ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2020-06-08 10:32:21

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠠᠷᠪᠠᠭᠠᠳ ᠵᠢᠯ᠎ᠤᠨ ᠡᠮᠦᠨ᠎ᠠ ᠮᠠᠨ᠎ᠤ ᠨᠤᠳᠤᠭ᠎ᠲᠤ ᠢᠮᠠᠭ᠎ᠠ ᠳᠡᠵᠢᠭᠡᠬᠦ᠎ᠶᠢ ᠬᠤᠷᠢᠡᠡᠯᠠᠬᠤ ᠪᠤᠳᠤᠯᠭ᠎ᠠ ᠦᠷᠨᠢᠵᠦ ᠂ ᠮᠠᠨᠠᠢᠬᠢᠨ ᠴᠤ ᠠᠷᠭ᠎ᠠ ᠪᠤᠰᠤ ᠰᠦᠷᠦᠭ ᠢᠮᠠᠭᠠᠳ᠎ᠢᠶᠡᠨ ᠪᠦᠬᠦᠨ᠎ᠢ ᠬᠤᠳᠠᠯᠳᠤᠵᠤ ᠤᠷᠬᠢᠠᠠᠰᠠᠨ ᠶᠤᠮ ᠃ ᠳᠡᠷᠡ ᠴᠠᠭ᠎ᠡᠴᠠ ᠬᠤᠢᠰᠢ ᠮᠠᠨ᠎ᠤ ᠬᠤᠳᠠᠨ᠎ᠳ᠋ᠤ ᠢᠮᠠᠭ᠎ᠠ ᠮᠠᠢᠯᠠᠯᠳᠤᠬᠤ ᠳᠠᠭᠤᠨ ᠠᠨᠢᠷ ᠳᠠᠰᠤᠷᠠᠵᠦ ᠂ ᠭᠡᠷᠡᠮ ᠬᠠᠰᠢᠶ᠎ᠠ᠎ᠪᠠᠷ ᠦᠰᠦᠷᠴᠤ ᠬᠠᠷᠠᠢᠨ ᠠᠯᠢᠶᠠᠷᠬᠠᠳᠠᠭ ᠪᠠᠢᠳᠠᠯ᠎ᠨᠢ ᠬᠠᠷᠠᠭᠳᠠᠬᠤ᠎ᠪᠠᠨ ᠪᠤᠯᠢᠵᠦ ᠂ ᠬᠠᠪᠤᠷ᠎ᠤᠨ ᠲᠠᠷᠴᠢᠭ ᠴᠠᠭ᠎ᠲᠤ ᠢᠮᠠᠭᠠᠠ ᠨᠤᠤᠯᠤᠭᠤᠷ᠎ᠢᠶᠡᠨ ᠬᠤᠳᠠᠯᠳᠤᠴᠢᠬᠠᠭᠠᠳ ᠨᠢᠭᠡ ᠰᠠᠢᠨ ᠳᠠᠩᠰᠤᠭᠯᠠᠵᠦ ᠠᠪᠳᠠᠭ ᠮᠦᠴᠡ ᠴᠤ ᠨᠢᠭᠡᠯᠡ ᠮᠡᠳᠡᠬᠦ᠎ᠳ᠋ᠤ ᠠᠶᠠᠷᠯᠠᠨ ᠬᠤᠯᠠᠳᠡᠵᠠᠢ ᠃


ᠬᠠᠷᠢᠨ ᠠᠵᠠ᠎ᠪᠠᠷ ᠨᠠᠭᠠᠴᠤ᠎ᠶᠢᠨ᠎ᠬᠢ ᠮᠢᠨᠢ ᠦᠨᠳᠤᠰᠤ ᠳᠠᠰᠤᠷᠠᠭᠤᠯᠬᠤ ᠦᠭᠡᠢ ᠭᠡᠵᠦ ᠦᠯᠡᠳᠡᠭᠡᠭᠰᠡᠨ ᠬᠡᠳᠤᠨ ᠢᠮᠠᠭᠠᠳ᠎ᠡᠴᠠ᠎ᠪᠠᠨ ᠦᠬᠢᠨ᠎ᠤ ᠮᠢᠨᠢ ᠤᠢ ᠲᠡᠭᠡᠷ᠎ᠡ ᠵᠤᠰᠠᠭ ᠱᠠᠩᠨᠠᠭᠰᠠᠨ᠎ᠢᠶᠠᠷ ᠮᠠᠨ᠎ᠤ ᠬᠤᠳᠠᠨ᠎ᠳ᠋ᠤ ᠳᠠᠬᠢᠨᠳᠠ ᠢᠮᠠᠭ᠎ᠠ ᠮᠠᠢᠯᠠᠬᠤ ᠳᠠᠭᠤᠨ ᠬᠠᠩᠬᠢᠨᠠᠵᠦ ᠡᠬᠢᠯᠡᠪᠡ ᠃ ᠨᠠᠮᠠᠢ ᠲᠦᠷᠦᠬᠦ᠎ᠳ᠋ᠤ ᠮᠦᠨ ᠡᠵᠢ᠎ᠶᠢᠨ ᠮᠢᠨᠢ ᠮᠦᠷᠬᠦᠬᠦᠯᠦᠭᠰᠡᠨ ᠠᠪᠤ᠋ ᠡᠵᠢ᠎ᠶᠢᠨ᠎ᠬᠢᠨ ︵ ᠪᠢ ᠮᠦᠷᠬᠦᠬᠦᠯᠦᠭᠰᠡ ᠨᠠᠭ᠎ᠠ ᠭᠡᠵᠦ ᠳᠠᠭᠤᠳᠠᠳᠠᠭ ︶ ᠨᠠᠳᠠᠳᠤ ᠬᠠᠷ᠎ᠠ ᠠᠯᠠᠭ ᠲᠦᠯᠤᠭᠡ ᠱᠠᠩᠨᠠᠵᠦ ᠂ ᠳᠡᠷᠡ᠎ᠨᠢ 10 ᠵᠢᠯ ᠳᠠᠷᠠᠭᠠᠯᠠᠨ ᠢᠭᠡᠷᠡᠯᠡᠵᠦ ᠰᠡᠭᠦᠯ᠎ᠳ᠋ᠤ᠎ᠨᠢ ᠮᠠᠨᠠᠢᠬᠢ ᠮᠢᠩᠭᠠᠨ ᠮᠠᠯ᠎ᠤᠨ ᠡᠬᠡ ᠭᠡᠵᠦ ᠰᠡᠳᠡᠷᠯᠡᠭᠰᠡᠨ ᠶᠤᠮ ᠃
︽ ᠳᠡᠭᠡᠷ᠎ᠠ᠎ᠡᠴᠠ ᠢᠷᠡᠭᠰᠡᠨ ᠳᠡᠭᠡᠯᠠᠢ ᠴᠠᠭᠠᠨ ᠂ ᠲᠦᠷᠪᠡᠨ ᠬᠦᠯ᠎ᠲᠠᠢ ᠮᠠᠢᠵᠠᠭ ᠴᠠᠭᠠᠨ ᠂ ᠬᠤᠷ᠎ᠠ᠎ᠶᠢᠨ ᠤᠰᠤ᠎ᠪᠠᠷ ᠤᠬᠢᠶᠠᠯᠭᠠᠭᠰᠠᠨ ᠴᠠᠭᠠᠨ ᠂ ᠬᠤᠷᠴᠠ ᠬᠢᠳᠤᠭ᠎ᠠ᠎ᠪᠠᠷ ᠡᠰᠬᠡᠬᠦᠯᠦᠭᠰᠡᠨ ᠴᠠᠭᠠᠨ ︾ ᠁


ᠠᠪᠤ᠋ ᠮᠢᠨᠢ ᠤᠮᠪᠤᠯᠤ ᠦᠬᠢᠨ᠎ᠢᠶᠡᠨ ᠭᠡᠵᠢᠶᠠᠳᠠ ᠮᠠᠯ᠎ᠤᠨ ᠭᠡᠰᠢᠭ᠎ᠲᠠᠢ ᠬᠡᠤᠬᠡᠳ ᠭᠡᠵᠦ ᠶᠠᠷᠢᠳᠠᠭ ᠪᠤᠯᠤᠭᠠᠳ ᠴᠤ ᠲᠡᠷᠡ ‍ᠤᠤ ᠂ ᠡᠬᠦᠪᠡᠷ ᠪᠡᠯᠭᠡᠰᠢᠶᠡᠵᠦ ᠦᠬᠢᠨ᠎ᠳ᠋ᠤ ᠮᠢᠨᠢ ᠡᠢᠮᠤ ᠯᠡ ᠰᠠᠢᠬᠠᠨ ᠪᠤᠶᠠᠨ ᠬᠡᠰᠢᠭ ᠳᠤᠭᠳᠠᠭᠰᠠᠨ ᠪᠠᠢᠬ᠎ᠠ ᠭᠡᠵᠦ ᠪᠢ ᠪᠤᠳᠤᠳᠠᠭ ᠃
ᠦᠬᠢᠨ ᠮᠢᠨᠢ ᠲᠡᠨᠳᠡᠷ ᠮᠦᠨᠳᠦᠷ ᠠᠯᠬᠤᠭᠰᠠᠨ ᠴᠠᠭ᠎ᠡᠴᠠ᠎ᠪᠠᠨ ᠡᠬᠢᠯᠡᠭᠡᠳ ᠬᠦᠳᠡᠭᠡ ᠭᠡᠷ᠎ᠲᠡᠭᠡᠨ ᠬᠠᠷᠢᠬᠤ ᠪᠤᠯᠭᠠᠨ ᠭᠡᠷ ᠭᠠᠳᠠᠭ᠎ᠠ ᠲᠤᠭᠯᠠᠬᠤ᠎ᠳᠠᠭᠠᠨ ᠮᠠᠯ᠎ᠤᠨ ᠬᠤᠷᠤᠭ᠎ᠠ᠎ᠡᠴᠠ ᠰᠠᠯᠳᠠᠭ ᠦᠭᠡᠢ᠎ᠨᠢ ᠰᠤᠨᠢᠬᠠᠨ ᠡ ᠃ ᠮᠠᠯ᠎ᠢᠶᠡᠨ ᠡᠪᠡᠰᠤᠯᠡᠬᠦ ᠭᠡᠵᠦ ᠡᠪᠤᠬᠡ᠎ᠳ᠋ᠡᠭᠡᠨ ᠬᠠᠮᠵᠢᠨ᠎ᠠ ᠂ ᠬᠤᠨᠢᠳ᠎ᠢᠶᠡᠨ ᠬᠤᠳᠠᠯᠠᠬᠤ ᠭᠡᠵᠦ ᠪᠤᠳᠠᠷᠠᠳᠠᠯ᠎ᠠ ᠬᠦᠶᠦᠨ᠎ᠠ ᠂ ᠬᠤᠷᠠᠭ᠎ᠠ ᠳᠤᠭᠤᠯ᠎ᠢᠶᠡᠨ ᠪᠠᠷᠢᠬᠤ ᠭᠡᠵᠦ ᠬᠦᠯᠦᠰᠦ ᠳᠤᠰᠤᠯᠳᠠᠯ᠎ᠠ᠎ᠪᠠᠨ ᠪᠤᠵᠢᠬᠢᠨᠡᠨ᠎ᠠ ᠃ ᠴᠠᠭᠠᠨ ᠰᠠᠷ᠎ᠠ᠎ᠳ᠋ᠤ ᠰᠢᠨ᠎ᠠ᠎ᠶᠢᠨ ᠵᠤᠯᠭᠠᠯᠳᠠ᠎ᠪᠠᠷ ᠰᠠᠳᠤᠨ ᠲᠦᠷᠦᠯ᠎ᠤᠨ᠎ᠬᠢᠨ᠎ᠢᠶᠠᠷ᠎ᠢᠶᠡᠨ ᠠᠢᠯᠴᠢᠯᠠᠬᠤ᠎ᠳᠠᠭᠠᠨ ᠴᠤ ᠬᠤᠳᠠ ᠬᠤᠷᠤᠭᠠᠨ᠎ᠳ᠋ᠤᠨᠢ ᠤᠷᠤᠵᠦ ᠂ ᠬᠤᠨᠢ ᠬᠤᠷᠠᠭ᠎ᠠ᠎ᠲᠠᠢ᠎ᠨᠢ ᠤᠢᠷᠠᠬᠠᠨ ᠯᠡ ᠲᠤᠭᠯᠠᠨ᠎ᠠ ᠃ ᠬᠦᠬᠡᠬᠤᠳᠠ᠎ᠳ᠋ᠤ ᠲᠦᠷᠦᠵᠦ ᠦᠰᠴᠢᠬᠡᠭᠡᠳ ᠬᠦᠳᠡᠭᠡ ᠨᠤᠳᠤᠭ᠎ᠤᠨ ᠬᠡᠤᠬᠡᠳ᠎ᠡᠴᠠ ᠢᠯᠡᠬᠦᠦ ᠮᠠᠯ ᠤᠨᠤᠭ᠎ᠠ᠎ᠳ᠋ᠤ ᠡᠭᠡᠯᠢᠲᠡᠢ ᠪᠠᠢᠳᠠᠭ᠎ᠲᠤ᠎ᠨᠢ ᠮᠠᠨᠠᠢᠬᠢᠨ᠎ᠤ ᠶᠡᠬᠡᠴᠤᠤᠯ ᠪᠦᠷ ᠴᠤ ᠭᠠᠢᠬᠠᠳᠠᠭ ᠪᠢᠯᠡ ᠃
ᠢᠮᠠᠭ᠎ᠠ᠎ᠲᠠᠢ ᠪᠤᠯᠵᠦ ᠢᠯᠠᠩᠭᠤᠶ᠎ᠠ ᠨᠡᠷ᠎ᠡ ᠵᠢᠭᠠᠯᠭᠠᠵᠤ ᠠᠮᠢᠨᠴᠢᠷᠬᠠᠭᠰᠠᠨ ᠬᠦᠭᠡᠷᠤᠬᠦᠨ ᠢᠮᠠᠭ᠎ᠠ᠎ᠨᠢ ᠢᠰᠢᠬᠡᠯᠡᠭᠰᠡᠨ᠎ᠡᠴᠠ ᠬᠤᠢᠰᠢ ᠦᠬᠢᠨ ᠮᠢᠨᠢ ᠨᠡᠩ ᠴᠤ ᠶᠠᠭᠠᠷᠠᠤ ᠬᠦᠮᠦᠨ ᠪᠤᠯᠪᠠ ᠃ ᠠᠮᠠᠷᠠᠯᠳᠠ᠎ᠪᠠᠷ ᠡᠪᠤᠬᠡ ᠡᠮᠡᠬᠡ᠎ᠶᠢᠨ᠎ᠢᠶᠡᠨ ᠲᠡᠷᠭᠡᠳᠡ ᠤᠴᠢᠬᠤ ᠪᠤᠯᠭᠠᠨ ᠢᠮᠠᠭ᠎ᠠ᠎ᠪᠠᠨ ᠳᠡᠵᠢᠭᠡᠵᠦ ᠢᠰᠢᠭᠡ᠎ᠪᠠᠨ ᠤᠭᠵᠢᠬᠤ᠎ᠨᠢ ᠳᠡᠬᠦᠨ᠎ᠤ ᠡᠳᠤᠷ ᠪᠤᠯᠭᠠᠨ᠎ᠤ ᠵᠠᠪᠠᠯ ᠪᠡᠶᠡᠯᠡᠬᠦᠯᠳᠡᠭ ᠳᠠᠰᠬᠠᠯ ᠪᠤᠯᠵᠠᠢ ᠃ ᠦᠰᠬᠦ ᠮᠠᠯ᠎ᠤᠨ ᠵᠢᠰᠤ᠎ᠨᠢ ᠨᠢᠭᠡ ᠂ ᠦᠭᠡᠳᠡᠯᠡᠬᠦ ᠠᠢᠯ᠎ᠤᠨ ᠦᠭᠡ᠎ᠨᠢ ᠨᠢᠭᠡ ᠭᠡᠳᠡᠭ᠎ᠢᠶᠠᠷ ᠂ ᠨᠠᠭᠠᠴᠤ᠎ᠶᠢᠨ ᠮᠢᠨᠢ ᠱᠠᠩᠨᠠᠭᠰᠠᠨ ᠵᠤᠰᠠᠭ ᠢᠮᠠᠭᠠᠨ᠎ᠤ ᠤᠳᠤᠮ ᠨᠢᠭᠡᠯᠡ ᠮᠡᠳᠡᠬᠦ᠎ᠳ᠋ᠤ 30 ᠰᠢᠬᠠᠮ ᠪᠤᠯᠵᠦ ᠂ ᠡᠳᠡᠭᠡᠷ ᠢᠮᠠᠭᠠᠳ ᠰᠦᠷᠦᠭ ᠲᠦᠷᠦᠬᠦᠯᠠᠨ ᠬᠤᠨᠢᠳ᠎ᠢ ᠦᠢᠮᠡᠬᠦᠯᠦᠭᠡᠳ ᠪᠠᠢᠳᠠᠭ ᠪᠤᠯᠪᠠ ᠃ ᠭᠡᠷᠡᠮ᠎ᠤᠨ ᠤᠷᠤᠢ ᠂ ᠪᠠᠢᠰᠢᠩ᠎ᠤᠨ ᠳᠡᠭᠡᠪᠤᠷ ᠂ ᠳᠡᠷᠭᠡ ᠮᠠᠰᠢᠨ᠎ᠤ ᠬᠠᠮᠠᠷ ᠳᠡᠭᠡᠷ᠎ᠠ ᠳᠠᠩᠳᠠ ᠳᠡᠳᠡᠨᠤᠰ᠎ᠤᠨ ᠪᠡᠷ᠎ᠠ ᠬᠠᠷᠠᠭᠳᠠᠬᠤ ᠪᠤᠯᠵᠦ ᠂ ᠬᠠᠪᠤᠷ ᠪᠤᠯᠬᠤ᠎ᠳ᠋ᠤ ᠵᠠᠷᠢᠮ᠎ᠳᠠᠭᠠᠨ ᠨᠤᠭᠤᠭ᠎ᠠ ᠬᠦᠭᠡᠭᠡᠭᠰᠡᠨ ᠢᠮᠠᠭᠠᠳ ᠬᠤᠨᠢᠳ᠎ᠢ ᠳᠠᠭᠠᠭᠤᠯᠤᠨ ᠪᠡᠯᠴᠢᠭᠡᠷ᠎ᠡᠴᠠ᠎ᠪᠠᠨ ᠬᠤᠯᠠᠳᠠᠭᠠᠳ ᠂ ᠬᠡᠳᠤᠨ ᠡᠳᠤᠷ ᠡᠷᠢᠯ ᠪᠤᠯᠭᠠᠳᠠᠭ ᠴᠤ ᠤᠳᠠᠭ᠎ᠠ ᠪᠤᠢ ᠃ ᠡᠮᠦᠨ᠎ᠡ ᠬᠡᠳᠦᠨ ᠵᠢᠯ ᠮᠠᠨ᠎ᠤ ᠨᠤᠲᠤᠭ᠎ᠲᠤ ᠭᠠᠩ ᠬᠠᠬᠰᠠᠷᠠᠭᠠᠨ ᠦᠷᠬᠦᠯᠵᠢᠯᠡᠵᠦ ᠂ ᠢᠮᠠᠭ᠎ᠠ ᠪᠡᠯᠴᠢᠭᠡᠷᠯᠡᠬᠦᠯᠬᠦ᠎ᠶᠢ ᠬᠤᠷᠢᠬᠯᠠᠬᠤ ᠲᠤᠭᠳᠠᠭᠠᠯ ᠤᠯᠠᠮ ᠴᠤ ᠴᠢᠡᠭᠭᠠᠷᠠᠵᠤ ᠢᠷᠡᠪᠡ ᠂ ᠭᠡᠳᠡᠯ᠎ᠠ ᠡᠪᠤᠬᠡ ᠡᠮᠡᠬᠡ᠎ᠨᠢ ᠤᠮᠪᠤᠯᠤ ᠦᠬᠢᠨ᠎ᠤ ᠮᠢᠨᠢ ᠮᠠᠯ ᠤᠳᠤ ᠶᠠᠭ ᠦᠰᠬᠦ ᠴᠠᠭ᠎ᠲᠠᠭᠠᠨ ᠪᠠᠢᠨ᠎ᠠ ᠭᠡᠳ ᠳᠡᠳᠡᠭᠡᠷ ᠪᠦᠬᠦᠨ᠎ᠢ ᠶᠠᠭᠤᠮᠠᠨ᠎ᠳ᠋ᠤ ᠪᠤᠳᠤᠯ ᠦᠭᠡᠢ ᠂ ᠭᠡᠳᠤᠨ ᠢᠮᠠᠭᠠᠳ᠎ᠢᠶᠡᠨ ᠬᠤᠨᠢᠨ ᠰᠦᠷᠦᠭ᠎ᠲᠡᠭᠡᠨ ᠨᠡᠢᠯᠡᠬᠦᠯᠦᠨ ᠡᠷᠳᠡᠯᠡᠵᠦ ᠤᠷᠤᠢᠯᠠᠨ ᠬᠦᠯ ᠳᠠᠷᠳᠠᠳᠠᠯ᠎ᠠ᠎ᠪᠠᠨ ᠬᠦᠶᠦᠭᠰᠡᠭᠡᠷ ᠪᠠᠢᠪᠠ ᠃
ᠳᠡᠷᠡ ᠨᠠᠮᠤᠷ᠎ᠨᠢ ᠦᠬᠢᠨ ᠮᠢᠨᠢ ᠠᠷᠠᠳ᠎ᠤᠨ ᠰᠤᠷᠭᠠᠭᠤᠯᠢ᠎ᠶᠢᠨ ᠪᠤᠱᠤᠭ᠎ᠠ᠎ᠶᠢ ᠠᠯᠬᠤᠵᠦ ᠪᠢᠴᠢᠭ ᠨᠤᠮ ᠪᠢᠯᠢᠭ ᠡᠷᠳᠡᠮ᠎ᠤᠨ ᠤᠶᠤᠨ᠎ᠤ ᠰᠢᠮ᠎ᠠ ᠬᠦᠷᠳᠡᠵᠦ ᠂ ᠠᠪᠤ᠋ ᠡᠵᠢ᠎ᠶᠢᠨ᠎ᠢᠶᠡᠨ ᠠᠴᠢᠯᠠᠯ ᠵᠢᠷᠤᠮ ᠂ ᠡᠪᠤᠬᠡ ᠡᠮᠡᠬᠡ᠎ᠶᠢᠨ᠎ᠢᠶᠡᠨ ᠦᠨᠡᠨᠴᠢ ᠬᠦᠳᠡᠯᠮᠤᠷᠢ ᠶᠠᠭᠤ᠎ᠪᠠᠷ ᠴᠤ ᠰᠤᠯᠢᠰᠢ ᠦᠭᠡᠢ ᠭᠡᠳᠡᠭ᠎ᠢ ᠪᠢᠴᠢᠬᠠᠨ ᠴᠡᠭᠡᠵᠢᠨ᠎ᠳ᠋ᠡᠭᠡᠨ ᠤᠬᠠᠭᠠᠷᠠᠵᠦ ᠡᠬᠢᠯᠡᠭᠰᠡᠨ᠎ᠨᠢ ᠢᠯᠡᠷᠭᠡᠢ ᠪᠠᠢᠯ᠎ᠠ ᠃ ᠳᠠᠷᠠᠭ᠎ᠠ ᠵᠢᠯ᠎ᠤᠨ ᠬᠢᠨᠢ ᠵᠤᠨ᠎ᠤ ᠠᠮᠠᠷᠠᠯᠳᠠ᠎ᠪᠠᠷ ᠂ ᠦᠭᠡᠷ᠎ᠠ ᠪᠤᠰᠤᠳ ᠬᠠᠮᠳᠤ ᠰᠤᠷᠤᠭᠴᠢ᠎ᠨᠢ ᠡᠮᠦᠨᠡᠳᠤ ᠤᠷᠤᠨ ᠂ ᠬᠠᠷᠢ ᠤᠯᠤᠰ᠎ᠢᠶᠠᠷ ᠨᠢᠳᠤ ᠨᠡᠭᠡᠭᠡᠬᠦ ᠭᠡᠵᠦ ᠪᠤᠵᠢᠬᠢᠨᠠᠬᠤ᠎ᠳ᠋ᠤ ᠦᠬᠢᠨ ᠮᠢᠨᠢ ᠵᠠᠪᠠᠯ ᠬᠦᠳᠡᠭᠡ ᠭᠡᠷ᠎ᠲᠡᠭᠡᠨ ᠬᠠᠷᠢᠵᠤ ᠬᠦᠭᠡᠷᠤᠬᠦᠨ ᠢᠰᠢᠭᠡ᠎ᠨᠦᠭᠦᠳ᠎ᠢᠶᠡᠨ ᠬᠠᠷᠠᠬᠤ ᠭᠡᠳ ᠳᠡᠪᠵᠢᠶᠡᠷᠡᠭᠡᠳ ᠪᠤᠯᠳᠠᠭ ᠦᠭᠡᠢ ᠃ ᠡᠪᠤᠬᠡ ᠡᠮᠡᠬᠡ᠎ᠶᠢᠨ᠎ᠳ᠋ᠡᠭᠡᠨ ᠬᠦᠷᠦᠭᠰᠡᠨ ᠬᠤᠶᠠᠳᠡᠬᠢ ᠡᠳᠤᠷ᠎ᠨᠢ ᠮᠠᠨ᠎ᠤ ᠨᠤᠳᠤᠭ᠎ᠲᠤ ᠶᠡᠬᠡ ᠪᠤᠷᠤᠭᠠᠯᠠᠵᠦ ᠂ ᠳᠡᠷᠡ ᠰᠦᠨᠢ᠎ᠨᠢ ᠢᠮᠠᠭᠠᠳ ᠬᠤᠷᠤᠭ᠎ᠠ ᠲᠦᠯᠬᠢᠨ ᠭᠠᠷᠴᠤ ᠰᠡᠷᠢᠬᠦᠨ ᠵᠢᠪᠡᠷ ᠦᠭᠰᠦᠨ ᠨᠤᠭᠤᠭᠠᠨ᠎ᠤ ᠦᠨᠤᠷ ᠬᠦᠭᠡᠭᠡᠵᠦ ᠬᠦᠶᠦᠯᠳᠦᠭᠰᠡᠨ ᠪᠠᠢᠪᠠ ᠃ ᠳᠠᠷᠠᠭ᠎ᠠ ᠦᠷᠯᠦᠭᠡ᠎ᠨᠢ ᠦᠬᠢᠨ ᠮᠢᠨᠢ ᠡᠪᠤᠬᠡ᠎ᠪᠠᠨ᠎ᠲᠠᠭᠠᠨ ᠡᠷᠢᠯ ᠳ᠋ᠦ ᠭᠠᠷᠴᠤ ᠂ ᠮᠠᠩᠬ᠎ᠠ ᠪᠤᠳᠠ ᠂ ᠪᠤᠷᠤ ᠳᠤᠯᠤᠭᠠᠳ᠎ᠢ ᠳᠠᠪᠠᠵᠦ ᠂ ᠮᠠᠯᠴᠢᠨ ᠬᠦᠮᠦᠨ᠎ᠤ ᠶᠠᠳᠠᠷᠠᠭ᠎ᠠ ᠭᠡᠳᠡᠭ᠎ᠢ ᠠᠩᠬ᠎ᠠ ᠪᠠᠶᠠᠴᠢᠯᠡᠨ ᠤᠢᠯᠠᠭᠠᠭᠰᠠᠨ᠎ᠨᠢ ᠦᠨᠡᠨᠳᠡᠢ ᠃ ᠦᠳᠡ᠎ᠶᠢᠨ ᠠᠯᠳᠠ ᠤᠢᠷᠠᠳᠬᠤ᠎ᠪᠠᠷ ᠂ ᠡᠪᠤᠭᠡ᠎ᠨᠢ ᠰᠢᠳᠠᠮ᠎ᠠ ᠨᠠᠷᠠᠨ᠎ᠳ᠋ᠤ ᠬᠦᠯᠦᠰᠤ ᠳᠡᠪᠳᠤᠳᠠᠯ᠎ᠠ᠎ᠪᠠᠨ ᠠᠯᠬᠤᠯᠠᠵᠦ ᠤᠮᠪᠤᠯᠤ᠎ᠪᠠᠨ ᠡᠬᠦᠷᠴᠤ ᠦᠤᠷ᠎ᠢᠶᠠᠷ ᠲᠦᠷᠦᠭᠰᠡᠨ ᠨᠢᠭᠡ ᠢᠰᠢᠬᠡ᠎ᠶᠢ ᠳᠠᠪᠠᠷᠢᠵᠦ ᠰᠦᠷᠦᠭ ᠬᠤᠨᠢ ᠢᠮᠠᠭ᠎ᠠ᠎ᠪᠠᠨ ᠳᠠᠭᠤᠭᠰᠠᠭᠠᠷ ᠭᠠᠳᠠᠨ᠎ᠠ᠎ᠪᠠᠨ ᠬᠦᠷᠴᠤ ᠢᠷᠡᠪᠡ ᠃ ᠬᠦᠴᠤ ᠳᠠᠮᠢᠷ᠎ᠢᠶᠡᠨ ᠪᠠᠷᠠᠭᠰᠠᠨ ᠤᠮᠪᠤᠯᠤ ᠦᠬᠢᠨ᠎ᠢᠶᠡᠨ ᠬᠠᠷᠠᠭᠠᠳ ᠡᠵᠢ ᠮᠢᠨᠢ ᠶᠡᠬᠡᠳᠠ ᠬᠦᠭᠡᠷᠤᠬᠦᠢᠢᠯᠡᠭᠰᠡᠨ ᠪᠤᠯᠤᠯᠳᠠᠢ ᠂ ᠬᠤᠨᠢ ᠮᠠᠯ᠎ᠢᠶᠡᠨ ᠬᠤᠳᠠᠯᠠᠵᠦ ᠪᠠᠢᠭᠰᠠᠨ ᠠᠪᠤ᠋᠎ᠶᠢ ᠪᠤᠷᠤᠭᠤᠳᠬᠤ ᠭᠡᠵᠦ ᠭᠠᠳᠠᠨ᠎ᠠ ᠭᠠᠷᠬᠤ᠎ᠳᠠᠭᠠᠨ ᠤᠶᠠᠭᠠᠨ ᠳᠡᠭᠡᠷ᠎ᠠ ᠢᠮᠠᠭ᠎ᠠ ᠳᠡᠵᠢᠭᠡᠵᠦ ᠪᠤᠯᠬᠤ ᠦᠭᠡᠢ ᠬᠡᠬᠦ ᠵᠠᠷᠯᠢᠭ ᠵᠢᠭᠠᠪᠤᠷᠢ᠎ᠶᠢᠨ ᠤᠬᠠᠭᠤᠯᠭ᠎ᠠ᠎ᠶᠢᠨ᠎ᠬᠢᠨ ᠳᠠᠬᠢᠨᠳᠠ ᠢᠷᠡᠭᠰᠡᠨ᠎ᠢ ᠬᠠᠷᠠᠵᠠᠢ ᠃ ᠳᠡᠬᠦᠨ᠎ᠤ ᠬᠤᠢᠨ᠎ᠠ᠎ᠡᠴᠠ ᠴᠢᠷᠤᠬᠦᠯ᠎ᠢᠶᠡᠨ ᠳᠠᠮᠤᠷ ᠳᠤᠤᠷ᠎ᠢᠶᠠᠷ ᠪᠢᠳᠡᠬᠦᠮᠵᠢᠯᠡᠭᠰᠡᠨ ᠢᠮᠠᠭᠠᠨ ᠫᠠᠨᠽᠠᠴᠢᠨ ᠴᠤ ᠳᠠᠯᠪᠢᠭᠠᠳ ᠪᠠᠭᠤᠵᠤ ᠪᠠᠢᠪᠠ ᠃ ᠪᠤᠳᠤᠬᠤ᠎ᠳ᠋ᠤ ᠢᠮᠠᠭ᠎ᠠ᠎ᠶᠢ ᠶᠠᠭᠠᠬᠢᠭᠰᠠᠨ ᠴᠤ ᠬᠦᠯ ᠳᠠᠯᠪᠢᠭᠤᠯᠬᠤ ᠦᠭᠡᠢ ᠭᠡᠵᠦ ᠰᠢᠭᠤᠳᠤᠭᠰᠠᠨ᠎ᠨᠢ ᠳᠤᠳᠤᠷᠬᠠᠢ ᠃
ᠬᠦᠭᠡᠷᠤᠬᠦᠢ ᠂ ᠡᠪᠤᠬᠡ ᠡᠮᠡᠬᠡ᠎ᠨᠢ ᠠᠷᠭ᠎ᠠ ᠪᠤᠰᠤ ᠯᠡ ᠢᠮᠠᠭᠠᠳ᠎ᠢᠶᠡᠨ ᠬᠤᠳᠠᠯᠳᠤᠬᠤ᠎ᠪᠠᠷ ᠪᠤᠯᠪᠠ ᠃ ᠪᠢᠳᠡᠬᠦᠮᠵᠢ ᠳᠡᠷᠭᠡᠨ᠎ᠳ᠋ᠤ ᠳᠡᠭᠡᠭᠡᠭᠳᠡᠬᠦ ᠢᠰᠢᠭᠡᠨ᠎ᠤ ᠮᠠᠢᠯᠠᠬᠤ ᠳᠠᠭᠤᠨ ᠳᠡᠷᠡ ᠦᠳᠡ᠎ᠶᠢᠨ ᠨᠠᠮ ᠬᠦᠮ᠎ᠢ ᠡᠪᠳᠡᠵᠦ ᠂ ᠢᠮᠠᠭᠠᠨ ᠫᠠᠨᠽᠠᠴᠢᠨ᠎ᠤ ᠪᠠᠶᠠᠷᠯᠠᠩᠭᠤᠢ ᠴᠢᠷᠠᠢ᠎ᠡᠴᠠ ᠤᠨᠳᠤᠤ᠎ᠨᠢ ᠡᠬᠦᠯᠡᠨ᠎ᠳ᠋ᠤ ᠪᠦᠷᠬᠦᠭᠳᠡᠭᠰᠡᠨ ᠰᠢᠭ ᠪᠠᠢᠪᠠ ᠃
ᠦᠬᠢᠨ ᠮᠢᠨᠢ ᠬᠤᠷᠤᠭᠠᠨ ᠪᠤᠯᠤᠩ᠎ᠳ᠋ᠤ ᠨᠢᠯᠪᠤᠰᠤ ᠴᠢᠬᠢᠭᠯᠡᠬᠦᠯᠵᠦ ᠪᠤᠷᠤᠭᠤ ᠬᠠᠨᠳᠤᠨ ᠵᠤᠭᠰᠤᠨ᠎ᠠ ᠃ ᠡᠪᠤᠬᠡ᠎ᠲᠠᠢ᠎ᠪᠠᠨ ᠰᠠᠢᠬᠠᠨ ᠪᠦᠳᠦᠨ ᠦᠷᠯᠦᠭᠡᠬᠦᠷ ᠮᠠᠯ ᠬᠤᠷᠢᠶᠠᠵᠦ ᠦᠪᠡᠷ᠎ᠢ᠎ᠪᠠᠨ ᠬᠦᠷᠳᠡᠯ᠎ᠠ ᠡᠬᠦᠷᠦᠬᠦᠯᠬᠦ ᠬᠡᠮᠵᠢᠶᠠᠨ᠎ᠳ᠋ᠤ ᠬᠦᠷᠦᠭᠰᠡᠨ ᠳ᠋ᠠ ︕ ︽ ᠬᠦᠭᠡᠷᠤᠬᠦᠢ ᠡᠪᠤᠬᠡ ᠡᠮᠡᠬᠡ ᠨᠠᠰᠤ ᠠᠬᠢᠵᠦ ᠬᠡᠳᠤᠨ ᠮᠠᠯ᠎ᠢ ᠮᠢᠨᠢ ᠦᠰᠬᠡᠬᠦ ᠭᠡᠵᠦ ᠬᠡᠴᠢᠨᠡᠨ ᠴᠤ ᠶᠠᠳᠠᠷᠠᠵᠦ ᠪᠠᠢᠳᠠᠭ ᠪᠤᠯ ᠳ᠋ᠠ ⁈ ᠦᠭᠡᠷ᠎ᠠ ᠢᠮᠠᠭᠠᠳ ᠴᠤ ᠶᠠᠭᠠᠬᠢᠬᠤᠪ ᠂ ᠬᠦᠭᠡᠷᠤᠬᠦᠢ ᠮᠢᠨᠤ ᠤᠭᠵᠢᠭᠤᠷ ︕ ᠨᠢᠯᠬ᠎ᠠ ᠪᠠᠢᠬᠤ᠎ᠳ᠋ᠤᠨᠢ ᠳᠡᠬᠦᠨ᠎ᠢ᠎ᠪᠠᠨ ᠲᠦᠩᠭᠡᠵᠢ ᠬᠦᠯ᠎ᠲᠠᠢ ᠠᠮᠢ᠎ᠲᠠᠢ ᠪᠤᠯᠭᠠᠵᠦ ᠂ ᠨᠢᠳᠤᠨᠤᠨ ᠢᠬᠢᠷᠡᠯᠡᠭᠰᠡᠨ᠎ᠢᠶᠡᠨ ᠦᠨᠤ ᠵᠢᠯ ᠮᠦᠨ ᠢᠰᠢᠭᠡᠯᠡᠭᠰᠡᠨ ᠰᠢᠤ ᠂ ᠢᠰᠢᠭᠡ᠎ᠶᠢᠨ ᠬᠢᠨᠢ ᠬᠦᠭᠡᠷᠤᠬᠦᠨ ᠭᠡᠵᠢ ᠡ ᠂ ᠦᠷᠯᠦᠭᠡ ᠡᠪᠤᠬᠡ᠎ᠲᠠᠢ ᠪᠢ ᠪᠤᠳᠠᠨ᠎ᠤ ᠡᠩᠭᠡᠷ ᠬᠦᠷᠬᠦ᠎ᠳ᠋ᠤ ᠤᠭᠵᠢᠭᠤᠷ ᠮᠠᠨᠢ ᠨᠠᠮᠡᠢ ᠳᠠᠨᠢᠵᠦ ᠂ ᠬᠤᠷᠴᠠ ᠬᠤᠶᠠᠷ ᠡᠪᠡᠷ᠎ᠢᠶᠠᠷ᠎ᠢᠶᠡᠨ ᠬᠦᠩᠭᠡᠭᠡᠨ ᠶᠦᠷᠬᠦᠭᠡᠨ ᠂ ᠬᠦᠭᠡᠷᠤᠬᠦᠨ ᠢᠰᠢᠭᠡ᠎ᠪᠠᠨ ᠨᠡᠳᠠᠳᠤ ᠨᠠᠢᠳᠠᠬᠤ ᠰᠢᠭ᠋ ᠪᠠᠢᠭᠰᠠᠨ ᠶᠤᠮ ᠃ ᠡᠪᠤᠬᠡ ᠪᠢᠳᠠ ᠬᠤᠶᠠᠷ ᠳᠠᠪᠠᠷᠢᠵᠦ ᠠᠪᠴᠢᠷᠠᠭᠰᠠᠨ ᠪᠢᠰᠢᠤ ᠁ ︾
ᠬᠤᠷᠤᠭᠠᠨ᠎ᠤ ᠠᠮᠠᠰᠠᠷ ᠵᠢᠷᠳ᠋᠎ᠬᠢᠨ ᠬᠠᠭᠠᠭᠳᠠᠵᠦ ᠂ ᠬᠤᠢᠨ᠎ᠠ᠎ᠨᠢ ᠬᠤᠴᠤᠷᠤᠭᠰᠠᠨ ᠬᠡᠳᠤᠨ ᠢᠰᠢᠬᠡ᠎ᠶᠢ᠎ᠨᠢ ᠬᠠᠰᠢᠨ ᠬᠤᠮᠢᠵᠦ ᠳᠡᠭᠡᠭᠡᠬᠦ ᠭᠡᠬᠦ᠎ᠳ᠋ᠤ ᠂ ᠳᠡᠪᠡᠷᠢᠭᠳᠡᠭᠰᠡᠨ ᠨᠢᠯᠬ᠎ᠠ ᠢᠰᠢᠭᠡ ᠠᠮᠢ ᠳᠡᠮᠡᠴᠡᠨ ᠳᠡᠯᠴᠢᠯᠡᠵᠦ ᠂ ᠶᠠᠭ ᠯᠠ ᠪᠢᠴᠢᠬᠠᠨ ᠡᠵᠡᠨ᠎ᠡᠴᠠ᠎ᠪᠠᠨ ᠠᠪᠤᠷᠠᠯ ᠬᠦᠰᠡᠵᠦ ᠪᠠᠢᠭ᠎ᠠ ᠬᠡᠮᠡᠷ ᠃ ᠳᠡᠷᠡ ᠭᠱᠠᠨ᠎ᠳ᠋ᠤ ᠦᠬᠢᠨ ᠮᠢᠨᠢ ᠶᠠᠭᠤ ᠪᠤᠳᠤᠭᠰᠠᠨ᠎ᠢ ᠪᠤᠤ ᠮᠡᠳᠡ ︕ ᠢᠮᠠᠭᠠᠨ ᠫᠠᠨᠽᠠᠴᠢᠨ᠎ᠤ ᠵᠦᠭ ᠤᠬᠤᠰᠬᠢᠨ ᠬᠦᠶᠦᠨ ᠬᠦᠷᠴᠤ ᠭᠠᠷ ᠠᠯᠳᠠᠭᠤᠯᠤᠨ ᠢᠰᠢᠬᠡ᠎ᠪᠠᠨ ᠠᠪᠤᠭᠠᠳ ᠳᠤᠳᠠᠭᠠᠯ᠎ᠠ ᠃ ᠠᠢ ᠬᠦᠭᠡᠷᠤᠬᠦᠢ ᠂ ᠠᠷᠤ᠎ᠡᠴᠠ᠎ᠨᠢ ᠨᠡᠬᠡᠮᠵᠢᠯᠡᠵᠦ ᠪᠤᠯᠢᠶᠠᠵᠦ ᠠᠪᠠᠴᠢᠨ᠎ᠠ ᠭᠡᠵᠦ ᠶᠡᠬᠡᠯᠡ ᠠᠶᠤᠭᠰᠠᠨ ᠪᠡᠢᠯᠬᠦᠢ ᠂ ᠬᠡᠤᠬᠡᠨ ᠮᠢᠨᠢ ᠪᠢᠴᠢᠬᠠᠨ ᠴᠡᠭᠡᠵᠢᠨ᠎ᠳ᠋ᠡᠭᠡᠨ ᠴᠢᠩᠭᠠᠬᠠᠨ ᠳᠠᠪᠠᠷᠢᠭᠡᠳ ᠠᠷᠤ᠎ᠶᠢᠨ ᠮᠤᠳᠤᠨ ᠵᠦᠭ ᠳᠡᠩᠬᠡᠬᠡ ᠮᠡᠳᠡᠨ ᠬᠦᠶᠤᠵᠦ ᠤᠳᠤᠯ᠎ᠠ ᠃ ᠶᠠᠮᠠᠷ ᠴᠤ ᠬᠦᠭᠡᠷᠦᠬᠦᠨ ᠦᠷᠦᠪᠴᠢᠭᠡᠨ ᠰᠡᠳᠬᠢᠯ᠎ᠲᠠᠢ ᠶᠤᠮ ᠳ᠋ᠠ ᠂ ᠦᠬᠢᠨ ᠮᠢᠨᠢ ᠬᠤᠶᠠᠷ ᠡᠳᠤᠷ ᠳᠠᠷᠠᠭᠠᠯᠠᠨ ᠬᠦᠬᠡᠷᠤᠬᠦᠨ ᠢᠰᠢᠭᠡ᠎ᠪᠠᠨ ᠭᠠᠷ᠎ᠡᠴᠠ᠎ᠪᠠᠨ ᠰᠠᠯᠭᠠᠭᠰᠠᠨ ᠦᠭᠡᠢ ᠂ ᠰᠦᠨᠢ ᠤᠨᠳᠠᠪᠠᠴᠤ ᠡᠪᠤᠷ᠎ᠡᠴᠠ᠎ᠪᠠᠨ ᠬᠤᠯᠠᠳᠠᠭᠤᠯᠤᠭᠰᠠᠨ ᠦᠭᠡᠢ ᠶᠤᠮ ᠃ ᠳᠡᠷᠡ ᠡᠳᠤᠷ᠎ᠨᠢ ᠢᠮᠠᠭᠠᠨ ᠫᠠᠨᠽᠠᠴᠢᠨ ᠴᠤ ᠠᠷᠭ᠎ᠠ ᠪᠤᠰᠤ ᠨᠢᠯᠬ᠎ᠠ ᠢᠰᠢᠬᠡᠨ᠎ᠤ ᠡᠬᠡ ︵ ᠤᠭᠵᠢᠭᠤᠷ ᠢᠮᠠᠭ᠎ᠠ ︶᠎ᠶᠢ᠎ᠨᠢ ᠪᠤᠰᠤᠳ ᠢᠰᠢᠬᠡ᠎ᠨᠦᠭᠦᠳ᠎ᠲᠠᠢ ᠪᠠᠭᠤᠯᠭᠠᠨ ᠦᠭᠴᠤ ᠶᠠᠪᠤᠭᠰᠠᠨ ᠡ ᠃ ᠳᠡᠷᠨ ᠴᠠᠭ᠎ᠡᠴᠠ ᠴᠤ ᠢᠮᠠᠭ᠎ᠠ᠎ᠳ᠋ᠤ ᠶᠠᠯ᠎ᠠ ᠳᠤᠯᠭᠠᠳᠠᠭ ᠤᠬᠠᠭᠤᠯᠭ᠎ᠠ ᠬᠦᠮᠦᠵᠢᠯ᠎ᠤᠨ᠎ᠬᠢᠨ ᠴᠤ ᠮᠠᠨ᠎ᠤ᠎ᠬᠢᠨ᠎ᠳ᠋ᠤ ᠵᠢᠳᠬᠦᠯᠡᠵᠦ ᠢᠷᠡᠬᠦ᠎ᠪᠠᠨ ᠪᠤᠯᠢᠵᠤ ᠂ ᠬᠤᠨᠢᠨ ᠰᠦᠷᠦᠭ᠎ᠲᠤ ᠬᠤᠳᠬᠤᠯᠳᠤᠭᠰᠠᠨ ᠴᠦᠬᠡᠪᠤᠷᠢ ᠢᠮᠠᠭᠠᠳ᠎ᠢ ᠦᠵᠡᠭᠰᠡᠨ ᠦᠭᠡᠢ ᠶᠤᠮ ᠰᠢᠭ ᠦᠡᠭᠭᠡᠷᠡᠭᠦᠯᠦᠭᠰᠡᠭᠡᠷ ᠡᠳᠦᠢ ᠪᠤᠯᠪᠠ ᠃
ᠤᠭᠵᠢᠭᠤᠷ ᠢᠮᠠᠭ᠎ᠠ᠎ᠨᠢ ᠴᠤ ᠦᠷ᠎ᠠ ᠵᠤᠯᠵᠠᠭ᠎ᠠ᠎ᠶᠢ᠎ᠨᠢ ᠬᠠᠮᠠᠭᠠᠯᠠᠭᠰᠠᠨ ᠪᠢᠴᠢᠬᠠᠨ ᠡᠵᠡᠨ᠎ᠳ᠋ᠡᠭᠡᠨ ᠤᠯᠠᠮ ᠡᠬᠡᠯᠢᠳᠠᠢ ᠪᠤᠯᠵᠦ ᠂ ᠳᠡᠷᠳᠡᠭᠡ ᠬᠤᠯᠠ᠎ᠡᠴᠠ ᠳᠠᠭᠤ ᠴᠢᠮᠡᠭᠡ᠎ᠶᠢ᠎ᠨᠢ ᠳᠠᠨᠢᠵᠦ ᠂ ᠬᠠᠵᠠᠭᠤ᠎ᠳ᠋ᠤ᠎ᠨᠢ ᠬᠦᠷᠬᠦ᠎ᠳ᠋ᠤ ᠬᠦᠩᠭᠡᠭᠡᠨ ᠶᠦᠷᠬᠦᠬᠦ ᠦᠭᠡᠢ ᠪᠤᠯ ᠬᠦᠵᠦᠬᠦᠦ ᠠᠮᠠ᠎ᠶᠢ᠎ᠨᠢ ᠦᠨᠤᠷᠯᠠᠵᠦ ᠂ ᠬᠠᠶᠠ ᠬᠠᠪᠳᠠᠭᠠᠢ ᠵᠤ᠋᠎ᠳᠠᠭᠠᠨ ᠤᠨᠤᠭᠤᠯᠴᠢᠬᠠᠭᠠᠳ ᠬᠤᠷᠤᠭ᠎ᠠ ᠬᠠᠰᠢᠶ᠎ᠠ ᠂ ᠭᠡᠭᠡᠷ᠎ᠠ ᠳᠠᠯ᠎ᠠ᠎ᠪᠠᠷ ᠳᠠᠪᠬᠢᠭᠤᠯᠤᠨ᠎ᠠ ᠂ ᠬᠠᠷᠢᠨ ᠦᠭᠡᠷ᠎ᠠ ᠬᠦᠮᠦᠨ᠎ᠳ᠋ᠤ ᠪᠤᠯ ᠴᠠᠭᠠᠨ ᠨᠢᠳᠤᠯᠡᠵᠦ ᠴᠠᠭᠠᠨ᠎ᠠ ᠳᠠᠯᠳᠠ᠎ᠡᠴᠠ ᠮᠦᠷᠬᠦᠵᠦ ᠳᠠᠭᠠᠷᠢᠬᠤ ᠭᠡᠳ ᠰᠦᠷᠳᠡᠬᠦᠯᠤᠬᠡᠳ ᠪᠤᠯᠳᠠᠭ ᠦᠭᠡᠢ ᠃ ᠦᠬᠢᠨ ᠮᠢᠨᠢ ᠬᠦᠭᠡᠷᠤᠬᠦᠨ ᠢᠮᠠᠭᠠᠳ᠎ᠲᠠᠭᠠᠨ ᠨᠡᠩ ᠬᠠᠢᠷᠠᠳᠠᠢ ᠪᠤᠯᠵᠦ ᠂ ᠭᠠᠷᠠᠭ ᠪᠤᠯᠭᠠᠨ ᠡᠪᠤᠬᠡ ᠡᠮᠡᠬᠡ᠎ᠲᠠᠢ᠎ᠪᠠᠨ ᠵᠠᠪᠠᠯ ᠵᠢᠷᠬᠢᠶ᠎ᠠ᠎ᠪᠠᠷ ᠵᠤᠯᠭᠠᠵᠦ ᠂ ᠢᠮᠠᠭᠠᠳ᠎ᠢᠶᠡᠨ ᠦᠵᠡᠪᠡᠯ ᠰᠠᠨᠠᠭ᠎ᠠ᠎ᠨᠢ ᠰᠠᠶᠢ ᠠᠮᠠᠷᠠᠵᠦ ᠂ ᠠᠮᠠᠷᠠᠯᠳᠠ ᠪᠤᠯᠭᠠᠨ ᠢᠮᠠᠭᠠᠳ᠎ᠢᠶᠡᠨ ᠡᠷᠬᠢᠬᠦ᠎ᠪᠠᠷ ᠬᠦᠷᠳᠡᠭ ᠪᠤᠯᠪᠠ ᠃ ᠦᠡᠭᠭᠡᠷᠡᠭᠴᠢ ᠬᠠᠪᠤᠷ ᠠᠪᠤᠷᠠᠵᠦ ᠳᠤᠳᠠᠭᠠᠭᠰᠠᠨ ᠳᠡᠷᠡᠬᠦ ᠢᠰᠢᠭᠡ᠎ᠡᠴᠠ᠎ᠨᠢ ᠰᠤᠳᠤᠨ ᠵᠢᠰᠦᠮ᠎ᠤᠨ ᠪᠤᠷᠤ ᠰᠢᠷᠭ᠎ᠠ ᠢᠰᠢᠭᠡ ᠭᠠᠷᠤᠭᠰᠠᠨ᠎ᠳ᠋ᠤ ᠮᠠᠨ ᠬᠦᠮᠦᠨ ᠴᠤ ︽ ᠺᠤᠹᠸ ᠢᠰᠢᠬᠡ ︾ ᠭᠡᠵᠦ ᠨᠡᠷ᠎ᠠ ᠬᠠᠢᠷᠠᠯᠠᠭᠠᠳ ᠂ ᠳᠠᠪᠤᠨ ᠰᠠᠷ᠎ᠠ᠎ᠶᠢᠨ ᠠᠮᠠᠷᠠᠯᠳᠠ᠎ᠳ᠋ᠤ ᠬᠠᠷᠢᠬᠤ᠎ᠳᠠᠭᠠᠨ ᠠᠯᠢ ᠰᠠᠨᠠᠭᠰᠠᠨ ᠠᠮᠳᠠᠳᠠᠨ᠎ᠢᠶᠠᠷ᠎ᠢᠶᠡᠨ ᠦᠨᠦᠬᠢ ᠢᠰᠢᠭᠡ᠎ᠪᠠᠨ ︽ ᠲᠠᠢᠯᠠᠭᠰᠠᠭᠠᠷ ︾ ᠯᠡ ᠪᠠᠢᠪᠠ ᠃ ᠬᠦᠬᠡᠬᠤᠳᠠ ᠵᠦᠭ ᠪᠤᠴᠠᠬᠤ ᠡᠳᠦᠷ ᠦᠬᠢᠨ ᠮᠢᠨᠢ ᠬᠠᠷ᠎ᠠ ᠦᠷᠯᠦᠭᠡᠬᠦᠷ᠎ᠢᠶᠠᠷ ᠪᠤᠰᠤᠭᠠᠳ ᠮᠠᠯ᠎ᠤᠨ ᠬᠤᠷᠤᠭᠠᠨ᠎ᠳᠠᠭᠠᠨ ᠤᠷᠤᠵᠦ ᠂ ︽ ᠺᠤᠹᠸ ᠢᠰᠢᠭᠡ ︾ ᠂ ᠤᠭᠵᠢᠭᠤᠷ ᠢᠮᠠᠭ᠎ᠠ ᠂ ᠰᠦᠷᠦᠭ ᠢᠮᠠᠭᠠᠳ᠎ᠢᠶᠡᠨ ᠨᠢᠭᠡ ᠨᠢᠭᠡ᠎ᠪᠠᠷ ᠪᠦᠷᠢᠳᠭᠡᠵᠦ ᠲᠠᠯᠪᠢᠭᠠᠳ ᠨᠡᠷᠡᠨ ᠮᠠᠨᠳᠤᠬᠤ᠎ᠪᠠᠷ ᠨᠢᠯᠪᠤᠰᠤ ᠴᠢᠬᠢᠭᠯᠡᠬᠦᠯᠵᠦ ᠭᠠᠷᠴᠤ ᠢᠷᠡᠭᠰᠡᠨ ᠳ᠋ᠠ ︕
ᠵᠦᠬᠡᠯᠡᠨ ᠰᠠᠯᠬᠢ ᠰᠠᠪᠠᠯᠵᠡᠨ ᠂ ᠳᠠᠭᠠᠨ᠎ᠠ᠎ᠶᠢᠨ ᠦᠨᠤᠷ ᠰᠡᠩᠬᠢᠨᠠᠵᠦ ᠂ ᠠᠯᠳᠠᠭᠠᠨ᠎ᠠ ᠪᠤᠳᠠ ᠬᠤᠸᠠᠷᠯᠠᠨ ᠂ ᠠᠭᠤᠯᠠ ᠳᠤᠯᠤᠭᠠᠳ ᠬᠦᠭᠡᠷᠡᠨ ᠤᠰᠤ ᠮᠦᠷᠡᠨ ᠮᠢᠷᠠᠯᠵᠠᠭᠠᠳ ᠪᠠᠰᠠ ᠨᠢᠭᠡᠨ ᠳᠡᠯᠭᠡᠷ ᠵᠤᠨ ᠨᠤᠳᠤᠭ᠎ᠲᠤ ᠮᠠᠨᠢ ᠰᠠᠭᠠᠳᠠᠵᠠᠢ ᠃ ᠬᠢᠵᠢᠭ ᠳᠠᠬᠤᠯ᠎ᠡᠴᠠ ᠪᠤᠯᠵᠦ ᠦᠬᠢᠨ᠎ᠤ ᠮᠢᠨᠢ ᠰᠤᠷᠭᠠᠭᠤᠯᠢ ᠤᠷᠤᠢᠬᠠᠨ ᠴᠤᠭᠯᠠᠵᠦ ᠂ ᠴᠢᠯᠦᠭᠡ ᠳᠠᠯᠪᠢᠬᠤ ᠴᠠᠭ᠎ᠨᠢ ᠴᠤ ᠲᠦᠬᠦᠵᠦ ᠢᠷᠡᠵᠡᠢ ᠃
ᠭᠠᠳᠠᠨ᠎ᠠ ᠳᠠᠭᠤ ᠱᠤᠤᠬᠢᠶᠠᠨ ᠤᠯᠠᠮ᠎ᠢᠶᠠᠷ ᠴᠢᠩᠭᠠᠷᠠᠵᠦ ᠂ ᠵᠡᠭᠡᠯᠢ᠎ᠶᠢᠨ ᠳᠤᠨᠤᠯᠵᠢᠨ ᠳᠡᠭᠡᠷ᠎ᠠ ᠳᠡᠷᠭᠡ ᠤᠨᠤᠭ᠎ᠠ ᠬᠦᠭᠯᠡᠷᠡᠭᠡᠳ ᠠᠮᠢᠰᠬᠤᠯ ᠪᠦᠳᠡᠩᠰᠡᠮᠡᠷ ᠃ ᠪᠠᠰᠠ ᠨᠢᠭᠡᠨ ᠬᠦᠭᠵᠢᠯᠳᠡᠢ ᠡᠳᠤᠷ ᠬᠦᠬᠡᠬᠤᠳᠠ᠎ᠶᠢ ᠭᠡᠢᠬᠦᠯᠵᠦ ᠡᠬᠢᠯᠡᠯ᠎ᠠ ᠃
︽ ᠤᠭᠵᠢᠭᠤᠷ ᠮᠢᠨᠢ ᠨᠠᠮᠠᠢ ᠮᠠᠷᠳᠠᠴᠢᠬᠠᠭᠰᠠᠨ ᠦᠭᠡᠢ ᠪᠢᠵᠠ ︖ ︿ ᠺᠤᠹᠸ ᠢᠰᠢᠭᠡ ﹀᠎ᠳ᠋ᠤ ᠡᠪᠡᠷ ᠤᠷᠭᠤᠴᠢᠬᠠᠭᠰᠠᠨ ᠪᠢᠯᠢᠤ ︖ ᠡᠨᠡ ᠠᠯᠢᠶ᠎ᠠ ᠳᠤᠢᠳᠬᠡᠷ᠎ᠤᠳ ᠡᠪᠤᠬᠡ ᠡᠮᠡᠬᠡ᠎ᠶᠢ ᠮᠢᠨᠢ ᠳᠠᠩᠳᠠ ᠳᠡᠩᠰᠡᠯᠭᠡᠭᠡᠳ ︾ ᠁
ᠢᠷᠡᠬᠦ ᠠᠮᠠᠷᠠᠯᠳᠠ᠎ᠪᠠᠷ ᠡᠪᠤᠬᠡ ᠡᠮᠡᠬᠡ᠎ᠶᠢᠨ᠎ᠳ᠋ᠡᠭᠡᠨ ᠨᠢᠰᠤᠬᠡᠳ ᠬᠦᠷᠴᠢᠬᠡᠮᠡᠷ ᠰᠠᠨᠠᠭᠰᠠᠨ ᠦᠬᠢᠨ ᠮᠢᠨᠢ ᠵᠡᠬᠦᠳᠤᠨ ᠶᠢᠷᠳᠢᠨᠴᠤ᠎ᠳ᠋ᠡᠭᠡᠨ ᠳᠠᠪᠠᠳᠠᠢ ᠵᠤᠭᠠᠯᠠᠵᠦ ᠂ ᠮᠠᠰᠢᠨ ᠳᠡᠷᠭᠡᠨ᠎ᠤ ᠬᠦᠷᠴᠢᠬᠢᠨᠡᠬᠦ ᠳᠠᠭᠤᠨ᠎ᠳ᠋ᠤ ᠰᠤᠴᠢᠨ ᠰᠡᠷᠢᠭᠰᠡᠨ ᠪᠠᠢᠯ᠎ᠠ ᠁
ᠲᠦᠰᠦᠪᠯᠡᠭᠴᠢ ᠄ ᠤᠶᠤᠨᠪᠠᠳᠤ ᠵ᠊ • ᠬᠠᠰᠪᠠᠭᠠᠳᠤᠷ
ᠨᠠᠢᠷᠠᠭᠤᠯᠤᠬᠴᠢ ᠄ ᠦᠨᠡᠨᠵᠢᠷᠭᠠᠯ
ᠦᠢᠯᠡᠳᠦᠭᠴᠢ ᠄ ᠢᠳᠡᠷᠡᠭᠦᠨ
ᠬᠢᠨᠠᠬᠴᠢ ᠄ ᠤᠶᠤᠨᠪᠠᠳᠤ ᠵ᠊ • ᠬᠠᠰᠪᠠᠭᠠᠳᠤᠷ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面