ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2021-02-10 15:25:33

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠠᠰᠠᠭᠤᠯᠲᠠ ᠄

AI᠎ᠶᠢᠨ ᠵᠢᠰᠦ ᠰᠣᠯᠢᠬᠤ ᠮᠡᠷᠭᠡᠵᠢᠯ᠎ᠢᠶᠠᠷ ᠪᠤᠰᠤᠳ᠎ᠤᠨ ᠴᠢᠷᠠᠶ᠎ᠶᠢ ᠬᠠᠭᠤᠷᠮᠠᠭᠯᠠᠨ ᠵᠣᠬᠢᠶᠠᠬᠤ᠎ᠨᠢ ᠡᠷᠬᠡ᠎ᠳ᠋ᠤ ᠬᠠᠯᠳᠠᠭᠰᠠᠨ᠎ᠳ᠋ᠤ ᠲᠤᠭᠠᠴᠠᠭᠳᠠᠨ᠎ᠠ ‍ᠤᠤ ︖


图片2.jpg


ᠬᠠᠷᠢᠭᠤᠯᠲᠠ ᠄

ᠬᠦᠷᠦᠭ ᠵᠢᠷᠤᠭ᠎ᠤᠨ ᠡᠷᠬᠡ᠎ᠳ᠋ᠤ ᠬᠠᠯᠳᠠᠭᠰᠠᠨ᠎ᠳ᠋ᠤ ᠲᠤᠭᠠᠴᠠᠭᠳᠠᠨ᠎ᠠ ᠃

• ︽ ᠢᠷᠭᠡᠨ᠎ᠤ ᠬᠠᠤᠯᠢ᠎ᠶᠢᠨ ᠪᠢᠴᠢᠭ ︾᠎ᠤᠨ ᠮᠢᠩᠭ᠎ᠠ ᠠᠷᠪᠠ ᠶᠢᠰᠦᠳᠦᠭᠡᠷ ᠵᠦᠢᠯ᠎ᠳ᠋ᠤ ᠂ ᠶᠠᠮᠠᠷᠪᠠ ᠵᠣᠬᠢᠶᠠᠨ ᠪᠠᠶᠢᠭᠤᠯᠤᠯᠲᠠ ᠪᠤᠶᠤ ᠬᠤᠪᠢ ᠬᠥᠮᠦᠨ ᠮᠠᠭᠤᠰᠢᠶᠠᠬᠤ ᠂ ᠪᠤᠵᠠᠷᠲᠤᠭᠤᠯᠵᠤ ᠬᠤᠬᠢᠷᠠᠭᠤᠯᠬᠤ ᠂ ᠡᠰᠡᠬᠦᠯ᠎ᠡ ᠮᠡᠳᠡᠭᠡ ᠵᠠᠩᠭᠢ᠎ᠶᠢᠨ ᠮᠡᠷᠭᠡᠵᠢᠯ᠎ᠤᠨ ᠠᠷᠭ᠎ᠠ ᠪᠠᠷᠢᠯ᠎ᠢ ᠠᠰᠢᠬᠯᠠᠨ ᠬᠠᠭᠤᠷᠮᠠᠭᠯᠠᠨ ᠵᠣᠬᠢᠶᠠᠬᠤ ᠵᠡᠷᠭᠡ ᠠᠷᠭ᠎ᠠ ᠮᠠᠢᠭ᠎ᠢᠶᠠᠷ ᠪᠤᠰᠤᠳ᠎ᠤᠨ ᠬᠦᠷᠦᠭ ᠵᠢᠷᠤᠭ᠎ᠤᠨ ᠡᠷᠬᠡ᠎ᠳ᠋ᠤ ᠬᠠᠯᠳᠠᠵᠤ ᠪᠣᠯᠬᠤ ᠦᠭᠡᠢ ᠃ ᠬᠥᠷᠥᠭ ᠵᠢᠷᠤᠭ᠎ᠤᠨ ᠡᠷᠬᠡᠲᠦ ᠬᠥᠮᠦᠨ᠎ᠤ ᠵᠥᠪᠰᠢᠶᠡᠷᠡᠯ ᠦᠭᠡᠢ᠎ᠪᠠᠷ ᠬᠥᠷᠥᠭ ᠵᠢᠷᠤᠭ᠎ᠤᠨ ᠡᠷᠬᠡᠲᠦ ᠬᠥᠮᠦᠨ᠎ᠤ ᠬᠥᠷᠥᠭ ᠵᠢᠷᠤᠭ᠎ᠢ ᠵᠤᠬᠢᠶᠠᠵᠤ ᠂ ᠬᠡᠷᠡᠭᠯᠡᠵᠦ ᠂ ᠢᠯᠡ ᠪᠣᠯᠭᠠᠵᠤ ᠪᠣᠯᠬᠤ ᠦᠭᠡᠢ ᠂ ᠭᠡᠪᠡᠴᠦ ᠬᠠᠤᠯᠢ ᠴᠠᠭᠠᠵᠠ᠎ᠳ᠋ᠤ ᠠᠰᠲᠠᠭᠠᠨ ᠲᠣᠭᠲᠠᠭᠠᠯ᠎ᠲᠠᠢ᠎ᠨᠢ ᠡᠭᠦᠨ᠎ᠳ᠋ᠤ ᠪᠠᠭᠲᠠᠬᠤ ᠦᠭᠡᠢ ᠃


图片3.jpg


• ᠬᠥᠷᠥᠭ ᠵᠢᠷᠤᠭ᠎ᠤᠨ ᠡᠷᠬᠡᠲᠦ ᠬᠥᠮᠦᠨ᠎ᠤ ᠵᠥᠪᠰᠢᠶᠡᠷᠡᠯ ᠦᠭᠡᠢ᠎ᠪᠠᠷ ᠬᠥᠷᠥᠭ ᠵᠢᠷᠤᠭ᠎ᠤᠨ ᠪᠦᠳᠦᠭᠡᠯ᠎ᠤᠨ ᠡᠷᠬᠡᠲᠦ ᠬᠥᠮᠦᠨ᠎ᠨᠢ ᠨᠡᠶᠢᠲᠡᠯᠡᠬᠦ ᠂ ᠬᠠᠭᠤᠯᠪᠤᠷᠢᠯᠠᠬᠤ ᠂ ᠲᠠᠷᠬᠠᠭᠠᠬᠤ ᠂ ᠲᠦᠷᠢᠶᠡᠰᠦᠯᠡᠭᠦᠯᠬᠦ ᠂ ᠳᠡᠯᠭᠡᠨ ᠦᠵᠡᠭᠦᠯᠬᠦ ᠵᠡᠷᠭᠡ ᠠᠷᠭ᠎ᠠ ᠮᠠᠢᠭ᠎ᠢᠶᠠᠷ ᠬᠥᠷᠥᠭ ᠵᠢᠷᠤᠭ᠎ᠤᠨ ᠡᠷᠬᠡᠲᠦ ᠬᠥᠮᠦᠨ᠎ᠤ ᠬᠥᠷᠥᠭ ᠵᠢᠷᠤᠭ᠎ᠢ ᠬᠡᠷᠡᠭᠯᠡᠬᠦ ᠪᠤᠶᠤ ᠢᠯᠡ ᠪᠣᠯᠭᠠᠵᠤ ᠪᠣᠯᠬᠤ ᠦᠭᠡᠢ ᠭᠡᠵᠤ ᠲᠤᠭᠳᠠᠭᠠᠪᠠ ᠃


图片1.jpg

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面