2021-01-21 18:28:13
ᠠᠰᠠᠭᠤᠯᠳᠠ ᠄
ᠵᠠᠷᠢᠮ ᠠᠶᠠᠨᠴᠢᠳ᠎ᠤᠨ ᠠᠶᠤᠯ ᠦᠭᠡᠢ᠎ᠶᠢᠨ ᠪᠠᠶᠢᠴᠠᠭᠠᠯᠲᠠ᠎ᠳ᠋ᠤ ᠬᠠᠮᠵᠢᠯᠴᠠᠬᠤ ᠦᠭᠡᠢ᠂ ︽ ᠤᠶᠢᠷ᠎ᠠ ᠦᠷᠳᠡᠭᠡᠨ᠎ᠤ ᠪᠢᠯᠧᠲ ᠠᠪᠴᠤ ᠬᠤᠯᠠ ᠭᠠᠵᠠᠷ ᠵᠠᠮᠨᠠᠬᠤ︾ ᠂ ︽ ᠰᠠᠭᠤᠳᠠᠯ ᠡᠵᠡᠷᠬᠡᠬᠦ︾ ᠵᠡᠷᠭᠡ ᠠᠵᠢᠯᠯᠠᠭ᠎ᠠ᠎ᠳ᠋ᠤ ᠴᠢᠭᠯᠡᠭᠦᠯᠦᠨ ︽ ᠢᠷᠭᠡᠨ᠎ᠤ ᠬᠠᠤᠯᠢ᠎ᠶᠢᠨ ᠪᠢᠴᠢᠭ︾᠎ᠲᠤ ᠶᠠᠮᠠᠷ ᠶᠠᠮᠠᠷ ᠲᠣᠭᠲᠠᠭᠠᠯ ᠲᠤᠭᠳᠠᠭᠠᠭᠰᠠᠨ ᠪᠣᠶ ︖

ᠬᠠᠷᠢᠭᠤᠯᠲᠠ ᠄
︽ ᠢᠷᠭᠡᠨ᠎ᠤ ᠬᠠᠤᠯᠢ᠎ᠶᠢᠨ ᠪᠢᠴᠢᠭ ︾᠎ᠤᠨ ᠨᠠᠢᠮᠠᠨ ᠵᠠᠭᠤ ᠠᠷᠪᠠᠨ ᠲᠠᠪᠤᠳᠤᠭᠠᠷ ᠵᠦᠢᠯ᠎ᠳ᠋ᠤ᠂ ᠠᠶᠠᠨᠴᠢᠨ ᠬᠦᠴᠦᠨ ᠪᠦᠬᠦᠢ ᠪᠢᠯᠧᠲ᠎ᠲᠤ ᠲᠡᠮᠳᠡᠭᠯᠡᠭᠰᠡᠨ ᠴᠠᠭ᠋᠂ ᠡᠭᠡᠯᠵᠢ ᠤᠳᠠᠭ᠎ᠠ ᠪᠠ ᠰᠠᠭᠤᠳᠠᠯ᠎ᠤᠨ ᠨᠤᠮᠧᠷ᠎ᠢᠶᠠᠷ ᠰᠠᠭᠤᠬᠤ ᠬᠡᠷᠡᠭᠲᠡᠶ᠃ ᠠᠶᠠᠨᠴᠢᠨ ᠪᠢᠯᠧᠲ ᠦᠬᠡᠢ᠎ᠪᠠᠷ ᠰᠠᠭᠤᠬᠤ᠂ ᠠᠶᠠᠯᠠᠯ᠎ᠤᠨ ᠵᠠᠶ᠎ᠡᠴᠠ ᠬᠡᠲᠦᠷᠡᠭᠦᠯᠦᠨ ᠰᠠᠭᠤᠬᠤ᠂ ᠳᠡᠰ᠎ᠡᠴᠠ ᠳᠠᠪᠠᠵᠤ ᠰᠠᠭᠤᠬᠤ ᠪᠤᠶᠤ ᠦᠨ᠎ᠡ᠎ᠶᠢ᠎ᠨᠢ ᠪᠠᠭᠤᠷᠠᠭᠤᠯᠬᠤ ᠨᠦᠬᠦᠴᠡᠯ᠎ᠳ᠋ᠤ ᠦᠯᠦ ᠨᠡᠶᠢᠴᠡᠬᠦ ᠬᠠᠷᠠᠭᠠᠯᠵᠠᠯᠳᠤ ᠦᠨ᠎ᠡ᠎ᠶᠢᠨ ᠠᠶᠠᠨᠴᠢᠨ᠎ᠤ ᠪᠢᠯᠧᠲ᠎ᠢᠶᠠᠷ ᠰᠠᠭᠤᠪᠠᠯ᠂ ᠪᠢᠯᠧᠲ᠎ᠤᠨ ᠵᠣᠭᠤᠰ᠎ᠢ ᠨᠥᠬᠦᠵᠦ ᠲᠤᠰᠢᠶᠠᠬᠤ ᠬᠡᠷᠡᠭᠲᠡᠶ᠂ ᠳᠠᠭᠠᠭᠠᠨ ᠲᠡᠭᠡᠭᠡᠪᠦᠷᠢᠯᠡᠭᠴᠢ ᠲᠣᠭᠲᠠᠭᠠᠯ ᠶᠣᠰᠣᠭᠠᠷ ᠪᠢᠯᠧᠲ᠎ᠤᠨ ᠵᠣᠭᠤᠰ᠎ᠢ ᠨᠡᠮᠡᠨ ᠠᠪᠴᠤ ᠪᠣᠯᠤᠨ᠎ᠠ ︔ ᠠᠶᠠᠨᠴᠢᠨ ᠪᠢᠯᠧᠲ᠎ᠤᠨ ᠵᠣᠭᠤᠰ᠎ᠢ ᠲᠦᠯᠦᠬᠦ ᠦᠬᠡᠢ ᠪᠣᠯ ᠂ ᠳᠠᠭᠠᠭᠠᠨ ᠲᠡᠭᠡᠭᠡᠪᠦᠷᠢᠯᠡᠭᠴᠢ ᠲᠡᠭᠡᠭᠡᠪᠦᠷᠢᠯᠡᠬᠦ᠎ᠶᠢ ᠲᠡᠪᠴᠢᠵᠦ ᠪᠣᠯᠤᠨ᠎ᠠ ᠭᠡᠵᠦ ᠲᠣᠭᠲᠠᠭᠠᠵᠠᠢ᠃

ᠨᠠᠢᠮᠠᠨ ᠵᠠᠭᠤ ᠠᠷᠪᠠ ᠶᠢᠰᠦᠳᠦᠭᠡᠷ ᠵᠦᠢᠯ᠎ᠳ᠋ᠤ᠂ ᠳᠠᠭᠠᠭᠠᠨ ᠲᠡᠭᠡᠭᠡᠪᠦᠷᠢᠯᠡᠭᠴᠢ ᠠᠶᠤᠯᠭᠦᠶ ᠲᠡᠭᠡᠭᠡᠪᠦᠷᠢᠯᠡᠬᠦ ᠡᠭᠦᠷᠭᠡ᠎ᠪᠠᠨ ᠴᠢᠩᠭ᠎ᠠ ᠭᠦᠢᠴᠡᠳᠬᠡᠵᠦ᠂ ᠠᠶᠤᠯᠭᠦᠶ ᠲᠡᠭᠡᠭᠡᠪᠦᠷᠢᠯᠡᠬᠦ᠎ᠳ᠋ᠤ ᠠᠩᠬᠠᠷᠬᠤ ᠶᠣᠰᠣᠲᠠᠶ ᠵᠦᠢᠯ᠎ᠢ ᠠᠶᠠᠨᠴᠢᠳ᠎ᠲᠤ ᠴᠠᠭ ᠲᠤᠬᠠᠶ᠎ᠳ᠋ᠤᠨᠢ ᠬᠡᠯᠡᠵᠦ ᠥᠭᠬᠦ ᠬᠡᠷᠡᠭᠲᠡᠶ᠃ ᠠᠶᠠᠨᠴᠢᠨ᠎ᠨᠢ ᠳᠠᠭᠠᠭᠠᠨ ᠲᠡᠭᠡᠭᠡᠪᠦᠷᠢᠯᠡᠭᠴᠢ᠎ᠶᠢᠨ ᠠᠶᠤᠯᠭᠦᠢ ᠲᠡᠭᠡᠭᠡᠪᠦᠷᠢᠯᠡᠬᠦ᠎ᠶᠢᠨ ᠲᠥᠯᠥᠭᠡ ᠬᠢᠭᠰᠡᠨ ᠵᠦᠶ ᠵᠣᠬᠢᠰᠲᠠᠶ ᠲᠣᠬᠢᠷᠠᠭᠤᠯᠤᠯᠲᠠ᠎ᠶᠢ ᠢᠳᠡᠪᠬᠢᠲᠡᠢ ᠬᠠᠮᠵᠢᠯᠴᠠᠬᠤ ᠬᠡᠷᠡᠭᠲᠡᠶ ᠭᠡᠵᠤ ᠲᠤᠭᠳᠠᠭᠠᠪᠠ᠃

- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃