2021-01-21 17:17:51
ᠠᠰᠠᠭᠤᠯᠳᠠ ᠄
ᠴᠤᠭᠲᠤ ᠭᠡᠷ᠎ᠡ᠎ᠳ᠋ᠤ ᠭᠠᠷᠤᠨ ᠦᠰᠦᠭ ᠵᠢᠷᠤᠬᠤ᠎ᠳᠠᠭᠠᠨ ᠬᠡᠯᠪᠡᠷᠢᠵᠢᠭᠰᠡᠨ ᠵᠦᠢᠯ ᠵᠤᠷᠪᠤᠰ᠎ᠢ ᠨᠠᠷᠢᠨ ᠬᠢᠨᠠᠮᠠᠭᠠᠶ ᠦᠵᠡᠭᠰᠡᠨ ᠦᠭᠡᠶ ᠪᠦᠭᠡᠳ ᠨᠥᠭᠦᠭᠡ ᠡᠲᠡᠭᠡᠳ᠎ᠨᠢ ᠴᠤ ᠲᠣᠳᠣᠷᠬᠠᠶᠢᠯᠠᠯᠲᠠ ᠬᠢᠭᠰᠡᠨ ᠦᠭᠡᠢ ᠃ ᠰᠡᠭᠦᠯᠳ᠋ᠤᠨᠢ ᠴᠤᠭᠲᠤ ᠭᠡᠷ᠎ᠠ᠎ᠳ᠋ᠤ ︽ ᠵᠦᠢ ᠵᠤᠬᠢᠰ ᠦᠭᠡᠢ ᠵᠦᠢᠯ ᠵᠤᠷᠪᠤᠰ ︾᠎ᠲᠠᠢ ᠭᠡᠵᠤ ᠦᠵᠡᠪᠡ ᠂ ᠲᠡᠭᠡᠪᠡᠯ ᠬᠤᠯᠪᠣᠭᠳᠠᠯ ᠪᠦᠬᠦᠢ ᠵᠦᠢᠯ ᠵᠤᠷᠪᠤᠰ᠎ᠨᠢ ᠬᠦᠴᠦᠨ᠎ᠲᠠᠢ ᠤᠤ ︖

ᠬᠠᠷᠢᠭᠤᠯᠲᠠ ᠄
ᠬᠡᠷᠪᠡ ᠴᠤᠭᠲᠤ᠎ᠲᠠᠢ ᠴᠢᠬᠤᠯᠠ ᠶᠡᠭᠡ ᠠᠰᠢᠭ ᠬᠤᠣᠷ᠎ᠤᠨ ᠬᠠᠷᠢᠴᠠᠭ᠎ᠠ᠎ᠲᠠᠢ ᠵᠦᠢᠯ ᠵᠤᠷᠪᠤᠰ᠎ᠲᠤ ᠬᠤᠯᠪᠣᠭᠳᠠᠭᠰᠠᠨ ᠪᠠᠶᠢᠪᠠᠯ ᠂ ᠬᠡᠯᠪᠡᠷᠢᠵᠢᠭᠰᠡᠨ ᠵᠦᠢᠯ ᠵᠤᠷᠪᠤᠰ᠎ᠢ ᠭᠡᠷ᠎ᠡ᠎ᠶᠢᠨ ᠠᠭᠤᠯᠭ᠎ᠠ ᠪᠣᠯᠭᠠᠬᠤ ᠦᠭᠡᠢ ᠭᠡᠵᠦ ᠪᠠᠷᠢᠮᠳᠠᠯᠠᠵᠤ ᠪᠣᠯᠤᠨ᠎ᠠ ᠃ ᠬᠡᠯᠪᠡᠷᠢᠵᠢᠭᠰᠡᠨ ᠵᠦᠢᠯ ᠵᠤᠷᠪᠤᠰ ᠬᠠᠩᠭᠠᠭᠰᠠᠨ ᠡᠲᠡᠭᠡᠳ᠎ᠨᠢ ᠦᠪᠡᠷ᠎ᠤᠨ ᠬᠠᠷᠢᠭᠤᠴᠠᠯᠭ᠎ᠠ᠎ᠪᠠᠨ ᠵᠦᠢ ᠵᠣᠬᠢᠰ ᠦᠭᠡᠶ᠎ᠪᠠᠷ ᠬᠡᠯᠲᠦᠷᠢᠭᠦᠯᠦᠭᠰᠡᠨ ᠪᠤᠶᠤ ᠬᠥᠩᠭᠡᠷᠡᠭᠦᠯᠵᠤ ᠂ ᠨᠥᠭᠦᠭᠡ ᠡᠲᠡᠭᠡᠳ᠎ᠤᠨ ᠬᠠᠷᠢᠭᠤᠴᠠᠯᠭ᠎ᠠ᠎ᠶᠢ ᠬᠦᠨᠳᠦᠷᠡᠭᠦᠯᠦᠭᠰᠡᠨ ᠂ ᠨᠥᠭᠦᠭᠡ ᠡᠲᠡᠭᠡᠳ᠎ᠤᠨ ᠭᠤᠣᠯ ᠡᠷᠬᠡ ᠠᠰᠢᠭ᠎ᠢ ᠬᠢᠵᠠᠭᠠᠷᠯᠠᠭᠰᠠᠨ ᠵᠡᠷᠭᠡ ᠪᠠᠶᠢᠳᠠᠯ ᠳᠣᠣᠷ᠎ᠠ ᠂ ᠬᠡᠯᠪᠡᠷᠢᠵᠢᠭᠰᠡᠨ ᠵᠦᠢᠯ ᠵᠤᠷᠪᠤᠰ᠎ᠨᠢ ᠬᠠᠤᠯᠢ ᠴᠠᠭᠠᠵᠠ᠎ᠶᠢᠨ ᠬᠦᠴᠦᠨ ᠦᠭᠡᠢ ᠃ ᠬᠡᠯᠪᠡᠷᠢᠵᠢᠭᠰᠡᠨ ᠵᠤᠶᠢᠯ ᠵᠤᠷᠪᠤᠰ᠎ᠲᠤ ᠬᠤᠶᠠᠷ ᠵᠤᠶᠢᠯ᠎ᠡᠴᠠ ᠳᠡᠭᠡᠭᠰᠢ ᠲᠠᠶᠢᠯᠪᠤᠷᠢ ᠬᠢᠭᠰᠡᠨ ᠪᠠᠶᠢᠪᠠᠯ ᠂ ᠬᠡᠯᠪᠡᠷᠢᠵᠢᠭᠰᠡᠨ ᠵᠤᠶᠢᠯ ᠵᠤᠷᠪᠤᠰ ᠬᠠᠩᠭᠠᠭᠰᠠᠨ ᠲᠠᠯ᠎ᠠ᠎ᠳ᠋ᠤ ᠠᠰᠢᠭ ᠦᠭᠡᠢ ᠲᠠᠶᠢᠯᠪᠤᠷᠢᠯᠠᠯᠲᠠ ᠬᠢᠬᠦ ᠬᠡᠷᠡᠭᠲᠡᠶ ᠃

︽ ᠢᠷᠭᠡᠨ᠎ᠤ ᠬᠠᠤᠯᠢ᠎ᠶᠢᠨ ᠪᠢᠴᠢᠭ ︾᠎ᠤᠨ ᠳᠥᠷᠪᠡᠨ ᠵᠠᠭᠤ ᠶᠡᠷᠡᠨ ᠵᠢᠷᠭᠤᠳᠤᠭᠠᠷ ᠵᠦᠢᠯ᠎ᠳ᠋ᠤ ᠂ ᠭᠡᠯᠪᠡᠷᠢᠵᠢᠭᠰᠡᠠ ᠵᠦᠢᠯ ᠵᠤᠷᠪᠤᠰ ᠪᠤᠯ ᠲᠤᠬᠠᠢ᠎ᠶᠢᠨ ᠬᠦᠮᠦᠨ᠎ᠤ ᠳᠠᠬᠢᠨ ᠳᠠᠪᠲᠠᠨ ᠬᠡᠷᠡᠭᠯᠡᠬᠦ᠎ᠶᠢᠨ ᠲᠥᠯᠦᠭᠡ ᠤᠷᠢᠳᠴᠢᠯᠠᠨ ᠲᠤᠭᠤᠷᠪᠢᠨ ᠲᠤᠭᠲᠠᠭᠠᠭᠰᠠᠨ ᠪᠦᠭᠡᠳ ᠭᠡᠷ᠎ᠡ ᠲᠤᠭᠲᠠᠭᠠᠬᠤ ᠦᠶ᠎ᠡ᠎ᠳ᠋ᠤ ᠨᠦᠬᠦᠭᠡ ᠲᠠᠯ᠎ᠠ᠎ᠲᠠᠢ᠎ᠪᠠᠨ ᠵᠦᠪᠳᠡᠯᠴᠡᠭᠰᠡᠨ ᠦᠭᠡᠢ ᠵᠦᠢᠯ ᠵᠤᠷᠪᠤᠰ ᠪᠤᠯᠤᠨ᠎ᠠ ᠃ ᠭᠡᠯᠪᠡᠷᠢᠵᠢᠭᠰᠡᠠ ᠵᠦᠢᠯ ᠵᠤᠷᠪᠤᠰ᠎ᠢᠶᠠᠷ ᠭᠡᠷ᠎ᠠ ᠲᠤᠬᠳᠡᠭᠠᠬᠰᠡᠨ ᠪᠤᠯ ᠂ ᠭᠡᠯᠪᠡᠷᠢᠵᠢᠭᠰᠡᠠ ᠵᠦᠢᠯ ᠵᠤᠷᠪᠤᠰ᠎ᠢ ᠬᠠᠩᠭᠠᠬᠰᠡᠠ ᠨᠢᠭᠡ ᠲᠠᠯ᠎ᠠ᠎ᠨᠢ ᠲᠦᠪ ᠭᠤᠦᠯᠴᠢ ᠪᠠᠶᠢᠬᠤ ᠵᠡᠷᠴᠢᠮᠢ ᠵᠢᠷᠦᠮᠯᠡᠠ ᠲᠤᠬᠠᠢ᠎ᠶᠢᠨ ᠬᠦᠮᠦᠠ᠎ᠤ ᠬᠤᠭᠤᠷᠦᠡᠳᠦ᠎ᠬᠢ ᠡᠷᠭᠡ ᠪᠡ ᠡᠬᠦᠷᠭᠡ᠎ᠶᠢ ᠲᠤᠬᠳᠡᠭᠠᠬᠤ ᠭᠡᠷᠡᠭᠳᠡᠢ ᠪᠦᠭᠡᠦᠠ ᠦᠪᠡᠷ᠎ᠤᠨ ᠬᠠᠷᠢᠭᠤᠴᠡᠯᠭ᠎ᠠ᠎ᠪᠠᠨ ᠭᠡᠯᠳᠦᠷᠢᠬᠦᠯᠬᠦ ᠪᠤᠶᠦ ᠬᠦᠡᠭᠭᠡᠷᠡᠭᠦᠯᠬᠦ ᠵᠡᠷᠭᠡ ᠨᠦᠬᠦᠭᠡ ᠲᠠᠯ᠎ᠠ᠎ᠲᠠᠢ ᠴᠢᠬᠤᠯᠠ ᠶᠡᠭᠡ ᠠᠰᠢᠭ ᠬᠤᠤᠷ᠎ᠤᠨ ᠬᠠᠷᠢᠴᠠᠭ᠎ᠠ ᠪᠦᠬᠦᠢ ᠵᠦᠢᠯ ᠵᠤᠷᠪᠤᠰ᠎ᠢ ᠨᠥᠭᠦᠭᠡ ᠲᠠᠯ᠎ᠠ᠎ᠳᠠᠭᠠᠨ ᠵᠦᠢ ᠵᠤᠬᠢᠰᠲᠠᠢ ᠠᠷᠭ᠎ᠠ ᠮᠠᠢᠭ᠎ᠢᠶᠠᠷ ᠠᠩᠬᠠᠷᠤᠭᠤᠯᠤᠨ ᠰᠠᠨᠠᠭᠤᠯᠵᠤ ᠂ ᠨᠦᠬᠦᠭᠡ ᠲᠠᠯ᠎ᠠ᠎ᠶᠢᠨ᠎ᠢᠶᠡᠨ ᠱᠡᠭᠠᠷᠳᠡᠯᠭ᠎ᠠ ᠶᠤᠰᠦᠭᠠᠷ ᠲᠤᠰ ᠵᠦᠢᠯ ᠵᠤᠷᠪᠤᠰ᠎ᠤᠨ ᠲᠤᠬᠠᠢ ᠲᠤᠳᠦᠷᠬᠠᠢᠯᠡᠯᠳᠠ ᠬᠢᠬᠦ ᠭᠡᠷᠡᠭᠳᠡᠢ ᠃ ᠭᠡᠯᠪᠡᠷᠢᠵᠢᠭᠰᠡᠠ ᠵᠦᠢᠯ ᠵᠤᠷᠪᠤᠰ᠎ᠢ ᠬᠠᠩᠭᠠᠭᠰᠠᠨ ᠨᠢᠭᠡ ᠲᠠᠯ᠎ᠠ᠎ᠨᠢ ᠠᠩᠬᠠᠷᠤᠭᠤᠯᠬᠤ ᠪᠤᠶᠤ ᠲᠤᠲᠤᠷᠬᠠᠶᠢᠯᠠᠬᠤ ᠡᠭᠦᠷᠭᠡ᠎ᠪᠠᠨ ᠭᠦᠢᠴᠡᠳᠬᠡᠭᠰᠡᠨ ᠦᠭᠡᠢ᠎ᠡᠴᠠ ᠪᠤᠯᠵᠤ ᠂ ᠨᠦᠬᠦᠭᠡ ᠲᠠᠯ᠎ᠠ᠎ᠨᠢ ᠲᠡᠭᠦᠨ᠎ᠲᠠᠢ ᠴᠢᠬᠤᠯᠠ ᠶᠡᠭᠡ ᠠᠰᠢᠭ ᠬᠤᠤᠷ᠎ᠤᠨ ᠬᠠᠷᠢᠴᠠᠭ᠎ᠠ ᠪᠦᠬᠦᠢ ᠵᠦᠢᠯ ᠵᠤᠷᠪᠤᠰ᠎ᠢ ᠠᠩᠬᠠᠷᠤᠭᠰᠠᠨ ᠦᠭᠡᠢ ᠪᠤᠶᠤ ᠤᠶᠢᠯᠠᠭᠠᠭᠰᠠᠨ ᠦᠭᠡᠢ ᠪᠠᠶᠢᠪᠠᠯ ᠂ ᠨᠦᠬᠦᠭᠡ ᠲᠠᠯ᠎ᠠ᠎ᠨᠢ ᠲᠤᠰ ᠵᠦᠢᠯ ᠵᠤᠷᠪᠤᠰ᠎ᠢᠶᠠᠷ ᠭᠡᠷ᠎ᠡ᠎ᠶᠢᠨ ᠠᠭᠤᠯᠭ᠎ᠠ ᠪᠤᠯᠭᠠᠬᠤ ᠦᠭᠡᠢ ᠭᠡᠵᠦ ᠵᠤᠷᠢᠵᠤ ᠪᠤᠯᠤᠨ᠎ᠠ ᠭᠡᠵᠤ ᠲᠤᠭᠳᠠᠭᠠᠪᠠ ᠃

ᠲᠦᠷᠪᠡᠠ ᠵᠠᠭᠤ ᠶᠡᠷᠡᠨ ᠳᠣᠯᠣᠳᠤᠭᠠᠷ ᠵᠤᠶᠢᠯ᠎ᠳ᠋ᠤ ᠂ ᠳᠤᠤᠷ᠎ᠠ ᠵᠢᠭᠰᠠᠭᠠᠭᠰᠠᠨ ᠪᠠᠶᠢᠳᠠᠯ᠎ᠤᠨ ᠨᠢᠭᠡ᠎ᠨᠢ ᠪᠠᠶᠢᠪᠠᠯ ᠂ ᠲᠤᠰ ᠬᠡᠯᠪᠡᠷᠢᠵᠢᠭᠰᠡᠨ ᠵᠦᠢᠯ ᠵᠤᠷᠪᠤᠰ᠎ᠨᠢ ᠬᠦᠴᠦᠨ ᠦᠭᠡᠢ ᠭᠡᠵᠦ ᠲᠤᠬᠳᠠᠭᠠᠵᠠᠢ ᠄
︵ ᠨᠢᠭᠡ ︶ ᠲᠤᠰ ᠬᠠᠤᠯᠢ᠎ᠶᠢᠨ ᠨᠢᠭᠡᠳᠦᠭᠡᠷ ᠠᠩᠬᠢ᠎ᠶᠢᠨ ᠵᠢᠷᠭᠤᠳᠤᠭᠠᠷ ᠪᠦᠯᠦᠭ᠎ᠤᠨ ᠭᠤᠷᠪᠠᠳᠤᠭᠠᠷ ᠬᠡᠰᠡᠭ ᠪᠠ ᠲᠤᠰ ᠬᠠᠤᠯᠢ᠎ᠶᠢᠨ ᠲᠠᠪᠤᠨ ᠵᠠᠭᠤ ᠵᠢᠷᠭᠤᠳᠤᠭᠠᠷ ᠵᠦᠢᠯ᠎ᠳ᠋ᠤ ᠲᠤᠭᠲᠠᠭᠠᠭᠰᠠᠨ ᠬᠦᠴᠦᠨ ᠦᠭᠡᠢ ᠪᠠᠶᠢᠳᠠᠯ᠎ᠲᠠᠢ ᠪᠠᠶᠢᠬᠤ ︔
︵ ᠬᠤᠶᠠᠷ ︶ ᠭᠡᠯᠪᠡᠷᠢᠵᠢᠭᠰᠡᠠ ᠵᠦᠢᠯ ᠵᠤᠷᠪᠤᠰ᠎ᠢ ᠬᠠᠩᠭᠠᠬᠰᠡᠠ ᠨᠢᠭᠡ ᠲᠠᠯ᠎ᠠ᠎ᠨᠢ ᠵᠦᠢ ᠵᠤᠬᠢᠰ ᠦᠭᠡᠢ᠎ᠪᠠᠷ ᠦᠪᠡᠷ᠎ᠤᠨ ᠬᠠᠷᠢᠭᠤᠴᠡᠯᠭ᠎ᠠ᠎ᠪᠠᠨ ᠭᠡᠯᠳᠦᠷᠢᠬᠦᠯᠬᠦ ᠪᠤᠶᠤ ᠬᠦᠡᠭᠭᠡᠷᠡᠭᠦᠯᠵᠦ ᠂ ᠨᠦᠬᠦᠭᠡ ᠲᠠᠯ᠎ᠠ᠎ᠶᠢᠨ᠎ᠢᠶᠡᠨ ᠬᠠᠷᠢᠭᠤᠴᠠᠯᠭ᠎ᠠ᠎ᠶᠢ ᠬᠦᠨᠳᠦᠷᠡᠭᠦᠯᠵᠤ ᠂ ᠨᠦᠬᠦᠭᠡ ᠲᠠᠯ᠎ᠠ᠎ᠶᠢᠨ᠎ᠢᠶᠡᠨ ᠭᠤᠤᠯ ᠡᠷᠬᠡ᠎ᠶᠢ ᠬᠢᠵᠠᠭᠠᠷᠯᠠᠭᠰᠠᠨ ︔
︵ ᠭᠤᠷᠪᠠ ︶ ᠬᠡᠯᠪᠡᠷᠢᠵᠢᠭᠰᠡᠨ ᠵᠦᠢᠯ ᠵᠤᠷᠪᠤᠰ᠎ᠢ ᠬᠠᠩᠭᠠᠭᠰᠠᠨ ᠨᠢᠭᠡ ᠲᠠᠯ᠎ᠠ᠎ᠨᠢ ᠨᠦᠬᠦᠭᠡ ᠲᠠᠯ᠎ᠠ᠎ᠶᠢᠨ᠎ᠢᠶᠡᠨ ᠭᠤᠦᠯ ᠡᠷᠭᠡ᠎ᠶᠢ ᠦᠭᠡᠶᠢᠰᠭᠡᠭᠰᠡᠠ ᠃

ᠳᠥᠷᠪᠡᠨ ᠵᠠᠭᠤ ᠶᠡᠷᠡᠨ ᠨᠠᠢᠮᠠᠳᠤᠭᠠᠷ ᠵᠦᠢᠯ᠎ᠳ᠋ᠤ ᠂ ᠭᠡᠯᠪᠡᠷᠢᠵᠢᠭᠰᠡᠠ ᠵᠦᠢᠯ ᠵᠤᠷᠪᠤᠰ᠎ᠤᠨ ᠲᠤᠬᠠᠢ ᠤᠢᠯᠡᠭᠠᠯᠳᠠᠶᠢᠨ ᠲᠠᠯ᠎ᠠ᠎ᠪᠠᠷ ᠮᠡᠷᠭᠤᠭᠠᠠ ᠭᠠᠷᠪᠡᠯ ᠂ ᠶᠡᠷᠦᠳᠡ᠎ᠶᠢᠨ ᠤᠢᠯᠡᠭᠠᠯᠳᠠᠪᠠᠷ ᠲᠡᠶᠢᠯᠪᠦᠷᠢᠯᠡᠬᠤ ᠭᠡᠷᠡᠭᠳᠡᠢ ᠃ ᠭᠡᠯᠪᠡᠷᠢᠵᠢᠭᠰᠡᠠ ᠵᠦᠢᠯ ᠵᠤᠷᠪᠤᠰ᠎ᠲᠤ ᠬᠤᠶᠡᠷ ᠵᠦᠢᠯ᠎ᠡᠴᠠ ᠲᠡᠭᠡᠭᠰᠢ ᠲᠡᠶᠢᠯᠪᠦᠷᠢᠯᠡᠯᠳᠠᠲᠠᠢ ᠪᠠᠶᠢᠪᠡᠯ ᠂ ᠭᠡᠯᠪᠡᠷᠢᠵᠢᠭᠰᠡᠠ ᠵᠦᠢᠯ ᠵᠤᠷᠪᠤᠰ᠎ᠢ ᠬᠠᠩᠭᠠᠬᠰᠡᠠ ᠨᠢᠭᠡ ᠲᠠᠯ᠎ᠠ᠎ᠳ᠋ᠤ ᠠᠰᠢᠬ ᠦᠭᠡᠢ ᠲᠡᠶᠢᠯᠪᠦᠷᠢᠯᠡᠯᠳᠠ ᠬᠢᠬᠦ ᠭᠡᠷᠡᠭᠳᠡᠢ ᠃ ᠭᠡᠯᠪᠡᠷᠢᠵᠢᠭᠰᠡᠠ ᠵᠦᠢᠯ ᠵᠤᠷᠪᠤᠰ ᠪᠤᠯᠦᠠ ᠭᠡᠯᠪᠡᠷᠢᠵᠢᠭᠰᠡᠠ ᠪᠤᠰᠦ ᠵᠦᠢᠯ ᠵᠤᠷᠪᠤᠰ᠎ᠨᠢ ᠨᠢᠭᠡᠳᠦᠯ ᠦᠭᠡᠢ ᠪᠠᠶᠢᠪᠡᠯ ᠂ ᠭᠡᠯᠪᠡᠷᠢᠵᠢᠭᠰᠡᠠ ᠪᠤᠰᠦ ᠵᠦᠢᠯ ᠵᠤᠷᠪᠤᠰ᠎ᠢ ᠭᠡᠷᠡᠭᠯᠡᠬᠦ ᠭᠡᠷᠡᠭᠳᠡᠢ ᠭᠡᠵᠤ ᠲᠤᠭᠳᠠᠭᠠᠪᠠ ᠃

ᠲᠠᠪᠤᠨ ᠵᠠᠭᠤ ᠵᠢᠷᠭᠤᠳᠤᠭᠠᠷ ᠵᠦᠢᠯ᠎ᠳ᠋ᠤ ᠂ ᠭᠡᠷᠠᠳ᠋ᠠᠬᠢ ᠲᠤᠤᠷ᠎ᠠ ᠵᠢᠬᠰᠡᠭᠠᠬᠰᠡᠠ ᠬᠠᠷᠢᠭᠤᠴᠡᠯᠭ᠎ᠠ᠎ᠡᠴᠠ ᠭᠡᠯᠳᠦᠷᠢᠬᠦᠯᠬᠦ ᠵᠦᠢᠯ ᠵᠤᠷᠪᠤᠰ ᠬᠦᠴᠦᠠ ᠦᠭᠡᠢ ᠭᠡᠵᠤ ᠲᠤᠭᠳᠠᠭᠠᠪᠠ ᠄
︵ ᠨᠢᠭᠡ ︶ ᠨᠦᠬᠦᠭᠡ ᠲᠠᠯ᠎ᠠ᠎ᠶᠢᠨ᠎ᠢᠶᠡᠨ ᠪᠡᠶ᠎ᠠ ᠮᠡᠬᠠᠪᠦᠦᠠᠢ ᠬᠤᠬᠢᠷᠠᠭᠤᠯᠤᠭᠰᠠᠨ ︔
︵ ᠬᠤᠶᠡᠷ ︶ ᠵᠤᠷᠢᠭᠤᠳᠠ ᠬᠢᠭᠰᠡᠨ ᠪᠤᠶᠦ ᠬᠦᠡᠳᠦ ᠶᠡᠭᠡ ᠠᠳᠡᠯ ᠭᠠᠷᠭᠠᠭᠰᠠᠨ᠎ᠡᠴᠠ ᠪᠤᠯᠵᠦ ᠨᠦᠬᠦᠭᠡ ᠲᠠᠯ᠎ᠠ᠎ᠶᠢᠨ᠎ᠢᠶᠡᠨ ᠡᠳ᠋ ᠬᠦᠷᠦᠩᠭᠡ᠎ᠶᠢ ᠬᠤᠬᠢᠷᠡᠭᠤᠯᠦᠬᠰᠡᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃