2020-06-09 11:06:13

ᠦᠳᠡᠰᠢ᠎ᠶᠢᠨ ᠪᠦᠷᠦᠢ᠎ᠪᠠᠷ ᠬᠦᠬᠡᠬᠤᠳᠠ᠎ᠡᠴᠠ ᠬᠦᠭᠯᠡᠭᠰᠡᠨ ᠭᠠᠯᠳᠤ ᠠᠷᠪᠠᠭᠠᠳ ᠴᠠᠭ ᠬᠦᠷᠴᠢᠭᠢᠨᠡᠨ ᠪᠠᠢᠵᠤ ᠬᠤᠰᠢᠭᠤᠨ ᠲᠦᠪ ᠬᠦᠷᠬᠦ᠎ᠳ᠋ᠤ ᠬᠤᠶᠠᠳᠠᠬᠢ ᠡᠳᠦᠷ᠎ᠤᠨ᠎ᠬᠢᠨ ᠦᠷᠯᠦᠭᠡ ᠪᠤᠯᠵᠠᠢ ᠃

ᠬᠦᠰᠡᠵᠦ ᠮᠦᠷᠦᠭᠡᠳᠦᠭᠰᠡᠨ ᠬᠡᠨ ᠨᠢᠭᠡᠨᠲᠠᠢᠪᠠᠨ ᠬᠤᠷᠳᠤᠬᠠᠨ ᠤᠴᠠᠷᠠᠬᠤ᠎ᠶᠢ ᠶᠠᠭᠠᠷᠠᠵᠤ ᠂ ᠬᠦᠭᠰᠡᠭᠰᠡᠨ ᠰᠡᠳᠬᠢᠯ᠎ᠢᠶᠡᠨ ᠳᠠᠷᠤᠵᠤ ᠶᠠᠳᠠᠨ ᠦᠷᠳᠡᠭᠡᠨ᠎ᠤ ᠭᠠᠷᠤᠴᠠ ᠵᠦᠭ ᠪᠠᠢᠨ ᠳᠠᠬᠢᠨ ᠬᠦᠵᠦᠭᠦᠦ ᠰᠤᠩᠭᠠᠬᠤ᠎ᠳ᠋ᠤ ᠤᠯᠠᠨ᠎ᠤ ᠳᠤᠮᠳᠠ ᠠᠪᠤ᠋ ᠮᠢᠨᠢ ᠰᠠᠷᠠᠪᠴᠢᠯᠠᠨ ᠪᠠᠢᠯ᠎ᠠ ᠃ ᠦᠬᠢᠨ᠎ᠢᠶᠡᠨ ᠰᠠᠨᠠᠭᠠᠯᠵᠠᠵᠤ ᠡᠳᠦᠷ ᠳᠤᠭᠠᠯᠠᠨ ᠬᠦᠯᠢᠶᠡᠵᠦ ᠪᠠᠢᠭᠰᠠᠨ ᠠᠪᠤ᠋ ᠮᠠᠨᠢ ᠡᠷᠳᠡ᠎ᠡᠴᠠ ᠨᠠᠮᠠᠢ ᠤᠯᠵᠤ ᠬᠠᠷᠠᠭᠰᠠᠨ᠎ᠢᠶᠡᠨ ᠭᠠᠷ ᠳᠠᠯᠠᠯᠤᠨ᠎ᠠ ᠃

ᠠᠪᠤ᠋ ᠮᠢᠨᠢ ᠦᠩᠭᠡ ᠰᠢᠷᠢ᠎ᠨᠢ ᠤᠨᠠᠵᠤ ᠂ ᠦᠨᠴᠦᠭ ᠪᠤᠯᠤᠩ᠎ᠨᠢ ᠬᠡᠭᠵᠡᠷᠡᠵᠦ ᠦᠷᠦᠭᠡᠰᠦᠨ ᠰᠢᠯ᠎ᠨᠢ ᠬᠠᠭᠠᠷᠠᠭᠰᠠᠨ ᠪᠠᠭ᠎ᠠ ᠮᠠᠰᠢᠨ᠎ᠳᠠᠭᠠᠨ ᠪᠤᠭᠤᠳᠠᠯ ᠪᠠᠭᠯᠠᠭ᠎ᠠ᠎ᠶᠢ ᠠᠴᠢᠶᠠᠯᠠᠬᠤ᠎ᠳᠠᠭᠠᠨ ᠄
ᠬᠤᠳᠠ᠎ᠡᠴᠠ ᠢᠷᠡᠭᠰᠡᠨ ᠰᠤᠷᠪᠤᠯᠵᠢᠯᠠᠭᠴᠢ ᠠᠪᠠᠬᠠᠢ᠎ᠶᠢ ᠬᠠᠷ᠎ᠠ ᠳᠤᠭᠤᠰᠤ ᠳᠠᠳᠠᠭᠤᠯᠤᠭᠰᠠᠨ ᠮᠤᠲ᠋ᠤᠷ᠎ᠤᠨ ᠠᠷᠤ᠎ᠳ᠋ᠤ ᠰᠠᠭᠤᠯᠭᠠᠭᠠᠳ ᠴᠤ ᠶᠠᠭᠠᠬᠢᠬᠤᠪ ᠂ ᠬᠡᠮᠬᠡᠷᠬᠡᠢ ᠪᠤᠯᠪᠠᠴᠤ ᠪᠠᠭ᠎ᠠ ᠮᠠᠰᠢᠨ᠎ᠢᠶᠠᠷ ᠳᠤᠰᠤᠶᠠ ᠳ᠋ᠠ ᠭᠡᠵᠦ ᠱᠤᠭ ᠪᠤᠯᠭᠠᠭᠰᠠᠨ᠎ᠢᠶᠡᠨ ︿ ᠬᠡᠪᠡᠷᠡᠭ ᠬᠠᠷᠠᠭᠳᠠᠵᠤ ᠪᠠᠢᠭ᠎ᠠ ᠪᠤᠯᠪᠠᠴᠤ ᠵᠠᠮ ᠬᠤᠷᠤᠭᠠᠬᠤ᠎ᠳᠠᠭᠠᠨ ᠪᠤᠯ ᠯᠠᠪ ᠯᠠᠪᠳᠠᠭᠤᠨ ﹀ ᠭᠡᠵᠦ ᠳᠡᠷᠭᠡᠨ ᠤᠷᠤᠢ ᠳᠡᠬᠡᠷ᠎ᠠ᠎ᠪᠠᠨ ᠬᠤᠶᠡᠷ ᠳᠠᠪᠰᠢᠭᠠᠳ ᠬᠦᠭ ᠬᠦᠭ ᠢᠨᠢᠶᠡᠨᠠ ᠃
ᠬᠤᠰᠢᠭᠤᠨ ᠳᠡᠭᠦᠷᠭᠡ᠎ᠪᠠᠷ ᠳᠠᠪᠬᠢᠭᠰᠠᠨ ᠪᠠᠭ᠎ᠠ ᠮᠠᠰᠢᠨ ᠬᠤᠷᠳᠤ ᠰᠠᠭᠠᠷᠠᠭᠤᠯᠤᠭᠴᠢ ᠪᠦᠰᠡ᠎ᠶᠢ ᠳᠠᠭᠠᠷᠢᠬᠤ᠎ᠳᠠᠭᠠᠨ ᠪᠠᠢᠨ ᠪᠠᠢᠨ ᠫᠢᠰ ᠳᠠᠰ ᠳᠤᠤᠭᠠᠷᠬᠤ ᠪᠤᠯᠪᠠᠴᠤ ᠬᠠᠭᠠᠷᠬᠠᠢ ᠰᠢᠯᠢᠶᠠᠷᠨᠢ ᠳᠠᠯ᠎ᠠ᠎ᠶᠢᠨ ᠰᠠᠯᠬᠢ ᠵᠦᠭᠡᠯᠡᠨ ᠦᠯᠢᠶᠡᠵᠦ ᠰᠡᠳᠬᠢᠯ ᠰᠡᠷᠭᠦᠭᠡᠨ᠎ᠠ ᠃
ᠬᠠᠷ᠎ᠠ ᠳ᠋ᠠ ᠡᠨᠡ ᠵᠠᠮ᠎ᠢ ᠂ ᠦᠬᠡᠷ ᠳᠡᠷᠭᠡ᠎ᠪᠠᠷ ᠨᠢᠭᠡ ᠰᠦᠨᠢ ᠨᠢᠭᠡ ᠡᠳᠦᠷ ᠠᠶᠠᠯᠠᠳᠠᠭ ᠪᠠᠢᠵᠠᠢ ᠭᠡᠬᠦ᠎ᠳ᠋ᠤ ᠬᠦᠮᠦᠨ ᠢᠳᠡᠭᠡᠬᠦ ᠦᠭᠡᠢ ᠭᠡᠮᠡᠷ ᠪᠤᠯᠵᠤ ᠰᠢᠤ ᠭᠡᠵᠦ ᠠᠪᠤ᠋ ᠮᠢᠨᠢ ᠦᠩᠭᠡᠷᠡᠭᠰᠡᠨ᠎ᠢᠶᠡᠨ ᠦᠭᠡᠢᠯᠡᠵᠦ ᠦᠨᠦᠳᠦᠷ᠎ᠢᠶᠡᠨ ᠱᠠᠭᠰᠢᠨ᠎ᠠ ᠃ ᠬᠡᠯᠡᠬᠦ᠎ᠡᠴᠠ ᠨᠠᠮ᠎ᠠ᠎ᠶᠢ ᠪᠠᠭ᠎ᠠ ᠠᠬᠤᠢ᠎ᠳ᠋ᠤ ᠬᠤᠰᠢᠭᠤ ᠰᠤᠮᠤᠨ᠎ᠤ ᠰᠤᠷᠭᠠᠭᠤᠯᠢ᠎ᠶᠢ ᠴᠢᠭᠯᠡᠵᠦ ᠮᠤᠲ᠋ᠤᠷ᠎ᠢᠶᠠᠷ ᠪᠠᠢᠩᠭᠤ ᠵᠠᠮᠨᠠᠬᠤ᠎ᠳᠠᠭᠠᠨ ᠡᠯᠡᠰᠦ ᠮᠠᠩᠬ᠎ᠠ ᠂ ᠴᠢᠯᠠᠭᠤ ᠮᠤᠳᠤ ᠡᠯᠳᠡᠪ᠎ᠤᠨ ᠲᠤᠷᠤᠭᠠᠰᠤᠨᠳ᠋ᠤ ᠡᠨᠳᠡ ᠳᠡᠨᠳᠡ ᠦᠭᠡᠢ ᠲᠦᠩᠰᠢᠵᠦ ᠪᠠᠢᠭᠰᠠᠨ ᠤᠷᠤ ᠮᠦᠷ ᠪᠠᠷ᠎ᠠ ᠳᠠᠰᠤ ᠠᠷᠢᠯᠵᠤ ᠬᠤᠰᠢᠭᠤᠨ ᠲᠦᠪ᠎ᠡᠴᠠ ᠬᠦᠳᠡᠭᠡ ᠭᠡᠷ᠎ᠢ ᠴᠢᠭᠯᠡᠭᠰᠡᠨ ᠰᠢᠯᠤᠭᠤᠨ ᠳᠠᠷᠳᠠᠩ ᠴᠠᠷᠳᠠᠮᠠᠯ ᠵᠠᠮ ᠳᠠᠯ᠎ᠠ᠎ᠶᠢ ᠵᠦᠰᠦᠨ ᠵᠢᠷᠢᠯᠵᠡᠨᠠ ᠃
ᠮᠠᠨ᠎ᠤ᠎ᠬᠢᠨ ᠬᠦᠮᠦᠨ᠎ᠤ ᠭᠠᠵᠠᠷ ᠬᠦᠨᠳᠡᠯᠡᠨ᠎ᠤ ᠨᠤᠳᠤᠭ᠎ᠢᠶᠠᠷ ᠬᠦᠴᠦᠨ᠎ᠤ ᠠᠵᠢᠯ᠎ᠳ᠋ᠤ ᠶᠠᠪᠤᠵᠤ ᠬᠦᠯᠢᠶᠡᠰᠦ ᠳᠠᠷᠤᠭᠠᠰᠤ ᠪᠤᠯᠤᠭᠰᠠᠨ ᠦᠷᠢ ᠰᠢᠷᠢ᠎ᠪᠠᠨ ᠴᠡᠭᠴᠡᠯᠡᠵᠦ ᠳᠠᠭᠤᠰᠬᠠᠭᠠᠳ ᠬᠤᠷᠤᠭ᠎ᠠ᠎ᠪᠠᠨ ᠴᠢᠮᠡᠬᠦ ᠬᠡᠳᠦᠨ ᠢᠮᠠᠭ᠎ᠠ ᠳᠠᠭᠤᠵᠤ ᠨᠤᠳᠤᠭ᠎ᠲᠠᠭᠠᠨ ᠪᠤᠴᠠᠭᠰᠠᠨ᠎ᠨᠢ ᠨᠢᠳᠤᠨᠤᠨ᠎ᠤ ᠶᠠᠪᠤᠳᠠᠯ ᠶᠤᠮ ᠃ ᠬᠠᠷᠢᠨ ᠠᠵᠢᠯ ᠰᠤᠷᠤᠯᠭ᠎ᠠ ᠭᠡᠵᠦ ᠮᠤᠩᠭᠠᠨᠢᠵᠦ ᠶᠠᠪᠤᠭᠰᠠᠨ ᠪᠢ ᠬᠦᠳᠡᠭᠡ ᠭᠡᠷ᠎ᠲᠡᠭᠡᠨ ᠬᠠᠷᠢᠬᠤ ᠭᠡᠵᠦ ᠬᠦᠯ ᠬᠦᠭᠡᠷᠴᠦᠭ ᠪᠤᠯᠵᠤ ᠪᠠᠢᠭ᠎ᠠ᠎ᠪᠠᠨ ᠪᠤᠳᠤᠵᠤ ᠦᠵᠡᠪᠡᠯ ᠠᠷᠪᠠᠭᠠᠳ ᠵᠢᠯ ᠦᠨᠵᠢᠵᠡᠢ ᠃ ᠵᠠᠮ ᠳᠤᠵᠢ ᠳᠠᠨᠢᠯ ᠳᠠᠰᠤᠯ ᠠᠢᠯ ᠳᠤᠰᠬᠤᠨ᠎ᠤ ᠨᠡᠷ᠎ᠠ ᠤᠰᠤᠨ᠎ᠤ ᠠᠷ ᠰᠢᠭ᠋ ᠳᠤᠷᠠᠰᠤᠮᠵᠢ᠎ᠶᠢ ᠠᠷᠤ ᠠᠷᠤᠡᠴᠠᠨᠢ ᠬᠡᠯᠬᠢᠶᠡᠯᠡᠨᠠ ᠃ ᠬᠠᠷᠢᠨ ᠪᠦᠷᠦᠭ ᠪᠠᠷᠤᠭ ᠦᠯᠡᠳᠡᠭᠰᠡᠨ ᠡᠷᠭᠢᠴᠡᠭᠦᠯᠦᠯ᠎ᠤᠨ ᠳᠤᠮᠳᠠᠬᠢ ᠰᠢᠪᠠᠷ ᠪᠠᠢᠰᠢᠩ ᠮᠤᠬᠤᠷ ᠬᠦᠷᠢᠶ᠎ᠠ᠎ᠶᠢ ᠤᠯᠠᠭᠠᠨ ᠸᠠᠭᠠᠷ ᠴᠠᠭᠠᠨ ᠴᠤᠬᠤᠢ᠎ᠪᠠᠷ ᠴᠢᠮᠡᠭᠯᠡᠭᠰᠡᠨ ᠴᠡᠮᠴᠡᠭᠡᠷ ᠵᠦᠢᠷᠡᠢ ᠪᠠᠢᠰᠢᠩ᠎ᠤᠳ ᠤᠷᠤᠯᠠᠵᠤ ᠲᠠᠯ᠎ᠠ᠎ᠶᠢᠨ ᠠᠢᠯ᠎ᠤᠨ ᠳᠠᠩᠰᠤᠭ ᠠᠮᠢᠳᠤᠷᠠᠯ᠎ᠢ ᠴᠢᠮᠡᠭᠯᠡᠵᠦ ᠪᠠᠢᠯ᠎ᠠ ᠃
ᠬᠡᠮᠬᠡᠷᠬᠡᠢ ᠮᠠᠨᠢ ᠳᠠᠴᠢᠬᠢᠨᠠᠭᠰᠠᠨ ᠬᠡᠪ᠎ᠢᠶᠠᠷ᠎ᠢᠶᠡᠨ ᠵᠠᠮ ᠬᠤᠷᠤᠭᠠᠨ᠎ᠠ ᠃ ᠬᠤᠯᠠ᠎ᠡᠴᠠ ᠬᠠᠷᠠᠭᠳᠠᠬᠤ ᠳᠠᠨᠢᠯ ᠳᠠᠰᠤᠯ ᠦᠨᠳᠦᠷ ᠠᠭᠤᠯᠠ᠎ᠶᠢᠨ ᠤᠷᠤᠢ ᠦᠷ᠎ᠠ᠎ᠪᠠᠨ ᠬᠦᠯᠢᠶᠡᠭᠰᠡᠨ ᠡᠪᠦᠭᠡᠨ ᠪᠤᠭᠤᠷᠤᠯ᠎ᠤᠨ ᠪᠠᠷ᠎ᠠ ᠰᠢᠭ᠋ ᠳᠤᠳᠤᠨᠤᠰᠤᠭ ᠬᠡᠪ᠎ᠢᠶᠠᠷ ᠂ ᠪᠢ ᠳᠡᠷᠡ ᠠᠭᠤᠯᠠ᠎ᠶᠢᠨ ᠭᠤᠤ ᠭᠠᠩᠭ᠎ᠠ᠎ᠶᠢ ᠳᠠᠪᠠᠵᠤ ᠰᠤᠷᠭᠠᠭᠤᠯᠢ᠎ᠪᠠᠨ ᠴᠢᠭᠯᠡᠵᠦ ᠂ ᠬᠦᠨᠳᠡᠢ᠎ᠪᠠᠷ᠎ᠨᠢ ᠬᠠᠯᠠᠭᠠᠢ ᠮᠤᠢᠯ ᠳᠡᠭᠦᠵᠦ ᠂ ᠳᠡᠭᠰᠢᠬᠡᠨ ᠴᠢᠯᠠᠭᠤᠨ ᠳᠡᠭᠡᠷ᠎ᠡ᠎ᠨᠢ ᠳᠡᠭᠷᠢ᠎ᠶᠢ ᠬᠠᠷᠠᠭᠠᠳ ᠬᠡᠪᠳᠡᠳᠡᠭ ᠂ ᠳᠡᠷᠭᠡᠨ ᠰᠠᠭᠤᠳᠠᠯ ᠰᠢᠭ᠋ ᠬᠠᠳᠠ᠎ᠪᠠᠷ᠎ᠨᠢ ︽ ᠪᠠᠭ᠎ᠠ ᠮᠠᠰᠢᠨ ︾ ᠪᠤᠯᠭᠠᠵᠤ ᠪᠠᠬ᠎ᠠ᠎ᠪᠠᠨ ᠬᠠᠨᠳᠠᠯ᠎ᠠ ᠳᠤᠭᠯᠠᠵᠤ ᠪᠠᠢᠭᠰᠠᠨ ᠁ ᠲᠤᠭ᠎ᠠ᠎ᠲᠠᠢ ᠰᠠᠭᠤᠭᠰᠠᠨ ᠬᠡᠳᠦᠨ ᠵᠢᠯ᠎ᠤᠨ ᠳᠤᠭᠠᠯᠠᠰᠢ ᠦᠭᠡᠢ ᠤᠯᠠᠨ ᠡᠷᠭᠢᠴᠡᠭᠦᠯᠦᠯ᠎ᠢᠶᠡᠨ ᠪᠢ ᠳᠡᠷᠡ ᠠᠭᠤᠯᠠ᠎ᠶᠢᠨ ᠬᠠᠨᠠᠭᠠᠷ ᠴᠡᠭᠡᠵᠢᠨ᠎ᠳ᠋ᠤ ᠬᠠᠳᠠᠭᠠᠯᠠᠵᠤ ᠲᠠᠯᠪᠢᠵᠤ ᠳ᠋ᠠ ᠃ ᠠᠢᠯᠢ ᠳᠤᠭᠤᠷᠢᠭᠰᠠᠨ ᠬᠡᠳᠦᠨ ᠠᠭᠤᠯᠠ ᠮᠠᠨᠢ ᠤᠨ ᠵᠢᠯ᠎ᠤᠨ ᠤᠯᠠᠷᠢᠯ᠎ᠢ ᠠᠵᠢᠭ ᠦᠭᠡᠢ ᠦᠩᠭᠡᠷᠡᠭᠡᠵᠦ ᠬᠤᠪᠢᠷᠠᠭᠰᠠᠨ ᠵᠦᠢᠯ ᠭᠡᠵᠦ ᠪᠠᠷᠤᠭ ᠦᠭᠡᠢ ᠃ ᠬᠠᠷᠢᠨ ᠬᠦᠮᠦᠨ᠎ᠤ ᠦᠪᠡᠷ᠎ᠤᠨ᠎ᠬᠢ ᠭᠡᠵᠦ ᠢᠯᠭᠠᠵᠤ ᠰᠤᠷᠤᠭᠰᠠᠨ ᠨᠡᠢᠭᠡᠮ᠎ᠤᠨ ᠤᠷᠤᠰᠬᠠᠯ᠎ᠤᠨ ᠳᠤᠢᠷᠤᠳᠠᠰᠤ ᠪᠤᠯᠤᠭᠰᠠᠨ ᠳᠤᠤᠷ ᠬᠦᠷᠢᠶ᠎ᠠ ᠯᠠ ᠬᠦᠷᠦᠰᠦᠨ᠎ᠳ᠋ᠤ ᠪᠤᠯᠠᠭᠳᠠᠭᠰᠠᠨ ᠮᠤᠳᠤᠨᠡᠴᠠᠪᠠᠨ ᠴᠢᠩᠭ᠎ᠠ ᠵᠢᠭᠤᠷᠠᠵᠤ ᠠᠭᠠᠯᠵᠢᠨ ᠳᠤᠤᠷ ᠮᠡᠳᠦ ᠠᠷᠵᠠᠢᠨ ᠬᠠᠴᠢᠨ ᠡᠪ ᠦᠭᠡᠢ ᠬᠠᠷᠠᠭᠳᠠᠨ᠎ᠠ ᠃
ᠬᠦᠮᠦᠨ ᠮᠠᠯ᠎ᠤᠨ ᠷᠠᠰᠢᠶᠠᠨ ᠪᠤᠯᠠᠭ ᠪᠤᠯᠤᠭᠰᠠᠨ ᠨᠠᠷᠢᠨ ᠪᠦᠳᠦᠭᠦᠨ ᠵᠦᠢᠷᠡᠢ ᠬᠤᠶᠠᠷ ᠭᠤᠤᠯ ᠬᠤᠷᠴᠢᠬᠢᠨᠠᠨ ᠤᠷᠤᠰᠤᠨ᠎ᠠ ᠃ ᠡᠷᠭᠢ ᠮᠦᠷᠭᠦᠴᠡᠭ ᠴᠤ ᠦᠶᠡᠷ ᠤᠰᠤᠳᠤᠯ᠎ᠤᠨ ᠡᠷᠬᠡᠨ᠎ᠳ᠋ᠤ ᠢᠷᠮᠡᠭ ᠬᠦᠪᠡᠭᠡ᠎ᠨᠢ ᠨᠡᠯᠢᠶᠡᠳ ᠢᠳᠡᠭᠳᠡᠵᠡᠢ ᠃ ᠤᠨᠠᠭᠰᠠᠨ ᠨᠤᠳᠤᠭ᠎ᠤᠨ᠎ᠢᠶᠡᠨ ᠦᠨᠴᠦᠭ ᠪᠤᠯᠤᠩ ᠪᠦᠷᠢ᠎ᠳ᠋ᠤ ᠦᠯᠢᠭᠡᠷ ᠪᠢᠴᠢᠭᠯᠡᠳᠡᠭ ᠲᠠᠩᠬᠢᠯ ᠨᠠᠰᠤ ᠮᠠᠨᠢ ᠡᠷᠭᠢ ᠮᠦᠷᠭᠦᠴᠡᠭᠲᠤᠨᠢ ᠴᠤ ᠨᠢᠭᠤᠭᠳᠠᠨ ᠪᠠᠢᠳᠠᠭ ᠃ ᠨᠡᠭᠦᠳᠡᠯ᠎ᠤᠨ ᠬᠦᠮᠦᠨ᠎ᠤ ᠬᠠᠶᠠᠭᠰᠠᠨ ᠨᠤᠮ ᠳᠡᠪᠳᠡᠷᠢ ᠠᠷᠤᠭ᠎ᠢᠶᠠᠷ ᠰᠠᠪᠠᠯᠠᠵᠤ ᠠᠯᠵᠢᠶᠠᠯ ᠦᠭᠡᠢ ᠵᠦᠭᠡᠭᠡᠵᠦ ᠪᠠᠢᠭᠰᠠᠨ ᠠᠬ᠎ᠠ ᠪᠢᠳᠡ ᠬᠤᠶᠠᠷ᠎ᠤᠨ ᠪᠠᠷ᠎ᠠ ᠲᠡᠢᠨ ᠬᠦ ᠭᠢᠯᠠᠰᠬᠢᠨ ᠦᠩᠭᠡᠷᠡᠨᠠ ᠃ ᠠᠢᠯ᠎ᠤᠨ ᠬᠠᠶᠠᠭᠰᠠᠨ ᠨᠤᠪᠰᠢ᠎ᠶᠢ ᠭᠡᠷ ᠵᠦᠭ᠎ᠢᠶᠡᠨ ᠵᠦᠭᠡᠭᠡᠯᠠ ᠭᠡᠵᠦ ᠬᠡᠨ ᠨᠢᠭᠡ᠎ᠨᠢ ᠱᠤᠭᠯᠠᠵᠤ ᠪᠠᠢᠬᠤ᠎ᠳ᠋ᠤ ᠨᠤᠮ ᠡᠭᠦᠷᠦᠭᠡᠳ ᠢᠷᠡᠭᠰᠡᠨ ᠤᠬᠠᠭᠠᠨ᠎ᠲᠠᠢ ᠬᠤᠶᠠᠷ ᠦᠷ᠎ᠠ ᠮᠢᠨᠢ ᠭᠡᠵᠦ ᠦᠵᠦᠭᠦᠷ ᠦᠭᠡᠢ ᠪᠠᠶᠠᠷᠯᠠᠳᠠᠭ ᠡᠵᠢ᠎ᠶᠢᠨ ᠮᠢᠨᠢ ᠢᠨᠢᠶᠡᠭᠰᠡᠨ ᠴᠢᠷᠠᠢ ᠴᠤ ᠳᠡᠷᠡ ᠭᠱᠠᠨ᠎ᠠ ᠪᠦᠷᠳᠦᠯᠵᠡᠨ ᠬᠠᠷᠠᠭᠳᠠᠬᠤ ᠮᠡᠳᠦ ᠪᠤᠯᠤᠯ᠎ᠠ ᠃ ᠰᠦᠮᠡᠯᠵᠡᠭᠰᠡᠨ ᠯᠠᠶᠢᠨ ᠭᠡᠷᠡᠯ᠎ᠳ᠋ᠤ ᠰᠦᠨᠢ ᠳᠤᠵᠢ ᠦᠯᠢᠭᠡᠷ ᠤᠩᠰᠢᠵᠤ ᠦᠭᠳᠡᠭ ᠬᠦᠭᠡᠷᠦᠬᠦᠢ ᠬᠦᠮᠦᠨ ᠯᠠ ᠪᠠᠢᠭᠰᠠᠨ ᠶᠤᠮ ᠳ᠋ᠠᠭ ᠃
︽ ᠲᠡᠷᠡᠭᠦᠬᠡᠨ ︾ ᠭᠡᠵᠦ ᠠᠪᠤ᠋ ᠮᠢᠨᠢ ᠮᠢᠷᠠᠯᠵᠠᠨ ᠤᠷᠤᠰᠬᠤ ᠭᠤᠤᠯ᠎ᠡᠴᠠ ᠬᠤᠯᠠ ᠦᠭᠡᠢ ᠳᠠᠯ᠎ᠠ᠎ᠶᠢᠨ ᠳᠤᠮᠳᠠ ᠪᠤᠰᠬᠠᠭᠰᠠᠨ ᠰᠢᠨ᠎ᠠ ᠭᠡᠷ ᠵᠦᠭ᠎ᠢᠶᠡᠨ ᠡᠷᠡᠦᠪᠠᠷᠢᠶᠡᠨ ᠳᠤᠬᠢᠨᠠ ᠃
ᠬᠡᠨ ᠭᠡᠳᠡᠭ ᠠᠢᠯ᠎ᠤᠨ᠎ᠬᠢ ᠡᠨᠳᠡ ᠠᠵᠤ ᠲᠦᠷᠦᠵᠦ ᠪᠠᠢᠭᠰᠠᠨ ᠭᠡᠳᠡᠭ᠎ᠢ ᠮᠠᠷᠳᠠᠯ ᠦᠭᠡᠢ ᠳᠡᠮᠳᠡᠭᠯᠡᠬᠦ ᠭᠡᠵᠦ ᠴᠢᠷᠮᠠᠢᠭᠰᠠᠨ ᠬᠠᠭᠤᠴᠢᠨ ᠭᠡᠷ᠎ᠤᠨ ᠪᠠᠭᠤᠷᠢ᠎ᠡᠴᠠ ᠦᠯᠡᠳᠡᠭᠰᠡᠨ ᠬᠡᠳᠦᠨ ᠤᠪᠤᠭ᠎ᠠ ᠰᠢᠷᠤᠢ ᠳᠡᠭᠦᠨ᠎ᠤ ᠡᠮᠦᠨ᠎ᠠ᠎ᠨᠢ ᠴᠢᠮᠡᠭᠡ ᠦᠭᠡᠢ ᠯᠠ ᠬᠡᠪᠳᠡᠨ᠎ᠠ ᠃ ᠬᠠᠷᠢᠨ ᠰᠢᠨ᠎ᠠ ᠡᠬᠢᠯᠡᠯᠳᠡ᠎ᠶᠢ ᠪᠡᠯᠭᠡᠰᠢᠶᠡᠭᠰᠡᠨ ᠰᠢᠨ᠎ᠠ ᠭᠡᠷ᠎ᠤᠨ ᠬᠤᠯᠠᠩ᠎ᠡᠴᠠ ᠰᠤᠭᠤᠨᠠᠭᠯᠠᠬᠤ ᠤᠳᠤᠭ᠎ᠠ ᠴᠤ ᠭᠡᠷ ᠮᠢᠨᠢ ᠭᠡᠬᠦ᠎ᠡᠴᠠ ᠴᠠᠭᠠᠨ᠎ᠠ᠎ᠪᠠᠨ ᠨᠢᠭᠡ ᠯᠡ ᠡᠭᠡᠯᠢᠳᠡᠢ ᠃ ᠬᠤᠳᠠ ᠭᠠᠵᠠᠷ᠎ᠤᠨ ᠳᠡᠪᠵᠢᠶᠡᠨ᠎ᠳ᠋ᠤ ᠬᠦᠯ ᠤᠯᠠ᠎ᠪᠠᠨ ᠤᠯᠬᠤ ᠦᠭᠡᠢ ᠪᠢ ᠭᠡᠵᠦ ᠶᠠᠭᠤ ᠬᠢᠬᠦ᠎ᠪᠠᠷ ᠡᠨᠳᠡ ᠮᠤᠩᠭᠠᠨᠢᠵᠤ ᠪᠠᠢᠭ᠎ᠠ ᠳᠤᠯᠤᠭᠠᠢ ᠪᠢᠯᠡ ᠭᠡᠳᠡᠭ ᠡᠭᠡᠳᠡᠷᠡᠭᠡᠨᠨᠦᠭᠦᠳ ᠳᠡᠷᠡ ᠯᠡ ᠮᠦᠴᠡ᠎ᠳ᠋ᠤ ᠬᠤᠭ ᠦᠭᠡᠢ ᠠᠷᠢᠯᠵᠠᠢ ᠃ ᠪᠢ ᠭᠡᠳᠡᠭ ᠴᠢᠨᠢ ᠦᠪᠡᠷ᠎ᠤᠨ᠎ᠢᠶᠡᠨ ᠨᠤᠳᠤᠭ᠎ᠤᠨ ᠡᠯᠢᠭᠡᠨ᠎ᠳ᠋ᠤ ᠪᠦᠪᠡᠢᠯᠡᠭᠳᠡᠵᠦ ᠂ ᠦᠯᠮᠡᠢ᠎ᠳ᠋ᠤ ᠳᠤᠷᠤᠭᠳᠠᠬᠤ ᠴᠢᠯᠠᠭᠤᠨᠡᠴᠠᠨᠢ ᠬᠦᠷᠳᠡᠯ᠎ᠠ ᠦᠯᠢᠭᠡᠷ ᠠᠭᠤᠳᠠᠯᠯᠠᠵᠤ ᠶᠠᠪᠤᠳᠠᠭ ᠪᠠᠶᠠᠨ ᠬᠦᠮᠦᠨ ᠪᠠᠢᠵᠤ ᠳ᠋ᠠ ᠃
ᠬᠡᠨ ᠢᠷᠡᠭᠰᠡᠨ ᠪᠤᠯ ᠭᠡᠵᠦ ᠬᠤᠴᠠᠵᠦ ᠪᠠᠢᠭᠰᠠᠨ ᠨᠤᠬᠠᠢ ᠬᠡᠮᠬᠡᠷᠬᠡᠢ᠎ᠶᠢ ᠲᠠᠨᠢᠵᠤ ᠂ ᠰᠡᠭᠦᠯ᠎ᠢᠶᠡᠨ ᠬᠦᠳᠡᠯᠬᠡᠨ ᠡᠵᠡᠨ᠎ᠢᠶᠡᠨ ᠤᠭᠳᠤᠨ᠎ᠠ ᠃ ᠡᠭᠦᠳᠡᠨ ᠭᠠᠳᠠᠨ᠎ᠠ᠎ᠡᠴᠠ ᠰᠦ᠎ᠲᠠᠢ ᠴᠠᠢ ᠂ ᠮᠢᠬᠠᠨ ᠱᠦᠯᠦ᠎ᠶᠢᠨ ᠦᠨᠦᠷ ᠬᠠᠩᠬᠤᠯᠵᠤ ᠪᠢ ᠰᠠᠨᠠᠵᠤ ᠤᠳᠠᠭᠰᠠᠨ ᠭᠡᠷ᠎ᠲᠡᠭᠡᠨ ᠠᠯᠬᠤᠨ ᠤᠷᠤᠯ᠎ᠠ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃