ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2021-02-25 16:51:45

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠠᠰᠠᠭᠤᠯᠲᠠ ᠄

ᠪᠠᠲᠤ ᠠᠪᠤ᠋ ᠡᠵᠢ᠎ᠳ᠋ᠡᠭᠡᠨ ᠬᠠᠯᠠ ᠦᠵᠡᠭᠦᠯᠦᠭᠰᠡᠨ᠎ᠡᠴᠠ ᠪᠤᠯᠵᠤ ᠥᠪ ᠵᠠᠯᠭᠠᠮᠵᠢᠯᠠᠬᠤ ᠡᠷᠬᠡ᠎ᠪᠠᠨ ᠠᠯᠳᠠᠭᠰᠠᠨ ᠪᠠᠶᠢᠨ᠎ᠠ ᠂ ᠭᠡᠪᠡᠴᠦ ᠰᠡᠭᠦᠯᠡᠷ᠎ᠨᠢ ᠪᠤᠷᠤᠭᠤ᠎ᠪᠠᠨ ᠮᠡᠳᠡᠵᠤ ᠬᠡᠮᠰᠢᠭᠡᠳ ᠥᠪ ᠵᠠᠯᠭᠠᠮᠵᠢᠯᠠᠭᠤᠯᠤᠭᠴᠢ᠎ᠶᠢᠨ ᠠᠭᠤᠴᠢᠯᠠᠯ᠎ᠢ ᠣᠯᠤᠭᠰᠠᠨ ᠪᠤᠯ ᠂ ᠠᠪᠤ᠋ ᠡᠵᠢ᠎ᠶᠢᠨ᠎ᠢᠶᠡᠨ ᠡᠳ᠋ ᠬᠥᠷᠤᠩᠭᠡ᠎ᠶᠢ ᠵᠠᠯᠭᠠᠮᠵᠢᠯᠠᠵᠤ ᠪᠣᠯᠤᠨ᠎ᠠ ‍ᠤᠤ ︖


图片1.jpg


ᠬᠠᠷᠢᠭᠤᠯᠲᠠ ᠄

ᠪᠣᠯᠤᠨ᠎ᠠ ᠃ ︽ ᠢᠷᠭᠡᠨ᠎ᠤ ᠬᠠᠤᠯᠢ᠎ᠶᠢᠨ ᠪᠢᠴᠢᠭ ︾᠎ᠲᠤ ᠥᠪ ᠵᠠᠯᠭᠠᠮᠵᠢᠯᠠᠭᠴᠢ᠎ᠶᠢ ᠠᠭᠤᠴᠢᠯᠠᠬᠤ ᠲᠦᠷᠢᠮ᠎ᠢ ᠨᠡᠮᠡᠵᠦ ᠲᠣᠭᠲᠠᠭᠠᠵᠠᠢ ᠃


图片2.jpg


︽ ᠢᠷᠭᠡᠨ᠎ᠤ ᠬᠠᠤᠯᠢ᠎ᠶᠢᠨ ᠪᠢᠴᠢᠭ ︾᠎ᠤᠨ ᠮᠢᠩᠭ᠎ᠠ ᠨᠢᠭᠡ ᠵᠠᠭᠤ ᠬᠤᠷᠢᠨ ᠲᠠᠪᠤᠳᠤᠭᠠᠷ ᠵᠦᠢᠯ᠎ᠳ᠋ᠤ ᠂ ᠥᠪ ᠵᠠᠯᠭᠠᠮᠵᠢᠯᠠᠭᠴᠢ᠎ᠨᠢ ᠳᠣᠣᠷ᠎ᠠ ᠵᠢᠭᠰᠠᠭᠠᠭᠰᠠᠨ ᠦᠢᠯᠡ ᠠᠵᠢᠯᠯᠠᠭ᠎ᠠ᠎ᠶᠢᠨ ᠨᠢᠭᠡ᠎ᠶᠢ᠎ᠨᠢ ᠬᠢᠭᠰᠡᠨ ᠪᠠᠶᠢᠪᠠᠯ ᠂ ᠥᠪ ᠵᠠᠯᠭᠠᠮᠵᠢᠯᠠᠬᠤ ᠡᠷᠭᠡ᠎ᠪᠠᠨ ᠠᠯᠳᠠᠨ᠎ᠠ ᠄

︵ ᠨᠢᠭᠡ ︶ ᠥᠪ ᠵᠠᠯᠭᠠᠮᠵᠢᠯᠠᠭᠤᠯᠤᠭᠴᠢ᠎ᠶᠢ ᠵᠣᠷᠢᠭᠤᠳᠠ ᠬᠤᠤᠷᠯᠠᠵᠤ ᠠᠯᠠᠭᠰᠠᠨ ︔

︵ ᠬᠤᠶᠠᠷ ︶ ᠥᠪ ᠬᠦᠷᠦᠩᠭᠡ ᠪᠤᠯᠢᠶᠠᠬᠤ᠎ᠶᠢᠨ ᠲᠥᠯᠥᠭᠡ ᠪᠤᠰᠤᠳ ᠥᠪ ᠵᠠᠯᠭᠠᠮᠵᠢᠯᠠᠭᠴᠢ᠎ᠶᠢ ᠬᠤᠤᠷᠯᠠᠵᠤ ᠠᠯᠠᠭᠰᠠᠨ ︔

︵ ᠭᠤᠷᠪᠠ ︶ ᠥᠪ ᠵᠠᠯᠭᠠᠮᠵᠢᠯᠠᠭᠤᠯᠤᠭᠴᠢ᠎ᠶᠢ ᠭᠤᠯᠣᠵᠤ ᠤᠷᠬᠢᠬᠰᠡᠠ ᠂ ᠡᠰᠡᠬᠦᠯ᠎ᠡ ᠥᠪ ᠵᠠᠯᠭᠠᠮᠵᠢᠯᠠᠭᠤᠯᠤᠭᠴᠢ᠎ᠳ᠋ᠤ ᠬᠠᠯᠠ ᠦᠵᠡᠭᠦᠯᠦᠬᠡᠳ ᠤᠢᠯᠠ ᠪᠠᠶᠢᠳᠠᠯ᠎ᠨᠢ ᠬᠦᠨᠳᠦ ᠨᠣᠴᠢᠲᠠᠶ ᠪᠠᠶᠢᠬᠤ ︔

︵ ᠲᠦᠷᠪᠡ ︶ ᠭᠡᠷᠢᠶᠡᠰ᠎ᠢ ᠬᠠᠭᠤᠷᠮᠠᠭᠯᠠᠨ ᠵᠣᠬᠢᠶᠠᠭᠰᠠᠨ ᠂ ᠥᠭᠡᠷᠡᠲᠦᠭᠦᠯᠦᠨ ᠵᠠᠰᠠᠭᠰᠡᠨ ᠂ ᠨᠢᠭᠤᠨ ᠳᠠᠯᠳᠠᠯᠠᠭᠰᠠᠨ ᠪᠤᠶᠤ ᠤᠰᠠᠳᠬᠠᠭᠠᠳ ᠤᠢᠯᠠ ᠪᠠᠶᠢᠳᠠᠯ᠎ᠨᠢ ᠬᠦᠨᠳᠦ ᠨᠣᠴᠢᠲᠠᠶ ᠪᠠᠶᠢᠬᠤ ︔

︵ ᠲᠠᠪᠤ᠋ ︶ ᠮᠡᠭᠡᠯᠡᠭᠦ ᠂ ᠰᠢᠬᠠᠮᠳᠠᠭᠤᠯᠤᠨ ᠰᠦᠷᠳᠡᠭᠦᠯᠬᠦ ᠠᠷᠭ᠎ᠠ ᠪᠠᠷᠢᠯ᠎ᠢᠶᠠᠷ ᠥᠪ ᠵᠠᠯᠭᠠᠮᠵᠢᠯᠠᠭᠤᠯᠤᠭᠴᠢ᠎ᠶᠢᠨ ᠭᠡᠷᠢᠶᠡᠰ ᠦᠯᠡᠳᠡᠭᠡᠭᠦ ᠂ ᠭᠡᠷᠢᠶᠡᠰ᠎ᠢᠶᠡᠨ ᠬᠤᠪᠢᠷᠠᠭᠤᠯᠬᠤ ᠪᠤᠶᠤ ᠭᠡᠷᠢᠶᠡᠰ᠎ᠢᠶᠡᠨ ᠪᠤᠴᠠᠭᠠᠵᠤ ᠠᠪᠬᠤ᠎ᠶᠢ ᠠᠯᠪᠠᠳᠠᠭᠰᠠᠨ ᠪᠤᠶᠤ ᠬᠠᠷᠰᠢᠯᠠᠭᠠᠳ ᠦᠢᠯᠡ ᠪᠠᠶᠢᠳᠠᠯ᠎ᠨᠢ ᠬᠦᠨᠳᠦ ᠨᠣᠴᠢᠲᠠᠶ ᠪᠠᠶᠢᠬᠤ ᠃


图片3.jpg


ᠥᠪ ᠵᠠᠯᠭᠠᠮᠵᠢᠯᠠᠭᠴᠢ ᠡᠮᠦᠨᠡᠬᠢ ᠪᠠᠳᠠᠭ᠎ᠤᠨ ᠭᠤᠷᠪᠠᠳᠤᠭᠠᠷ ᠵᠤᠷᠪᠤᠰ᠎ᠡᠴᠠ ᠲᠠᠪᠤᠳᠤᠭᠠᠷ ᠵᠤᠷᠪᠤᠰ ᠬᠦᠷᠲᠡᠯᠡᠬᠢ ᠦᠢᠯᠡ ᠠᠵᠢᠯᠯᠠᠭ᠎ᠠ᠎ᠶᠢ ᠬᠢᠭᠡᠳ ᠂ ᠦᠨᠡᠬᠡᠷ ᠭᠡᠮᠰᠢᠨ ᠵᠠᠰᠠᠷᠠᠬᠤ ᠢᠯᠡᠷᠡᠯ᠎ᠲᠠᠢ ᠪᠦᠭᠡᠳ ᠥᠪ ᠵᠠᠯᠭᠠᠮᠵᠢᠯᠠᠭᠤᠯᠤᠭᠴᠢ ᠠᠭᠤᠴᠢᠯᠠᠬᠤ᠎ᠪᠠᠷ ᠢᠯᠡᠷᠬᠡᠶᠢᠯᠡᠭᠰᠡᠨ ᠪᠤᠶᠤ ᠬᠡᠷᠡᠭ᠎ᠤᠨ ᠲᠠᠷᠠᠭ᠎ᠠ ᠭᠡᠷᠢᠶᠡᠰ᠎ᠲᠡᠭᠡᠨ ᠲᠡᠭᠦᠨ᠎ᠢ ᠥᠪ ᠵᠠᠯᠭᠠᠮᠵᠢᠯᠠᠭᠴᠢ᠎ᠪᠠᠷ ᠵᠢᠭᠰᠠᠭᠠᠭᠰᠠᠨ ᠪᠠᠶᠢᠪᠠᠯ ᠂ ᠲᠤᠰ ᠥᠪ ᠵᠠᠯᠭᠠᠮᠵᠢᠯᠠᠭᠴᠢ ᠥᠪ ᠵᠠᠯᠭᠠᠮᠵᠢᠯᠠᠬᠤ ᠡᠷᠬᠡ᠎ᠪᠠᠨ ᠠᠯᠳᠠᠬᠤ ᠦᠭᠡᠢ ᠭᠡᠵᠤ ᠲᠤᠭᠳᠠᠭᠠᠪᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面