠭᠡ ᠲᠦᠬᠦᠷᠡᠩ ᠬᠤᠭᠤᠯᠨ ᠪᠡᠯᠡᠳᠴᠡᠢ ᠃ ᠬᠡᠪᠡᠴᠤ ᠡᠷᠳᠡ᠎ᠶᠢᠨ ᠨᠠᠷᠠ᠎ᠲᠠᠢ ᠶᠠᠪᠤᠭᠰᠠᠨ ᠬᠦᠮᠦᠨ᠎ᠢ ᠪᠦᠷᠦᠢ ᠪᠤᠯᠳᠠᠯ᠎ᠠ ᠬᠦᠯᠢᠶᠡᠭᠡᠳ ᠢᠷᠡᠬᠦ ᠦᠬᠡᠢ᠎ᠳ᠋ᠤᠨᠢ ᠭᠠᠶᠢᠬᠠᠰᠢ ᠲᠦᠷᠦᠪᠡ ᠃

ᠠᠶᠠᠨ ᠬᠦᠤ᠎ᠳ᠋ᠤ ᠠᠵᠠᠳᠠᠢ ᠬᠡᠬᠦ ᠨᠡᠷ᠎ᠠ ᠬᠠᠶᠢᠷᠠᠯᠠᠨ ᠦᠷᠡᠴᠢᠯᠡᠭᠡᠳ ᠠᠪᠴᠠᠢ ᠃ ᠲᠡᠭᠡᠪᠡᠴᠤ ᠭᠡᠷᠭᠡᠢ᠎ᠶᠢᠨ᠎ᠢᠶᠡᠨ ᠴᠢᠷᠠᠢ᠎ᠶᠢ ᠶᠠᠭᠠᠬᠢᠵᠤ ᠬᠠᠷᠠᠨ᠎ᠠ ᠳ᠋ᠠ ᠬᠡᠬᠦ᠎ᠡᠴᠠ ᠵᠤᠪᠠᠵᠤ ᠪᠦᠳᠦᠨ ᠡᠳᠤᠷ ᠭᠠᠳᠠᠭᠤᠷ ᠡᠷᠬᠢᠴᠡᠵᠤ ᠪᠠᠶᠢᠭᠠᠳ ᠤᠷᠤᠢ ᠪᠤᠯᠬᠤ᠎ᠳ᠋ᠤ ᠰᠠᠶᠢ ᠬᠡᠷ᠎ᠤᠨ ᠪᠠᠷ᠎ᠠ ᠬᠠᠷᠠᠵᠠᠢ ᠃ ᠬᠡᠷᠡᠯᠮ᠎ᠠ ᠡᠪᠤᠷ᠎ᠲᠠᠬᠢ ᠬᠦᠤ᠎ᠶᠢ ᠬᠠᠷᠠᠭᠠᠳ ᠨᠢᠳᠤ᠎ᠨᠢ ᠤᠷᠤᠢ ᠲᠡᠭᠡᠷ᠎ᠠ᠎ᠪᠠᠨ ᠭᠠᠷᠬᠤ ᠰᠢᠬᠠᠵᠠᠢ ᠃ ᠠᠶᠠᠨ ᠪᠤᠯᠤᠭᠰᠠᠨ ᠶᠠᠪᠤᠳᠠᠯ᠎ᠢᠶᠡᠨ ᠨᠢᠭᠤᠯ ᠦᠬᠡᠢ ᠲᠡᠯᠬᠡᠭᠰᠡᠨ ᠴᠤ ᠭᠡᠷᠭᠡᠢ᠎ᠨᠢ ᠤᠭᠳᠤ ᠬᠦᠯᠢᠶᠡᠬᠦ ᠦᠬᠡᠢ ᠯᠡ ᠪᠠᠶᠢᠯ᠎ᠠ ᠃

- ᠲᠦᠷᠦᠭᠰᠡᠨ ᠭᠠᠷᠤᠭᠰᠠᠨ᠎ᠨᠢ ᠬᠦᠷᠳᠡᠯ᠎ᠠ ᠠᠷᠭ᠎ᠠ ᠶᠠᠳᠠᠭᠠᠳ ᠬᠠᠶᠠᠵᠤ ᠪᠠᠶᠢᠬᠤ᠎ᠳ᠋ᠤ ᠴᠢ ᠪᠢᠳᠠ ‍ᠤᠤ ︖ ᠬᠤᠷᠳᠤᠨ ᠦᠭᠳᠡᠭ ᠭᠠᠵᠠᠷ᠎ᠨᠢ ᠠᠪᠠᠴᠢᠵᠤ ᠦᠭ ︕

- ᠡᠮ ᠡᠮᠨᠡᠯᠭᠡ ᠢᠩᠭᠢᠵᠤ ᠬᠦᠭᠵᠢᠵᠤ ᠪᠠᠶᠢᠬᠤ᠎ᠳ᠋ᠤ ᠰᠠᠶᠢᠬᠠᠨ ᠡᠮᠨᠡᠬᠦᠯᠪᠡᠯ ᠬᠦᠮᠦᠨ ᠪᠤᠯᠬᠤ ᠯᠡ ᠪᠠᠶᠢᠯᠬᠦᠢ ᠃

- ᠪᠤᠤ ᠲᠡᠮᠡᠶᠢᠷᠡᠭᠡᠳ ᠪᠠᠢ ︕

- ᠪᠢ ᠴᠢᠨᠤ ᠰᠡᠳᠬᠢᠯ᠎ᠢ ᠤᠶᠢᠯᠠᠭᠠᠵᠤ ᠪᠠᠶᠢᠨ᠎ᠠ ᠂ ᠬᠡᠬᠦ᠎ᠳ᠋ᠡᠭᠡᠨ ᠡᠨᠡ ᠴᠢᠨᠢ ᠪᠠᠰᠠ ᠠᠮᠢ ᠰᠢᠤ ᠳ᠋ᠠ ᠁

ᠡᠨᠡ ᠶᠠᠪᠤᠳᠠᠯ᠎ᠡᠴᠠ ᠬᠤᠶᠢᠰᠢ ᠲᠡᠳᠡᠨ᠎ᠤ᠎ᠳ᠋ᠤ ᠭᠡᠷᠡᠬᠦᠯ ᠴᠤᠤᠬᠢᠶᠠᠨ ᠲᠠᠰᠤᠷᠠᠬᠤ᠎ᠪᠠᠨ ᠪᠤᠯᠢᠵᠠᠢ ᠃

᠁

ᠠᠶᠠᠨ ᠬᠦᠪᠦᠩ ᠨᠤᠷᠭᠠᠵᠤ ᠬᠦᠤ᠎ᠶᠢᠨ᠎ᠢᠶᠡᠨ ᠠᠮᠠᠨ᠎ᠳ᠋ᠤ ᠤᠰᠤ ᠲᠤᠰᠠᠭᠠᠪᠠ ᠃ ᠠᠵᠠᠳᠠᠢ ᠬᠦᠤ ᠰᠤᠯᠠᠬᠠᠨ ᠠᠮᠢᠰᠬᠤᠵᠤ ᠂ ᠮᠦᠨ ᠯᠡ ᠮᠡᠳᠡᠭᠡ ᠦᠬᠡᠢ ᠬᠡᠪᠳᠡᠭᠰᠡᠭᠡᠷ ᠃ ᠲᠡᠷᠡ ᠴᠠᠭ᠎ᠤᠨ ᠨᠢᠯᠵᠠᠷᠠᠢ ᠬᠦᠤ ᠤᠳᠤ ᠲᠤᠯᠤᠭ᠎ᠠ ᠬᠦᠷᠴᠠᠢ ᠃ ᠠᠶᠠᠨ ᠬᠠᠷᠢᠨ ᠨᠠᠰᠤᠨ᠎ᠡᠴᠠ᠎ᠪᠠᠨ ᠢᠯᠡᠬᠦᠤ ᠦᠳᠡᠯᠵᠤ ᠂ ᠦᠰᠦᠨ᠎ᠳ᠋ᠤᠨᠢ ᠮᠦᠩᠭᠦᠨ ᠬᠢᠷᠠᠭᠤ ᠰᠠᠭᠤᠵᠤ ᠪᠤᠭᠤᠷᠤᠯ ᠲᠤᠯᠤᠭᠠᠢ᠎ᠲᠠᠢ ᠡᠪᠤᠭᠡᠨ ᠪᠤᠯᠵᠠᠢ ᠃ ᠲᠡᠷᠡᠪᠡᠷ ᠬᠦᠦ᠎ᠪᠠᠨ ᠡᠮᠨᠡᠬᠦᠯᠬᠦ᠎ᠶᠢᠨ ᠲᠦᠯᠦᠭᠡ ᠪᠠᠭᠤᠳᠠᠯ᠎ᠢᠶᠡᠨ ᠬᠤᠳᠠᠯᠳᠤᠵᠤ ᠬᠤᠳᠠ᠎ᠶᠢᠨ ᠲᠤᠮᠤᠬᠠᠨ ᠡᠮᠨᠡᠯᠭᠡ᠎ᠨᠦᠭᠦᠳ᠎ᠢᠶᠠᠷ ᠭᠤᠳᠤᠯ᠎ᠢᠶᠡᠨ ᠡᠯᠡᠳᠡᠯ᠎ᠡ ᠬᠦᠶᠦᠵᠡᠢ ᠃ ᠬᠦᠷᠦᠩᠭᠡ ᠮᠦᠩᠭᠦ᠎ᠪᠠᠨ ᠪᠦᠬᠦᠨ᠎ᠢ ᠦᠷᠠᠵᠤ ᠲᠠᠭᠤᠰᠬᠠᠭᠰᠠᠨ᠎ᠢᠶᠠᠷ ᠪᠠᠷᠠᠬᠤ ᠦᠬᠡᠢ ᠨᠡᠯᠢᠶᠠᠳ ᠦᠷᠢᠨ᠎ᠳ᠋ᠤ ᠤᠨᠠᠪᠠ ᠃ ᠲᠡᠭᠡᠭᠰᠡᠨ ᠬᠢᠷᠢ᠎ᠨᠢ ᠬᠦᠦ᠎ᠶᠢᠨ᠎ᠢᠶᠡᠨ ᠡᠪᠡᠳᠴᠢᠨ᠎ᠢ ᠲᠤᠶᠢᠯᠪᠤᠷᠢᠲᠠᠢ ᠵᠠᠰᠠᠵᠤ ᠴᠢᠳᠠᠭ᠎ᠠ ᠦᠬᠡᠢ ᠃ ᠬᠡᠷᠡᠯᠮ᠎ᠠ ᠴᠤ ᠰᠠᠯᠤᠭᠠᠳ ᠶᠠᠪᠤᠵᠠᠢ ᠃ ᠬᠡᠬᠦ᠎ᠳ᠋ᠡᠭᠡᠨ ᠲᠡᠷᠨ ᠡᠨᠡ ᠪᠦᠬᠦᠨ᠎ᠳ᠋ᠤ ᠬᠠᠷᠠᠮᠰᠠᠭ᠎ᠠ ᠦᠬᠡᠢ ᠃ ᠬᠡᠳᠤᠬᠡᠨ ᠡᠳᠤᠷ᠎ᠤᠨ ᠠᠮᠢ᠎ᠲᠠᠢ ᠪᠠᠶᠢᠭᠰᠠᠨ ᠠᠵᠠᠳᠠᠢ᠎ᠶᠢ ᠲᠦᠷᠦᠭᠰᠡᠨ ᠬᠦᠤ᠎ᠡᠴᠠ᠎ᠪᠠᠨ ᠢᠯᠡᠬᠦᠤ ᠬᠠᠶᠢᠷᠠᠯᠠᠵᠤ ᠬᠠᠯᠠᠮᠵᠢᠯᠠᠭᠰᠠᠨ᠎ᠡᠴᠠ ᠡᠪᠡᠳᠴᠢᠨ᠎ᠨᠢ ᠨᠡᠯᠢᠶᠠᠳ ᠢᠯᠠᠷᠢᠰᠢᠵᠠᠢ ᠃

ᠠᠵᠠᠳᠠᠢ ᠬᠦᠦ ᠪᠤᠰᠤᠳ᠎ᠡᠴᠠ ᠢᠯᠡᠬᠦᠤ ᠴᠤᠪᠤᠭᠤ ᠰᠡᠷᠬᠦᠯᠡᠩ ᠂ ᠦᠷᠦᠬᠡᠯ᠎ᠤᠨ ᠬᠠᠶᠢᠷ᠎ᠠ ᠡᠩᠬᠦᠷᠡᠶᠢᠯᠡᠯ᠎ᠢ ᠲᠠᠳᠠᠵᠤ ᠪᠠᠶᠢᠯ᠎ᠠ ᠃ ᠤᠳᠠᠯ ᠦᠬᠡᠢ ᠰᠤᠷᠭᠠᠭᠤᠯᠢ᠎ᠳ᠋ᠤ ᠤᠷᠤᠨ᠎ᠠ ᠬᠡᠵᠤ ᠪᠠᠶᠠᠷᠯᠠᠵᠤ ᠪᠠᠶᠢᠭᠰᠠᠨ ᠴᠢᠨᠢ ᠭᠡᠳᠤ ᠬᠤᠨᠤᠭ᠎ᠤᠨ ᠡᠮᠤᠨ᠎ᠠ ᠶᠠᠭᠤᠮᠠᠨ᠎ᠡᠴᠠ ᠬᠦᠴᠦᠳᠠᠢ ᠤᠶᠢᠴᠢᠭᠰᠠᠨ᠎ᠡᠴᠠ ᠡᠪᠡᠳᠴᠢᠨ᠎ᠨᠢ ᠬᠦᠨᠳᠤᠷᠴᠤ ᠂ ᠬᠡᠳᠤᠨ ᠡᠳᠤᠷ᠎ᠤᠨ ᠲᠤᠷᠰᠢ ᠬᠠᠯᠠᠭᠤᠷᠠᠭᠰᠠᠭᠠᠷ ᠡᠴᠤᠰ᠎ᠲᠡᠭᠡᠨ ᠤᠬᠠᠭᠠᠨ ᠠᠯᠳᠠᠵᠤ ᠮᠠᠨᠠᠷᠠᠭᠰᠠᠨ᠎ᠨᠢ ᠡᠨᠡ ᠪᠠᠶᠢᠵᠠᠢ ᠃ ᠬᠠᠷᠢᠨ ᠠᠶᠠᠨ᠎ᠳ᠋ᠤ ᠬᠦᠤ᠎ᠪᠠᠨ ᠡᠮᠨᠡᠬᠦᠯᠬᠦ ᠮᠦᠩᠭᠦ ᠲᠠᠭ ᠪᠠᠶᠢᠭ᠎ᠠ ᠦᠬᠡᠢ ᠃

ᠠᠶᠠᠨ ᠬᠦᠬᠦᠷᠦᠬᠦᠢ ᠬᠦᠤ᠎ᠶᠢᠨ᠎ᠢᠶᠡᠨ ᠭᠠᠷ᠎ᠡᠴᠠ ᠴᠢᠩᠭ᠎ᠠ ᠠᠳᠬᠤᠵᠤ ᠄ ︽ ᠰᠡᠷᠡᠭᠡᠴᠢ ᠳ᠋ᠠ ︕ ᠮᠢᠨᠤ ᠬᠦᠤ ︕ ᠰᠡᠷᠡᠭᠡᠴᠢ ︾ ᠬᠡᠵᠤ ᠤᠬᠢᠯᠠᠭᠰᠠᠭᠠᠷ ᠂ ᠬᠠᠰᠬᠢᠴᠢᠭᠰᠠᠭᠠᠷ ︕ ᠴᠤᠬᠤᠮ ᠬᠡᠳᠤᠢ ᠤᠳᠠᠭᠰᠠᠨ᠎ᠢ ᠪᠤᠤ ᠮᠡᠳᠠ ᠂ ᠠᠵᠠᠳᠠᠢ ᠬᠦᠦ ᠠᠯᠭᠤᠷᠬᠠᠨ ᠨᠢᠳᠤ᠎ᠪᠠᠨ ᠨᠡᠭᠡᠭᠡᠵᠤ ᠄ ︽ ᠠᠪᠤ᠋ ᠡ ︕ ︾ ᠬᠡᠵᠤ ᠠᠶᠠᠷᠬᠠᠨ ᠲᠠᠭᠤᠳᠠᠯ᠎ᠠ ᠁

ᠬᠦᠮᠦᠨ᠎ᠤ ᠴᠢᠩ ᠠᠷᠢᠭᠤᠨ ᠰᠠᠳᠬᠢᠯ ᠂ ᠬᠡᠬᠡᠨ ᠬᠠᠶᠢᠷ᠎ᠠ ᠲᠡᠭᠷᠢ ᠪᠤᠷᠬᠠᠨ᠎ᠢ ᠬᠦᠷᠳᠡᠯ᠎ᠡ ᠤᠶᠠᠷᠠᠭᠤᠯᠳᠠᠭ ᠪᠠᠶᠢᠵᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面