ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2020-06-06 11:39:39

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠤᠨ ᠵᠢᠯ᠎ᠤᠳ ᠤᠷᠤᠰᠤᠨ ᠦᠩᠭᠡᠷᠡᠬᠦ ᠳᠤᠳᠤᠮ ᠤᠨᠠᠭᠠᠨ ᠨᠠᠰᠤᠨ᠎ᠤ ᠳᠤᠷᠠᠰᠤᠮᠵᠢ ᠤᠯᠠᠮ ᠯᠡ ᠰᠡᠳᠬᠢᠯ᠎ᠳ᠋ᠤ ᠳᠤᠳᠤᠷᠠᠨ᠎ᠠ ᠃ ᠭᠠᠳᠠᠨᠠᠬᠢ ᠶᠢᠷᠲᠢᠨᠴᠤ᠎ᠡᠴᠠ ᠳᠤᠰᠠᠭᠠᠷᠯᠠᠭᠰᠠᠨ ᠭᠡᠮᠡᠷ ᠭᠠᠯᠪᠠ᠎ᠶᠢᠨ ᠬᠦᠨ᠎ᠳ᠋ᠠᠬᠢ ᠨᠢᠭᠡᠨ ᠠᠢᠯ᠎ᠳ᠋ᠤ ᠰᠢᠩᠭᠡᠭᠡᠯᠳᠡ᠎ᠶᠢᠨ ᠮᠠᠰᠢᠨ ᠠᠩᠬ᠎ᠠ ᠤᠳᠠᠭ᠎ᠠ ᠤᠷᠤᠵᠤ ᠢᠷᠡᠭᠰᠡᠨ᠎ᠨᠢ ᠦᠩᠭᠡᠷᠡᠭᠰᠡᠨ ᠵᠠᠭᠤᠨ᠎ᠤ 97 ᠤᠨ᠎ᠤ ᠵᠤᠨ᠎ᠤ ᠨᠢᠭᠡᠨ ᠡᠳᠦᠷ ᠪᠠᠢᠪᠠ ᠃


ᠳᠤᠬᠤᠢ ᠬᠢᠷᠢ ᠤᠷᠳᠤ ᠂ ᠲᠦᠭᠡ ᠬᠢᠷᠢ ᠦᠨᠳᠦᠷ ᠃ ᠳᠤᠮᠳᠠ᠎ᠪᠠᠨ ᠳᠠᠪᠤ᠋ ᠵᠢᠷᠭᠤᠭᠠᠨ ᠳᠠᠷᠤᠭᠤᠯ᠎ᠲᠠᠢ ᠂ ᠺᠠᠰᠸᠲ ᠬᠢᠳᠡᠭ ᠭᠠᠭᠴᠠ ᠠᠮᠠ᠎ᠲᠠᠢ ᠂ ᠬᠤᠶᠠᠷ ᠳᠠᠯ᠎ᠠ᠎ᠳ᠋ᠤ᠎ᠨᠢ ᠬᠦᠩᠬᠢᠨᠡᠮ᠎ᠠ ᠯᠠᠪᠠᠷ᠎ᠲᠠᠢ ᠃ ᠡᠢᠮᠦ ᠯᠠ ᠬᠦᠭ᠎ᠤᠨ ᠬᠠᠷ᠎ᠠ ᠲᠦᠨᠳᠦᠬᠦᠷ᠎ᠢ ᠠᠪᠤ᠋ ᠮᠢᠨᠢ ᠰᠤᠮᠤᠨ᠎ᠤ ᠬᠤᠷᠰᠢᠶ᠎ᠠ᠎ᠡᠴᠠ ᠬᠤᠨᠢᠨ᠎ᠤ ᠦᠨ᠎ᠠ᠎ᠪᠠᠷ ᠠᠪᠤᠭᠰᠠᠨ᠎ᠢ᠎ᠨᠢ ᠬᠤᠵᠢᠮ᠎ᠨᠢ ᠮᠡᠳᠡᠵᠦ ᠪᠢᠯᠡ ᠃ ᠲᠡᠭᠡᠬᠦ᠎ᠳ᠋ᠤ ᠨᠠᠮ᠎ᠠ᠎ᠶᠢ ᠪᠠᠭᠲᠠᠭᠠᠭᠰᠠᠨ ᠬᠤᠳᠠ ᠠᠢᠯ᠎ᠤᠨ ᠬᠡᠳᠦᠨ ᠬᠡᠤᠬᠡᠳ ᠬᠤᠷᠠᠭ᠎ᠠ ᠲᠤᠭᠤᠯ᠎ᠤᠨ ᠪᠡᠯᠴᠢᠭᠡᠷ᠎ᠲᠤ ᠳᠤᠰᠠ ᠪᠤᠯᠴᠢᠬᠠᠬᠤ ᠯᠠ ᠨᠠᠰᠤᠨ᠎ᠳᠠᠭᠠᠨ ᠪᠠᠢᠭᠰᠠᠨ ᠶᠤᠮ ᠳ᠋ᠠ ᠃


ᠰᠢᠩᠭᠡᠭᠡᠯᠳᠡ᠎ᠶᠢᠨ ᠮᠠᠰᠢᠨ ᠢᠷᠡᠭᠰᠡᠨ᠎ᠤ ᠳᠠᠷᠠᠭ᠎ᠠ ᠬᠡᠤᠬᠡᠳ᠎ᠤᠳ ᠮᠠᠨ᠎ᠤ᠎ᠳ᠋ᠤ ᠴᠤᠭᠯᠠᠨ᠎ᠠ ᠃ ᠨᠦᠬᠦᠭᠡ ᠭᠠᠢᠬᠠᠮᠰᠢᠭ᠎ᠲᠠᠢ ᠡᠳ᠋ ᠴᠢᠨᠢ ᠺᠠᠰᠸᠲ ᠵᠠᠯᠬᠢᠴᠢᠬᠠᠭᠠᠳ ᠬᠠᠩᠬᠢᠨᠠᠭᠤᠯᠵᠤ ᠭᠠᠷᠬᠤ᠎ᠨᠢ ᠭᠠᠵᠠᠷ᠎ᠤᠨ ᠬᠤᠯᠠ᠎ᠡᠴᠠ ᠰᠤᠨᠤᠰᠳᠠᠨ᠎ᠠ ᠃ ᠬᠠᠶᠠ ᠪᠠᠰᠠ ᠵᠠᠯᠬᠢᠭᠰᠠᠨ ᠺᠠᠰᠸᠲ᠎ᠳᠠᠭᠠᠨ ᠬᠠᠬᠠᠴᠢᠬᠠᠭᠠᠳ ᠰᠦᠢᠳ ᠪᠤᠯᠤᠨ᠎ᠠ ᠃ ᠬᠡᠤᠬᠡᠳ᠎ᠤᠳ ᠭᠡᠵᠦ ᠡᠯᠳᠡᠬᠦ᠎ᠶᠢᠨ ᠵᠤᠪᠠᠯᠠᠡᠭ᠎ᠢ ᠮᠠᠭᠤ ᠦᠵᠡᠬᠦᠯᠦᠨ᠎ᠠ ‍ᠦᠦ ᠳ᠋ᠠ ᠃ ᠠᠪᠴᠢᠷᠠᠭᠰᠠᠨ ᠬᠡᠳᠦᠨ ᠺᠠᠰᠸᠲ᠎ᠢ᠎ᠨᠢ ᠤᠷᠪᠠᠭᠤᠯᠵᠤ ᠬᠦᠷᠪᠡᠬᠦᠯᠵᠦ ᠴᠢᠬᠢᠭᠡᠳ ᠦᠢᠯᠡ᠎ᠶᠢ᠎ᠨᠢ ᠪᠠᠷᠡᠨ᠎ᠠ ᠃


ᠲᠡᠭᠡᠳᠡᠯ᠎ᠠ ᠨᠢᠭᠡ ᠡᠳᠦᠷ ᠬᠤᠳᠠ ᠶᠠᠪᠤᠵᠤ ᠶᠠᠭᠤᠮ᠎ᠠ ᠦᠵᠡᠭᠰᠡᠨ ᠠᠢᠯ᠎ᠤᠨ ᠠᠬ᠎ᠠ ᠮᠠᠨᠢ ᠢᠷᠡᠳᠡᠭ ᠪᠠᠢᠨ᠎ᠠ ᠃ ᠲᠦᠷᠦᠭᠰᠡᠨ ᠨᠤᠲᠤᠭ᠎ᠲᠤ᠎ᠨᠢ ᠰᠢᠩᠭᠡᠭᠡᠯᠳᠡ᠎ᠶᠢᠨ ᠮᠠᠰᠢᠨ᠎ᠲᠠᠢ ᠪᠤᠯᠤᠭᠰᠠᠨ᠎ᠳ᠋ᠤ ᠦᠨᠡᠬᠡᠷ ᠪᠠᠶᠠᠷᠯᠠᠵᠤ ᠪᠠᠢᠳᠠᠭ ᠡᠷᠳᠡᠮ᠎ᠢᠶᠡᠨ ᠦᠵᠡᠬᠦᠯᠪᠡ ᠃ ᠡᠨᠡ ᠲᠦᠨᠳᠦᠬᠦᠷ ᠬᠠᠷ᠎ᠠ ᠴᠢᠨᠢ ᠳᠠᠭᠤᠤ᠎ᠶᠢᠨ ᠺᠠᠰᠸᠲ ᠤᠩᠰᠢᠬᠤ᠎ᠡᠴᠠ ᠭᠠᠳᠠᠨ᠎ᠠ ᠪᠠᠰᠠ ᠳᠠᠭᠤᠨ ᠰᠢᠩᠭᠡᠭᠡᠨ᠎ᠠ ᠭᠡᠳᠡᠭ ᠰᠢᠳᠢ᠎ᠶᠢᠨ ᠡᠷᠳᠡᠮ᠎ᠲᠠᠢ ᠬᠦᠶᠢ ᠃
ᠤᠳᠤ᠎ᠪᠠᠷ ᠪᠤᠳᠤᠪᠠᠯ ᠭᠤᠷᠪᠠᠨ ᠨᠠᠰᠤᠳᠠᠢ ᠬᠡᠤᠬᠡᠳ ᠴᠤ ᠲᠤᠭᠯᠠᠵᠤ ᠴᠢᠳᠠᠬᠤ ᠵᠦᠢᠯ ᠯᠠ ᠪᠠᠢᠵᠤ ᠳ᠋ᠠ ᠂ ᠵᠠᠢᠯᠠᠭᠤᠯ ᠃ ᠨᠦᠬᠦᠭᠡ ᠳᠠᠪᠤ᠋ ᠵᠢᠷᠭᠤᠭᠠᠨ ᠳᠠᠷᠤᠭᠤᠯ᠎ᠤᠨ ᠬᠢᠨᠢ ᠨᠢᠭᠡ᠎ᠨᠢ ︽ ᠰᠢᠩᠭᠡᠭᠡᠨ᠎ᠠ ︾ ᠭᠡᠳᠡᠭ ᠰᠢᠳᠢ᠎ᠨᠢ ᠶᠤᠮ ᠪᠠᠢᠨ᠎ᠠ ᠃
 ᠵᠠ ᠂ ᠪᠢ ᠡᠨᠡ ᠳᠠᠷᠤᠭᠤᠯ᠎ᠢ ᠳᠠᠷᠤᠭᠰᠠᠭᠠᠷ ᠲᠡᠬᠦᠦ ᠴᠢ ᠳᠠᠭᠤᠯᠠᠨ᠎ᠠ ᠰᠢᠦ ᠃ ᠡᠨᠡ ᠮᠠᠰᠢᠨ ᠴᠢᠨᠤ ᠳᠠᠭᠤᠤ᠎ᠶᠢ ᠰᠢᠩᠭᠡᠭᠡᠴᠢᠬᠡᠨ᠎ᠠ ᠂ ᠲᠡᠭᠡᠪᠡᠯ ᠡᠨᠡ ᠮᠠᠰᠢᠨ᠎ᠡᠴᠠ ᠴᠢᠨᠦ ᠳᠠᠭᠤᠤ ᠭᠠᠷᠤᠨ᠎ᠠ ᠭᠡᠵᠦ ᠠᠢᠯ᠎ᠤᠨ ᠠᠬ᠎ᠠ ᠬᠡᠯᠡᠵᠦ ᠪᠠᠢᠨ᠎ᠠ ᠃
 ᠦᠭᠡᠢ ᠪᠠᠢᠯᠭᠦᠢ ᠂ ᠡᠨᠡ ᠮᠠᠰᠢᠨ ᠴᠢᠨᠢ ᠦᠪᠡᠷ᠎ᠢᠶᠡᠨ ᠳᠤᠤᠭᠠᠷᠳᠠᠭ ᠡᠳ᠋ ᠃ ᠶᠠᠭᠠᠬᠢᠵᠤ ᠪᠢᠳᠡᠨ᠎ᠤ ᠳᠠᠭᠤᠤ᠎ᠶᠢ ᠭᠠᠷᠭᠠᠵᠤ ᠴᠢᠳᠠᠬᠤ ᠪᠤᠢ ᠬᠡᠳ ᠲᠤᠭᠤᠷᠢᠵᠤ ᠰᠠᠭᠤᠭᠰᠠᠨ ᠪᠢᠳᠡᠨ᠎ᠤ ᠬᠡᠳᠦᠨ ᠬᠡᠤᠬᠡᠳ ᠪᠦᠭᠡᠮ ᠳᠡᠪᠵᠢᠶᠡᠨ ᠃ ᠭᠡᠳᠡᠯ᠎ᠠ ᠠᠢᠯ᠎ᠤᠨ ᠠᠬ᠎ᠠ᠎ᠶᠢᠨ ᠦᠭᠡ᠎ᠶᠢ ᠬᠡᠨ᠎ᠨᠢ ᠴᠤ ᠢᠲᠡᠭᠡᠭᠰᠡᠨ ᠦᠭᠡᠢ ᠃
 ᠯᠠᠪ ᠰᠢᠦ ᠃ ᠴᠢᠨᠦ ᠳᠠᠭᠤᠤ᠎ᠶᠢ ᠰᠢᠩᠭᠡᠭᠡᠭᠰᠡᠭᠡᠷ ᠴᠢ ᠡᠨᠡ ᠮᠠᠰᠢᠨ᠎ᠳ᠋ᠤ ᠤᠷᠤᠭᠠᠳ ᠳᠠᠭᠤᠯᠠᠵᠦ ᠪᠠᠢᠨ᠎ᠠ ᠭᠡᠰᠡᠨ ᠦᠭᠡ ᠭᠡᠵᠦ ᠠᠢᠯ᠎ᠤᠨ ᠠᠬ᠎ᠠ ᠳᠠᠢᠯᠪᠤᠷᠢᠯᠠᠪᠠ ᠃ ᠠᠢᠯ᠎ᠤᠨ ᠠᠬ᠎ᠠ᠎ᠶᠢᠨ ᠡᠨᠡ ᠳᠠᠢᠯᠪᠤᠷᠢ᠎ᠶᠢ ᠰᠤᠨᠤᠰᠤᠭᠠᠳ ᠪᠢᠳᠡᠨ᠎ᠤ ᠬᠡᠳᠦ ᠭᠤᠳ ᠳᠤᠳᠠᠭᠠᠪᠠ ᠃
 ᠡᠨᠡ ᠮᠠᠰᠢᠨ᠎ᠳ᠋ᠤ ᠴᠢᠨᠢ ᠤᠷᠤᠵᠤ ᠳᠠᠭᠤᠯᠠᠴᠢᠬᠠᠭᠠᠳ ᠡᠷᠬᠢᠭᠡᠳ ᠪᠢᠳᠡ ᠶᠠᠭᠠᠬᠢᠵᠤ ᠭᠠᠷᠴᠤ ᠢᠷᠡᠬᠦ ᠪᠤᠢ ᠭᠡᠵᠦ ᠡᠷᠬᠢᠨ ᠬᠠᠷᠠᠵᠤ ᠬᠡᠯᠡᠭᠰᠡᠨ ᠬᠡᠤᠬᠡᠳ᠎ᠨᠢ ᠪᠢ ᠪᠠᠢᠪᠠ ᠃
ᠲᠦᠬᠡ ᠬᠢᠷᠢ᠎ᠶᠢᠨ ᠮᠠᠰᠢᠨ᠎ᠳ᠋ᠤ ᠶᠠᠭᠠᠬᠢᠵᠤ ᠤᠷᠤᠬᠤ ᠭᠠᠷᠬᠤ᠎ᠶᠢᠨ ᠳᠤᠬᠠᠢ ᠰᠠᠨᠠᠭᠠᠰᠢᠷᠠᠭᠰᠠᠨ ᠬᠡᠤᠬᠡᠳ ᠨᠠᠰᠤᠨ᠎ᠤ ᠭᠡᠨᠡᠨ ᠪᠤᠳᠤᠯ ᠭᠡᠵᠦ ᠶᠠᠭᠤᠳᠠᠢ ᠬᠦᠭᠡᠷᠦᠬᠦᠨ ᠃ ᠬᠠᠷᠢᠨ ᠠᠢᠯ᠎ᠤᠨ ᠠᠬ᠎ᠠ᠎ᠶᠢᠨ ᠳᠠᠢᠯᠪᠤᠷᠢ ᠂ ᠠᠶᠤᠭᠰᠠᠨ ᠬᠡᠤᠬᠡᠳ᠎ᠤᠨ ᠬᠦᠶᠦᠳᠡᠯ ᠤᠳᠤ ᠪᠤᠯᠳᠠᠯ᠎ᠠ ᠰᠡᠳᠬᠢᠯ᠎ᠳ᠋ᠤ ᠦᠯᠡᠳᠡᠵᠦ ᠂ ᠬᠠᠶᠠ ᠰᠡᠮᠬᠡᠨ ᠢᠨᠢᠶᠡᠵᠦ ᠶᠠᠪᠤᠳᠠᠭ ᠶᠤᠮ ᠳ᠋ᠠ ᠃ ᠰᠡᠬᠦᠯ᠎ᠳ᠋ᠤᠨᠢ ᠠᠢᠯ᠎ᠤᠨ ᠠᠬ᠎ᠠ ᠦᠪᠡᠷ᠎ᠢᠶᠡᠨ ᠳᠤᠷᠰᠢᠵᠤ ᠦᠵᠡᠬᠦᠯᠦᠭᠰᠡᠨ᠎ᠨᠢ ᠮᠠᠩᠬᠠᠨ ᠬᠤᠳᠤᠭᠤᠷ᠎ᠡᠴᠠ᠎ᠪᠠᠨ ᠭᠠᠷᠤᠭ᠎ᠠ ᠦᠭᠡᠢ ᠮᠠᠨ᠎ᠤ ᠬᠡᠳᠦᠨ ᠬᠡᠤᠬᠡᠳ᠎ᠲᠤ ᠶᠤᠰᠤᠳᠠᠢ ᠶᠢᠷᠲᠢᠨᠴᠤ᠎ᠶᠢᠨ ᠪᠤᠯᠪᠠᠰᠤᠨ᠎ᠢ ᠮᠡᠳᠡᠬᠦᠯᠦᠭᠰᠡᠨ ᠭᠡᠷᠡᠭ ᠪᠤᠯᠵᠤ ᠂ ᠪᠢᠳᠡ ᠬᠡᠳᠦ ᠴᠤ ᠪᠤᠯᠢᠶᠠᠯᠳᠤᠨ ᠪᠠᠢᠵᠤ ᠡᠯᠳᠡᠪ ᠳᠠᠭᠤᠤ ᠰᠢᠩᠭᠡᠭᠡᠵᠦ ᠲᠤᠭᠯᠠᠭᠰᠠᠨ ᠶᠤᠮ ᠳ᠋ᠠ ᠃
ᠤᠳᠠᠵᠤ ᠳᠦᠳᠡᠯ ᠦᠭᠡᠢ ᠠᠢᠯ ᠬᠤᠳᠠ᠎ᠪᠠᠷ ᠰᠢᠩᠭᠡᠭᠡᠯᠳᠡ᠎ᠶᠢᠨ ᠮᠠᠰᠢᠨ ᠲᠦᠬᠡᠵᠦ ᠡᠬᠢᠯᠡᠵᠡᠢ ᠃ ᠬᠡᠯᠪᠡᠷᠢ ᠲᠦᠷᠰᠦ᠎ᠨᠢ ᠶᠠᠩᠵᠤ᠎ᠶᠢᠨ ᠂ ᠬᠡᠬᠦᠳᠡᠭ ᠴᠡᠭᠡᠵᠢ᠎ᠨᠢ ᠴᠤ ᠶᠡᠬᠡ ᠂ ᠺᠠᠰᠸᠲ ᠵᠠᠯᠬᠢᠳᠠᠭ ᠬᠤᠶᠠᠷ ᠠᠮᠠ᠎ᠲᠠᠢ ᠂ ᠭᠠᠳᠠᠨ᠎ᠠ᠎ᠪᠠᠨ ᠦᠩᠭᠡ᠎ᠶᠢᠨ ᠭᠡᠷᠡᠯ᠎ᠲᠠᠢ ᠪᠤᠯᠵᠤ ᠢᠷᠡᠭᠰᠡᠨ᠎ᠨᠢ ᠰᠡᠬᠦᠯ᠎ᠤᠨ ᠦᠶ᠎ᠠ᠎ᠶᠢᠨ ᠤᠴᠢᠷ ᠳ᠋ᠠ ᠃ ᠬᠠᠷᠢᠨ ᠳᠠᠭᠤᠤ ᠰᠢᠩᠭᠡᠭᠡᠭᠡᠳ ᠴᠢᠳᠠᠴᠢᠬᠠᠭᠰᠠ ᠮᠠᠨ᠎ᠤ ᠦᠶ᠎ᠠ᠎ᠶᠢᠨ ᠬᠡᠳᠦᠨ ᠳᠦᠢᠳᠬᠡᠷ ᠠᠢᠯ ᠬᠤᠳᠠ᠎ᠶᠢᠨ ᠰᠢᠩᠭᠡᠭᠡᠯᠳᠡ᠎ᠶᠢᠨ ᠮᠠᠰᠢᠨ᠎ᠢ ᠦᠯᠡᠳᠡᠬᠡᠯ ᠦᠭᠡᠢ ᠡᠯᠳᠡᠵᠦ ᠶᠠᠪᠤᠭᠰᠠᠨ ᠪᠦᠭᠡᠳ ᠺᠠᠰᠸᠲ ᠪᠤᠯᠭᠠᠨ᠎ᠢ ᠰᠦᠢᠳᠬᠡᠵᠦ ᠶᠠᠪᠤᠭᠰᠠᠨ ᠶᠤᠮ ᠃ ᠵᠠᠷᠢᠮ ᠠᠢᠯ᠎ᠨᠢ ᠮᠠᠨ᠎ᠤ ᠬᠡᠳᠦ᠎ᠶᠢᠨ ᠪᠠᠷ᠎ᠠ᠎ᠪᠠᠷ ᠰᠢᠩᠭᠡᠭᠡᠯᠳᠡ᠎ᠶᠢᠨ ᠮᠠᠰᠢᠨ ᠪᠠ ᠺᠠᠰᠸᠲ᠎ᠢᠶᠡᠨ ᠠᠪᠳᠠᠷᠠᠯᠠᠴᠢᠬᠠᠳᠠᠭ ᠪᠠᠢᠭᠰᠠᠨ ᠳ᠋ᠠ ᠃
ᠬᠡᠳᠦᠨ ᠵᠢᠯ᠎ᠤᠨ ᠬᠢᠨᠢ ᠳᠠᠷᠠᠭ᠎ᠠ ᠦᠶᠡᠯᠢᠳ ᠠᠬ᠎ᠠ ᠮᠠᠨᠢ ᠠᠢᠯ ᠭᠡᠷ ᠪᠤᠯᠵᠤ ᠂ ᠬᠤᠷᠢᠮ ᠲᠦᠷᠦ᠎ᠶᠢᠨ ᠶᠤᠰᠤᠯᠠᠯ ᠴᠤ ᠨᠢᠵᠢᠬᠢᠷ ᠶᠡᠬᠡ᠎ᠪᠠᠷ ᠪᠤᠯᠪᠠ ᠃ ᠠᠬ᠎ᠠ᠎ᠶᠢᠨ ᠮᠠᠨᠢ ᠦᠶᠡᠴᠤᠤᠯ᠎ᠨᠢ ᠰᠢᠨᠡᠬᠡᠨ ᠠᠪᠤᠭᠰᠠᠨ ᠰᠢᠩᠭᠡᠭᠡᠯᠳᠡ᠎ᠶᠢᠨ ᠮᠠᠰᠢᠨ᠎ᠢ ᠭᠠᠳᠠᠨ᠎ᠠ ᠡᠯᠬᠦᠴᠢᠬᠡᠭᠰᠨᠨ ᠂ ᠪᠡᠷᠢ ᠪᠠᠭᠤᠬᠤ᠎ᠶᠢᠨ ᠴᠠᠭ᠎ᠢᠶᠠᠷ ︽ ᠽᠠᠨᠳᠠᠨ ᠬᠦᠷᠡᠡᠭ ︾ ᠳᠠᠭᠤᠯᠠᠭᠤᠯᠵᠤ ᠂ ᠬᠤᠳᠠ ᠤᠷᠤᠭ᠎ᠤᠨ ᠬᠦᠮᠦᠰ᠎ᠢ ᠤᠶᠠᠷᠠᠭᠤᠯᠬᠤ᠎ᠪᠠᠷ ᠪᠠᠵᠠᠭᠠᠵᠠᠢ ᠃ ᠬᠠᠷᠢᠨ ᠮᠠᠨ᠎ᠤ ᠬᠡᠳᠦᠨ ᠬᠡᠤᠬᠡᠳ ᠨᠦᠬᠦᠭᠡ ᠺᠠᠰᠸᠲ᠎ᠢ᠎ᠨᠢ ᠰᠡᠮᠡᠭᠡᠷ ᠠᠪᠴᠢᠷᠠᠭᠠᠳ ︽ ᠢᠷᠦᠬᠡᠯ ᠵᠦᠩᠨᠡᠯ ︾᠎ᠤᠨ ᠦᠭᠡ ᠬᠡᠯᠡᠭᠡᠳ ᠤᠷᠬᠢᠴᠢᠬᠠᠭᠰᠠᠨ ᠶᠤᠮ ᠃ ᠲᠡᠭᠡᠭᠡᠳ ᠪᠡᠷᠢ ᠪᠠᠭᠤᠬᠤ᠎ᠶᠢᠨ ᠴᠠᠭ᠎ᠲᠤ ᠤᠶᠠᠷᠠᠯ ᠴᠤ ᠦᠭᠡᠢ ᠂ ᠨᠢᠯᠪᠤᠰᠤ ᠴᠤ ᠦᠭᠡᠢ ᠪᠤᠯᠤᠭᠰᠠᠨ ᠪᠦᠭᠡᠳ ᠪᠦᠬᠡᠮ ᠢᠨᠢᠶᠡᠳᠦ ᠪᠤᠯᠵᠤ ᠦᠩᠭᠡᠷᠡᠭᠰᠡᠨ ᠪᠢᠯᠡ ᠃
ᠬᠡᠤᠬᠡᠳ ᠨᠠᠰᠤᠨ᠎ᠤ ᠮᠢᠨᠢ ᠳᠤᠷᠠᠰᠤᠮᠵᠢ᠎ᠳ᠋ᠤ ᠦᠯᠡᠳᠡᠭᠰᠡᠨ ᠭᠡᠨᠡᠨ ᠴᠠᠢᠯᠭᠠᠨ ᠦᠯᠢᠭᠡᠷ ᠦᠢᠯᠡ᠎ᠶᠢ ᠬᠡᠯᠡᠭᠡᠳ ᠪᠠᠷᠠᠬᠤ ᠴᠤ ᠪᠢᠰᠢ ᠃ ︽ ᠦᠯᠢᠭᠡᠷ᠎ᠲᠠᠢ ᠬᠡᠤᠬᠡᠳ ︾ ᠭᠡᠳᠡᠭ ᠴᠤ ᠮᠠᠨ᠎ᠤ ᠨᠤᠲᠤᠭ᠎ᠲᠤ ᠠᠯᠢᠶ᠎ᠠ ᠬᠡᠤᠬᠡᠳ ᠯᠠ ᠭᠡᠰᠡᠨ ᠦᠭᠡ ᠃ ᠬᠠᠷᠢᠨ ᠬᠠᠯᠠᠭᠤᠨ ᠵᠤᠨ᠎ᠤ ᠪᠦᠭᠴᠢᠮ᠎ᠠ᠎ᠶᠢ ᠡᠪᠳᠡᠵᠦ ᠂ ᠬᠠᠷᠢ ᠭᠠᠳᠠᠨ᠎ᠠ᠎ᠡᠴᠠ ᠤᠷᠤᠵᠤ ᠢᠷᠡᠭᠰᠡᠨ ᠰᠢᠩᠭᠡᠭᠡᠯᠳᠡ᠎ᠶᠢᠨ ᠮᠠᠰᠢᠨ ᠭᠡᠳᠡᠭ ᠡᠨᠡ ᠳᠦᠨᠳᠦᠬᠦᠷ ᠬᠠᠷ᠎ᠠ ᠡᠳ᠋ ᠦᠨᠡᠬᠡᠷ ᠪᠢᠳᠡᠨ᠎ᠤ ᠬᠡᠤᠬᠡᠳ ᠨᠠᠰᠤᠨ᠎ᠳ᠋ᠤ ᠬᠢᠵᠠᠭᠠᠷᠯᠠᠰᠢ ᠦᠭᠡᠢ᠎ᠶᠢᠨ ᠳᠦᠰᠦᠭᠡᠯᠡᠯ ᠂ ᠬᠡᠮᠵᠢᠶᠡᠯᠡᠰᠢ ᠦᠭᠡᠢ᠎ᠶᠢᠨ ᠪᠠᠶᠠᠷ ᠪᠠᠬᠠᠳᠤᠯ ᠠᠪᠴᠢᠷᠠᠭᠰᠠᠨ ᠶᠤᠮ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面