2021-02-20 16:42:26
ᠠᠰᠠᠭᠤᠯᠲᠠ᠄
ᠪᠠᠲᠤ ᠭᠤᠸᠠᠢ ᠭᠡᠷ᠎ᠢᠶᠡᠨ ᠬᠦᠦ᠎ᠳ᠋ᠡᠭᠡᠨ ᠵᠠᠯᠭᠠᠮᠵᠢᠯᠠᠭᠤᠯᠬᠤ᠎ᠪᠠᠷ ᠬᠡᠷᠢᠶᠡᠰ ᠲᠤᠭᠳᠠᠭᠠᠭᠰᠠᠨ ᠪᠤᠯᠪᠠᠴᠤ ᠲᠡᠭᠦᠨ᠎ᠢ ᠣᠯᠠᠨ ᠵᠢᠯ ᠠᠰᠠᠷᠠᠨ ᠬᠠᠷᠠᠭᠠᠯᠵᠠᠭᠰᠠᠨ ᠂ ᠦᠷ᠎ᠡ ᠬᠡᠤᠬᠡᠳ ᠥᠬᠡᠶ ᠮᠦᠷᠳᠡᠭᠡᠨ ᠬᠡᠷ ᠬᠥᠷᠥᠩᠭᠡ ᠥᠬᠡᠶ ᠠᠰᠠᠷᠠᠭᠴᠢ᠎ᠶᠢ ᠦᠷᠭᠦᠯᠵᠢᠯᠡᠨ ᠰᠠᠭᠤᠯᠭᠠᠬᠤ᠎ᠶᠢ ᠭᠦᠰᠡᠭᠰᠡᠨ ᠪᠠᠶᠢᠨ᠎ᠠ ᠂ ᠲᠡᠭᠡᠪᠡᠯ ᠡᠶᠢᠮᠤ ᠪᠠᠶᠢᠳᠠᠯ᠎ᠳ᠋ᠤ ᠶᠠᠭᠠᠬᠢᠪᠠᠯ ᠵᠤᠬᠢᠬᠤ ᠪᠤᠢ ︖

ᠬᠠᠷᠢᠭᠤᠯᠲᠠ᠄
ᠭᠡᠷᠢᠶᠡᠰᠤᠨ ᠠᠷᠭ᠎ᠠ ᠮᠠᠢᠭ᠎ᠢᠶᠠᠷ ᠠᠰᠠᠷᠠᠭᠴᠢ᠎ᠳ᠋ᠤ ᠣᠷᠣᠰᠢᠨ ᠰᠠᠭᠤᠬᠤ ᠡᠷᠬᠡ ᠲᠤᠭᠳᠠᠭᠠᠬᠤ᠎ᠶᠢᠨ ᠬᠠᠮᠲᠤ ᠲᠠᠩᠰᠠᠯᠠᠭᠤᠯᠵᠤ ᠪᠣᠯᠤᠨ᠎ᠠ ᠃
• ︽ ᠢᠷᠭᠡᠨ᠎ᠤ ᠬᠠᠤᠯᠢ᠎ᠶᠢᠨ ᠪᠢᠴᠢᠭ ︾᠎ᠲᠤ ︽ ᠣᠷᠣᠰᠢᠨ ᠰᠠᠭᠤᠬᠤ ᠡᠷᠬᠡ ︾ ᠭᠡᠬᠦ ᠡᠨᠡ ᠬᠦ ᠰᠢᠨ᠎ᠡ ᠬᠡᠯᠪᠡᠷᠢ᠎ᠶᠢᠨ ᠠᠰᠢᠭ ᠤᠯᠬᠤ ᠪᠣᠳᠠᠰ᠎ᠤᠨ ᠡᠷᠬᠡ᠎ᠶᠢ ᠨᠠᠮᠠᠨ ᠲᠣᠭᠲᠠᠭᠠᠵᠤ ᠂ ᠣᠷᠣᠰᠢᠨ ᠰᠠᠭᠤᠬᠤ ᠡᠷᠬᠡ᠎ᠶᠢ ᠵᠠᠷᠴᠢᠮ ᠳᠡᠭᠡᠷ᠎ᠡ᠎ᠪᠠᠨ ᠦᠨ᠎ᠡ ᠲᠥᠯᠥᠪᠦᠷᠢ ᠦᠭᠡᠢ᠎ᠪᠠᠷ ᠲᠣᠭᠲᠠᠭᠠᠵᠤ ᠂ ᠣᠷᠣᠰᠢᠨ ᠰᠠᠭᠤᠬᠤ ᠡᠷᠬᠡᠲᠦ ᠬᠥᠮᠦᠨ᠎ᠨᠢ ᠭᠡᠷ᠎ᠡ᠎ᠳ᠋ᠤ ᠪᠣᠯᠵᠣᠨ ᠲᠣᠭᠲᠠᠭᠰᠠᠨ ᠪᠤᠶᠤ ᠭᠡᠷᠢᠶᠡᠰ ᠶᠣᠰᠣᠭᠠᠷ ᠲᠠᠩᠰᠠᠯᠠᠭᠤᠯᠬᠤ᠎ᠪᠠᠷ ᠲᠡᠮᠵᠢᠨ ᠪᠤᠰᠤᠳ᠎ᠤᠨ ᠣᠷᠣᠨ ᠰᠠᠭᠤᠴᠠ᠎ᠶᠢ ᠡᠵᠡᠮᠰᠢᠵᠦ ᠂ ᠬᠡᠷᠡᠭᠯᠡᠬᠦ ᠡᠷᠬᠡ᠎ᠲᠠᠢ ᠃ ᠡᠭᠦᠨ᠎ᠢᠶᠠᠷ ᠲᠡᠮᠵᠢᠨ ᠲᠡᠭᠦᠨ᠎ᠤ ᠠᠮᠤᠷ ᠲᠠᠶᠢᠪᠤᠩ ᠠᠮᠢᠳᠤᠷᠡᠵᠤ ᠤᠷᠤᠰᠢᠨ ᠰᠠᠭᠤᠬᠤ ᠬᠡᠷᠡᠭᠴᠡᠭᠡ᠎ᠶᠢ ᠬᠠᠩᠭᠠᠨ᠎ᠠ ᠭᠡᠵᠤ ᠲᠤᠳᠤᠷᠬᠠᠢᠯᠠᠪᠠ ᠃

• ︽ ᠢᠷᠭᠡᠨ᠎ᠤ ᠬᠠᠤᠯᠢ᠎ᠶᠢᠨ ᠪᠢᠴᠢᠭ ︾᠎ᠤᠨ ᠭᠤᠷᠪᠠᠨ ᠵᠠᠭᠤ ᠵᠢᠷᠠᠨ ᠵᠢᠷᠭᠤᠳᠤᠭᠠᠷ ᠵᠦᠢᠯ᠎ᠳ᠋ᠤ ᠂ ᠠᠮᠢᠳᠣᠷᠠᠵᠦ ᠰᠠᠭᠤᠬᠤ ᠭᠡᠷᠡᠭᠴᠡᠭᠡ᠎ᠪᠠᠨ ᠬᠠᠩᠭᠠᠬᠤ᠎ᠶᠢᠨ ᠲᠦᠯᠦᠭᠡ᠂ ᠣᠷᠣᠰᠢᠨ ᠰᠠᠭᠤᠬᠤ ᠡᠷᠭᠡᠳᠦ ᠭᠦᠮᠦᠨ ᠭᠡᠷ᠎ᠡ᠎ᠶᠢᠨ ᠪᠣᠯᠵᠣᠯ ᠶᠣᠰᠣᠭᠠᠷ ᠪᠣᠰᠣᠳ᠎ᠤᠨ ᠣᠷᠣᠨ ᠰᠠᠭᠤᠴᠠ᠎ᠶᠢ ᠡᠵᠡᠮᠰᠢᠬᠦ᠂ ᠭᠡᠷᠡᠭᠯᠡᠭᠦ ᠵᠡᠷᠭᠡ ᠠᠰᠢᠭ ᠣᠯᠬᠤ ᠪᠣᠳᠠᠰ᠎ᠤᠨ ᠡᠷᠭᠡ᠎ᠶᠢ ᠡᠳ᠋ᠯᠡᠭᠦ ᠡᠷᠭᠡ᠎ᠲᠠᠢ ᠭᠡᠵᠤ ᠲᠤᠭᠳᠠᠭᠠᠪᠠ ᠃
• ᠭᠤᠷᠪᠠᠨ ᠵᠠᠭᠤ ᠵᠢᠷᠠᠨ ᠳᠣᠯᠣᠳᠤᠭᠠᠷ ᠵᠦᠢᠯ᠎ᠳ᠋ᠤ᠂ ᠣᠷᠣᠰᠢᠨ ᠰᠠᠭᠤᠬᠤ ᠡᠷᠭᠡ᠎ᠶᠢ ᠲᠣᠭᠳᠠᠭᠠᠬᠤ᠎ᠳ᠋ᠤ᠂ ᠲᠣᠬᠠᠢ᠎ᠶᠢᠨ ᠭᠦᠮᠦᠨ ᠪᠢᠴᠢᠭ᠎ᠤᠨ ᠭᠡᠯᠪᠡᠷᠢ᠎ᠪᠠᠷ ᠣᠷᠣᠰᠢᠨ ᠰᠠᠭᠤᠬᠤ ᠡᠷᠭᠡ᠎ᠶᠢᠨ ᠭᠡᠷ᠎ᠡ ᠲᠣᠭᠳᠠᠭᠠᠬᠤ ᠭᠡᠷᠡᠭᠳᠡᠢ ᠭᠡᠵᠦ ᠲᠣᠭᠲᠠᠭᠠᠪᠠ ᠃
• ᠭᠤᠷᠪᠠᠨ ᠵᠠᠭᠤ ᠵᠢᠷᠠᠨ ᠨᠠᠢᠮᠠᠳᠤᠭᠠᠷ ᠵᠤᠶᠢᠯ᠎ᠳ᠋ᠤ᠂ ᠣᠷᠣᠰᠢᠨ ᠰᠠᠭᠤᠬᠤ ᠡᠷᠭᠡ᠎ᠶᠢ ᠦᠨ᠎ᠡ ᠲᠦᠯᠦᠪᠦᠷᠢ ᠦᠭᠡᠢ᠎ᠪᠠᠷ ᠲᠣᠭᠳᠠᠭᠠᠨ᠎ᠠ ᠂ ᠭᠡᠪᠡᠴᠦ ᠲᠣᠬᠠᠢ᠎ᠶᠢᠨ ᠭᠦᠮᠦᠨ ᠠᠰᠳᠠᠭᠠᠨ ᠪᠣᠯᠵᠣᠯ᠎ᠲᠠᠢ᠎ᠨᠢ ᠡᠭᠦᠨ᠎ᠳ᠋ᠤ ᠪᠠᠭᠳᠠᠬᠤ ᠦᠭᠡᠢ ᠃ ᠣᠷᠣᠰᠢᠨ ᠰᠠᠭᠤᠬᠤ ᠡᠷᠭᠡ᠎ᠶᠢ ᠲᠣᠭᠳᠠᠭᠠᠬᠤ᠎ᠳ᠋ᠤ᠂ ᠲᠠᠩᠰᠠᠯᠠᠬᠤ ᠪᠠᠶᠢᠭᠤᠯᠣᠮᠵᠢ᠎ᠳ᠋ᠤ ᠣᠷᠣᠰᠢᠨ ᠰᠠᠭᠤᠬᠤ ᠡᠷᠭᠡ᠎ᠶᠢ ᠲᠠᠩᠰᠠᠯᠠᠭᠤᠯᠬᠤ᠎ᠪᠠᠷ ᠭᠤᠶᠣᠴᠢᠯᠠᠬᠤ ᠭᠡᠷᠡᠭᠳᠡᠢ᠃ ᠣᠷᠣᠰᠢᠨ ᠰᠠᠭᠤᠬᠤ ᠡᠷᠭᠡ᠎ᠨᠢ ᠲᠠᠩᠰᠠᠯᠠᠭᠤᠯᠣᠭᠰᠠᠨ ᠴᠠᠭ᠎ᠡᠴᠠ ᠲᠣᠭᠳᠠᠭᠠᠭᠳᠠᠨ᠎ᠠ ᠭᠡᠵᠤ ᠲᠤᠭᠳᠠᠭᠠᠪᠠ᠃

• ᠭᠤᠷᠪᠠᠨ ᠵᠠᠭᠤ ᠵᠢᠷᠠ ᠶᠢᠰᠦᠳᠦᠭᠡᠷ ᠵᠦᠢᠯ᠎ᠳ᠋ᠤ᠂ ᠣᠷᠣᠰᠢᠨ ᠰᠠᠭᠤᠬᠤ ᠡᠷᠭᠡ᠎ᠶᠢ ᠰᠢᠯᠵᠢᠭᠦᠯᠦᠨ ᠦᠭᠴᠦ᠂ ᠵᠠᠯᠭᠠᠮᠵᠢᠯᠠᠵᠦ ᠪᠣᠯᠬᠤ ᠦᠭᠡᠢ᠃ ᠣᠷᠣᠰᠢᠨ ᠰᠠᠭᠤᠬᠤ ᠡᠷᠭᠡ᠎ᠶᠢ ᠲᠣᠭᠳᠠᠭᠠᠭᠰᠠᠨ ᠣᠷᠣᠨ ᠰᠠᠭᠤᠴᠠ᠎ᠶᠢ ᠲᠦᠷᠢᠶᠡᠰᠦᠯᠡᠭᠦᠯᠵᠦ ᠪᠣᠯᠬᠤ ᠦᠭᠡᠢ᠂ ᠭᠡᠪᠡᠴᠦ ᠲᠣᠬᠠᠢ᠎ᠶᠢᠨ ᠭᠦᠮᠦᠨ ᠠᠰᠳᠠᠭᠠᠨ ᠪᠣᠯᠵᠣᠯ᠎ᠲᠠᠢ᠎ᠨᠢ ᠡᠭᠦᠨ᠎ᠳ᠋ᠤ ᠪᠠᠭᠳᠠᠬᠤ ᠦᠭᠡᠢ ᠭᠡᠵᠤ ᠲᠤᠭᠳᠠᠭᠠᠪᠠ ᠃
• ᠭᠤᠷᠪᠠᠨ ᠵᠠᠭᠤ ᠳᠠᠯᠠᠳᠤᠭᠠᠷ ᠵᠤᠶᠢᠯ᠎ᠳ᠋ᠤ᠂ ᠣᠷᠣᠰᠢᠨ ᠰᠠᠭᠤᠬᠤ ᠡᠷᠬᠡ᠎ᠶᠢᠨ ᠬᠤᠭᠤᠴᠠᠭ᠎ᠠ᠎ᠨᠢ ᠲᠦᠭᠦᠷᠦᠭᠰᠡᠨ ᠪᠣᠶᠣ ᠣᠷᠣᠰᠢᠨ ᠰᠠᠭᠤᠬᠤ ᠡᠷᠭᠡᠳᠦ ᠭᠦᠮᠦᠨ ᠦᠭᠦᠭᠰᠡᠨ ᠪᠠᠶᠢᠪᠠᠯ᠂ ᠣᠷᠣᠰᠢᠨ ᠰᠠᠭᠤᠬᠤ ᠡᠷᠭᠡ᠎ᠨᠢ ᠦᠭᠡᠢ ᠪᠤᠯᠤᠨ᠎ᠠ᠃ ᠣᠷᠣᠰᠢᠨ ᠰᠠᠭᠤᠬᠤ ᠡᠷᠭᠡ᠎ᠨᠢ ᠦᠭᠡᠢ ᠪᠤᠯᠪᠠᠯ᠂ ᠴᠠᠭ ᠲᠣᠬᠠᠢᠳ᠋ᠤᠨᠢ ᠲᠠᠩᠰᠠᠯᠠᠯᠳᠠ᠎ᠡᠴᠠ ᠬᠠᠰᠤᠭᠤᠯᠬᠤ ᠭᠡᠷᠡᠭᠳᠡᠢ ᠭᠡᠵᠤ ᠲᠤᠭᠳᠠᠭᠠᠪᠠ ᠃
• ᠭᠤᠷᠪᠠᠨ ᠵᠠᠭᠤ ᠲᠠᠯᠠᠨ ᠨᠢᠭᠡᠳᠦᠭᠡᠷ ᠵᠦᠢᠯ᠎ᠳ᠋ᠤ᠂ ᠭᠡᠷᠢᠶᠡᠰᠤᠨ ᠠᠷᠭ᠎ᠠ ᠮᠠᠢᠭ᠎ᠢᠶᠠᠷ ᠣᠷᠣᠰᠢᠨ ᠰᠠᠭᠤᠬᠤ ᠡᠷᠭᠡ᠎ᠶᠢ ᠲᠣᠭᠳᠠᠭᠠᠭᠰᠠᠨ ᠪᠠᠶᠢᠪᠠᠯ᠂ ᠲᠣᠰ ᠪᠦᠯᠦᠭ᠎ᠤᠨ ᠬᠤᠯᠪᠣᠭᠳᠠᠯ ᠪᠦᠭᠦᠢ ᠲᠣᠭᠳᠠᠭᠠᠯ᠎ᠢ ᠯᠠᠪᠯᠠᠯᠳᠠ ᠪᠣᠯᠭᠠᠵᠦ ᠲᠣᠭᠢᠷᠠᠭᠤᠯᠣᠨ ᠭᠡᠷᠡᠭᠯᠡᠨ᠎ᠡ ᠭᠡᠵᠦ ᠲᠣᠭᠲᠠᠭᠠᠪᠠ᠃
ᠲᠦᠰᠦᠪᠯᠡᠭᠴᠢ᠄ ᠪᠤᠤ᠎ᠶᠢᠨ ᠱᠠᠨ
ᠡᠬᠡ ᠪᠢᠴᠢᠭ᠄ ᠦᠨᠢᠷ
ᠠᠪᠢᠶᠠᠯᠠᠬᠴᠢ᠄ ᠦᠨᠢᠷ ᠰᠢᠨᠡᠪᠢᠯᠢᠭ
ᠬᠢᠨᠠᠬᠴᠢ᠄ ᠪᠤᠤ᠎ᠶᠢᠨ ᠱᠠᠨ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃