ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2020-05-19 10:30:12

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠵᠦᠢ ᠪᠣᠰᠣ ᠪᠠᠶᠢᠲᠠᠯ᠎ᠠ ᠵᠦᠢ᠎ᠳ᠋ᠤ ᠨᠡᠶᠢᠴᠡᠬᠦ ᠰᠡᠳᠭᠢᠬᠦᠢ᠎ᠶᠢᠨ ᠬᠡᠯᠪᠡᠷᠢ ᠪᠣᠯ ᠪ᠊ · ᠪᠤᠶᠠᠨᠬᠡᠰᠢᠭ᠎ᠤᠨ ᠰᠢᠯᠦᠭ᠎ᠤᠨ ᠣᠨᠢᠰᠤ᠎ᠨᠢ ᠶᠤᠮ ᠃ ᠲᠡᠭᠦᠨ᠎ᠤ ᠵᠦᠢ ᠪᠣᠰᠣ ᠪᠠᠶᠢᠲᠠᠯ᠎ᠠ ᠵᠦᠢ᠎ᠳ᠋ᠤ ᠨᠡᠶᠢᠴᠡᠬᠦ ᠰᠡᠳᠭᠢᠬᠦᠢ᠎ᠶᠢᠨ ᠬᠡᠯᠪᠡᠷᠢ᠎ᠶᠢ ᠲᠠᠨᠢᠵᠤ ᠣᠯᠪᠠᠯ ᠣᠯᠠᠩᠬᠢ ᠰᠢᠯᠦᠭ᠎ᠤᠨ ᠬᠢᠨᠢ ᠣᠨᠢᠰᠤ ᠠᠶᠠᠨᠳᠠᠭᠠᠨ ᠨᠡᠬᠡᠭᠡᠭᠳᠡᠳᠡᠭ ᠃ ᠲᠡᠶᠢᠮᠦ ᠪᠣᠯᠬᠤᠷ ᠪ᠊ · ᠪᠤᠶᠠᠨᠬᠡᠰᠢᠭ᠎ᠤᠨ ᠰᠡᠳᠬᠢᠬᠦᠢ᠎ᠶᠢᠨ ᠬᠡᠯᠪᠡᠷᠢ᠎ᠶᠢ ᠲᠠᠨᠢᠵᠤ ᠮᠡᠳᠡᠬᠦ ᠶᠠᠪᠤᠳᠠᠯ ᠪᠣᠯ ᠲᠡᠭᠦᠨ᠎ᠤ ᠶᠡᠬᠡᠩᠬᠢ ᠰᠢᠯᠦᠭ᠎ᠢ ᠨᠡᠬᠡᠭᠡᠵᠦ ᠣᠩᠰᠢᠬᠤ ᠳᠦᠯᠬᠢᠭᠦᠷ ᠪᠢᠯᠡ ᠃ ᠰᠡᠳᠭᠢᠬᠦᠢ ᠪᠣᠯ ᠬᠥᠮᠦᠨ ᠲᠥᠷᠥᠯᠬᠢᠲᠡᠨ᠎ᠤ ᠲᠠᠨᠢᠯᠲᠠ᠎ᠶᠢᠨ ᠶᠠᠪᠤᠴᠠ᠎ᠶᠢᠨ ᠬᠠᠮᠤᠭ᠎ᠤᠨ ᠳᠡᠭᠡᠳᠦ ᠱᠠᠲᠤ ᠂ ᠮᠦᠨ ᠴᠤ ᠲᠠᠨᠢᠯᠲᠠ᠎ᠶᠢᠨ ᠬᠥᠳᠡᠯᠭᠡᠭᠡᠨ᠎ᠤ ᠬᠠᠮᠤᠭ᠎ᠤᠨ ᠳᠡᠭᠡᠳᠦ ᠬᠡᠯᠪᠡᠷᠢ ᠶᠤᠮ ᠃ ᠲᠡᠷᠡ᠎ᠨᠢ ᠰᠡᠷᠡᠯ᠎ᠤᠨ ᠡᠷᠬᠡᠲᠡᠨ᠎ᠢᠶᠠᠷ ᠰᠢᠭᠤᠳ ᠰᠡᠷᠡᠵᠦ ᠮᠡᠳᠡᠳᠡᠭ ᠬᠡᠷᠡᠭ ᠪᠤᠳᠠᠰ᠎ᠢ ᠲᠠᠨᠢᠵᠤ ᠴᠢᠳᠠᠳᠠᠭ᠎ᠢᠶᠠᠷ ᠪᠠᠷᠠᠬᠤ ᠦᠭᠡᠢ ᠪᠠᠰᠠ ᠰᠡᠷᠡᠯ᠎ᠤᠨ ᠡᠷᠬᠡᠲᠡᠨ᠎ᠳ᠋ᠤ ᠰᠢᠭᠤᠳ ᠮᠡᠳᠡᠷᠡᠭᠳᠡᠳᠡᠭ ᠦᠭᠡᠢ ᠬᠡᠷᠡᠭ ᠪᠤᠳᠠᠰ᠎ᠤᠨ ᠬᠠᠷᠢᠴᠠᠭ᠎ᠠ ᠬᠤᠯᠪᠤᠭ᠎ᠠ᠎ᠶᠢ ᠴᠤ ᠲᠠᠨᠢᠵᠤ ᠣᠶᠢᠯᠠᠭᠠᠳᠠᠭ ᠴᠢᠳᠠᠪᠥᠷᠢ ᠪᠣᠯᠬᠤ ᠠᠵᠢ ᠃ ᠲᠡᠶᠢᠨ ᠬᠦ ᠰᠡᠳᠭᠢᠬᠦᠢ᠎ᠶᠢᠨ ᠴᠢᠳᠠᠪᠤᠷᠢ ᠪᠣᠯ ᠬᠥᠮᠦᠨ᠎ᠤ ᠣᠢ ᠤᠬᠠᠭᠠᠨ᠎ᠤ ᠴᠥᠮ᠎ᠡ᠎ᠨᠢ ᠪᠠᠶᠢᠵᠤ ᠂ ᠬᠦᠴᠦᠷᠬᠡᠭ ᠶᠡᠭᠡ ᠰᠡᠳᠭᠢᠬᠦᠢ᠎ᠶᠢᠨ ᠴᠢᠳᠠᠪᠤᠷᠢ᠎ᠲᠠᠢ ᠬᠥᠮᠦᠨ᠎ᠤ ᠣᠢ ᠪᠢᠯᠢᠭ ᠣᠯᠠᠨ᠎ᠡᠴᠠ ᠣᠷᠣᠶᠢᠯᠠᠳᠠᠭ ᠤᠴᠢᠷ᠎ᠲᠠᠢ ᠃ ᠰᠠᠶᠢᠨ ᠰᠢᠯᠦᠭ᠎ᠢ ᠭᠦᠢᠴᠡᠳ ᠵᠠᠳᠠᠯᠤᠨ ᠲᠤᠯᠲᠠᠯ᠎ᠠ ᠲᠠᠶᠢᠯᠪᠥᠷᠢᠯᠠᠵᠤ ᠳᠡᠶᠢᠯᠳᠡᠭ ᠦᠭᠡᠢ ᠪᠣᠯᠪᠠᠴᠤ ᠰᠠᠢᠬᠢ ᠣᠶᠢᠯᠠᠭᠠᠯᠲᠠ᠎ᠲᠠᠢ᠎ᠪᠠᠨ ᠤᠶᠠᠯᠳᠤᠭᠤᠯᠤᠨ ᠪ᠊ · ᠪᠤᠶᠠᠨᠬᠡᠰᠢᠭ᠎ᠤᠨ ᠤᠷᠠᠨ ᠭᠤᠴᠣ ᠰᠢᠯᠦᠭ᠎ᠡᠴᠠ ᠬᠡᠳᠦ᠎ᠶᠢ ᠰᠣᠨᠢᠷᠬᠠᠶ᠎ᠠ ᠄
ᠱᠠᠭᠠᠵᠠᠩ ᠭᠠᠩᠭᠠᠷ ᠪᠣᠯᠬᠤᠷ
ᠱᠠᠭᠠᠵᠠᠩ ᠭᠠᠩᠭᠠᠷ ᠪᠣᠯᠬᠤᠷ
ᠬᠠᠭᠠᠷᠠᠳᠠᠭ ᠦᠭᠡᠢ ᠪᠠᠶᠢᠵᠠᠢ ᠭᠡᠵᠦ
ᠠᠶᠠᠭ᠎ᠠ ᠤᠬᠢᠶᠠᠬᠤ᠎ᠳᠠᠭᠠᠨ ᠪᠣᠳᠣᠯ᠎ᠠ

ᠴᠢᠯᠠᠭᠤ ᠳᠤᠭᠤᠢ ᠪᠣᠯᠬᠤᠷ
ᠬᠠᠲᠠᠭᠤ ᠪᠠᠶᠢᠵᠠᠢ ᠭᠡᠵᠦ
ᠬᠢᠯᠢᠩ ᠲᠥᠷᠥᠬᠦ᠎ᠳ᠋ᠡᠭᠡᠨ ᠰᠡᠳᠭᠢᠯ᠎ᠡ

ᠨᠡᠭᠦᠷᠡᠰᠦ ᠤᠳᠠᠭᠠᠨ ᠵᠢᠯ ᠳᠠᠷᠤᠭᠳᠠᠭᠰᠠᠨ ᠪᠣᠯᠬᠤᠷ
ᠨᠣᠴᠤᠳᠠᠭ ᠪᠠᠶᠢᠵᠠᠢ ᠭᠡᠵᠦ
ᠬᠠᠷᠠᠩᠭᠤᠢ᠎ᠳ᠋ᠤ ᠳᠠᠭᠠᠷᠠᠬᠤ᠎ᠳᠠᠭᠠᠨ ᠮᠡᠳᠡᠷᠡᠯ᠎ᠡ

ᠭᠠᠶᠢᠬᠠᠯᠲᠠᠢ ᠡᠨᠡ ᠰᠢᠯᠦᠭ᠎ᠢ ᠠᠪᠤᠨ ᠣᠩᠰᠢᠬᠤ᠎ᠳ᠋ᠤ ᠂ ᠶᠠᠭᠤᠨ᠎ᠤ ᠡᠮᠦᠨ᠎ᠡ ︽ ᠵᠦᠢ ᠪᠣᠰᠣ ᠵᠦᠢᠯ᠎ᠤᠳ ︾ ᠲᠠᠭᠠᠷᠠᠯᠳᠤᠳᠠᠭ ᠃ ᠡᠩ᠎ᠤᠨ ᠵᠦᠢ᠎ᠪᠠᠷ ᠪᠣᠯ ᠱᠠᠭᠠᠵᠠᠩ ᠬᠠᠭᠠᠷᠠᠳᠠᠭ ᠦᠭᠡᠢ᠎ᠨᠢ ᠭᠠᠩᠭᠠᠷ᠎ᠲᠠᠭᠠᠨ ᠪᠢᠰᠢ ᠂ ᠬᠠᠷᠢᠨ ᠪᠥᠬᠡ᠎ᠳ᠋ᠡᠭᠡᠨ ᠶᠤᠮ ‍ᠤᠤ ᠡᠰᠡᠭᠦᠯ᠎ᠡ ᠬᠡᠷᠰᠡᠦ ᠬᠢᠮᠠᠭᠠᠲᠠᠢ ᠡᠳ᠋ᠯᠡᠵᠦ ᠬᠡᠷᠡᠭᠯᠡᠭᠰᠡᠨ᠎ᠳ᠋ᠡᠭᠡᠨ ᠪᠠᠶᠢᠳᠠᠭ ᠃ ᠭᠡᠲᠡᠯ᠎ᠡ ᠪ᠊ · ᠪᠤᠶᠠᠨᠬᠡᠰᠢᠭ᠎ᠤᠨ ᠡᠨᠡ ᠰᠢᠯᠦᠭ᠎ᠲᠤ ᠬᠠᠷᠢᠨ ᠱᠠᠭᠠᠵᠠᠩ ᠬᠡᠷᠪᠡ ᠬᠠᠭᠠᠷᠠᠬᠤ ᠦᠭᠡᠢ ᠪᠠᠶᠢᠶ᠎ᠠ ᠭᠡᠪᠡᠯ ᠂ ᠭᠠᠩᠭᠠᠷ ᠪᠠᠶᠢᠬᠤ ᠬᠡᠷᠡᠭᠲᠡᠢ ᠶᠤᠮ ᠪᠠᠶᠢᠨ᠎ᠠ ᠂ ᠭᠠᠩᠭᠠᠷ ᠪᠠᠶᠢᠶ᠎ᠠ ᠭᠡᠪᠡᠯ ᠂ ᠤᠬᠢᠶᠠᠵᠤ ᠪᠠᠶᠢᠬᠤ ᠬᠡᠷᠡᠭᠲᠡᠢ ᠶᠤᠮ ᠪᠠᠶᠢᠨ᠎ᠠ ᠂ ᠲᠡᠭᠡᠬᠦᠯᠡᠷ ᠠᠶᠠᠭ᠎ᠠ᠎ᠶᠢ ᠤᠬᠢᠶᠠᠵᠤ ᠪᠠᠶᠢᠳᠠᠭ᠎ᠨᠢ ᠲᠡᠭᠦᠨ᠎ᠤ ᠪᠣᠬᠢᠷ ᠪᠣᠷᠳᠤᠭ᠎ᠢ ᠠᠷᠢᠯᠭᠠᠬᠤ᠎ᠶᠢᠨ ᠲᠥᠯᠦᠭᠡ ᠪᠣᠰᠣ ᠬᠠᠷᠢᠨ ᠬᠠᠭᠠᠷᠠᠭᠤᠯᠬᠤ ᠦᠭᠡᠢ᠎ᠶᠢᠨ ᠲᠤᠯᠠ ᠭᠠᠩᠭᠠᠷ ᠪᠣᠯᠭᠠᠵᠤ ᠪᠠᠶᠢᠬᠤ ᠶᠤᠮ ᠪᠠᠶᠢᠨ᠎ᠠ ᠃ ᠮᠡᠳᠡᠭᠡᠵᠢ᠎ᠪᠠᠷ ᠡᠨᠡ ᠪᠣᠯ ︽ ᠵᠦᠢ ᠪᠣᠰᠣ ︾ ᠰᠡᠳᠬᠢᠬᠦᠢ ᠶᠤᠮ ᠃ ᠲᠡᠭᠡᠪᠡᠯ ᠡᠨᠡ ᠬᠦ ︽ ᠵᠦᠢ ᠪᠣᠰᠣ ︾ ᠰᠡᠳᠬᠢᠬᠦᠢ᠎ᠨᠢ ᠶᠠᠭᠠᠬᠢᠭᠠᠳ ᠪᠠᠰᠠ ᠵᠦᠢᠲᠡᠢ ᠪᠣᠯᠴᠢᠬᠠᠭᠰᠠᠨ ᠶᠤᠮ ᠪᠤᠢ ︖ ᠭᠡᠪᠡᠯ ᠂ ᠰᠢᠯᠦᠭᠴᠢ᠎ᠪᠠᠷ ᠵᠦᠪ ᠵᠦᠭᠡᠷ ᠪᠠᠶᠢᠵᠤ ᠪᠠᠶᠢᠭᠠᠳ ︽ ᠱᠠᠭᠠᠵᠠᠩ ᠭᠠᠩᠭᠠᠷ ᠪᠣᠯᠬᠤᠷ / ᠬᠠᠭᠠᠷᠠᠳᠠᠭ ᠦᠭᠡᠢ ᠪᠠᠶᠢᠵᠠᠢ ᠭᠡᠵᠦ ︾ ᠭᠡᠳ ᠪᠢᠴᠢᠴᠢᠬᠡᠭᠰᠡᠨ ᠪᠢᠰᠢ ᠬᠠᠷᠢᠨ ᠠᠶᠠᠭ᠎ᠠ ᠤᠬᠢᠶᠠᠬᠤ᠎ᠳᠠᠭᠠᠨ ᠤᠬᠢᠶᠠᠬᠤ ᠭᠡᠳᠡᠭ ᠥᠨᠴᠥᠭ ᠬᠠᠷᠠᠭᠠᠰᠤ᠎ᠡᠴᠠ ᠤᠬᠢᠶᠠᠬᠤ᠎ᠶᠢᠨ ᠵᠣᠷᠢᠯᠭ᠎ᠠ᠎ᠶᠢ ᠢᠷᠠᠭᠤ ᠭᠤᠶᠢᠲᠠ ᠰᠡᠳᠭᠢᠵᠦ ᠂ ᠬᠥᠮᠦᠨ ᠂ ᠶᠠᠭᠤᠮ᠎ᠠ ᠂ ᠬᠡᠷᠡᠭ ᠂ ᠪᠤᠳᠠᠰ ᠬᠡᠨ ᠠᠯᠢᠨ ᠴᠤ ᠭᠡᠰᠡᠨ ᠦᠭᠡᠢ ᠬᠠᠭᠠᠷᠠᠵᠤ ᠰᠦᠢᠳᠬᠦ ᠦᠭᠡᠢ ᠪᠠᠶᠢᠶ᠎ᠠ ᠭᠡᠪᠡᠯ ᠭᠠᠩᠭᠠᠷ ᠪᠠᠶᠢᠬᠤ ᠬᠡᠷᠡᠭᠲᠡᠢ ᠶᠤᠮ ᠪᠠᠶᠢᠨ᠎ᠠ ᠂ ᠭᠠᠩᠭᠠᠷ ᠪᠠᠶᠢᠶ᠎ᠠ ᠭᠡᠪᠡᠯ ᠥᠪᠡᠷ᠎ᠤᠨ ᠪᠡᠶ᠎ᠡ᠎ᠪᠠᠨ ᠥᠭᠡᠳᠡ ᠳᠠᠲᠠᠬᠤ ᠬᠡᠷᠡᠭᠲᠡᠢ ᠶᠤᠮ ᠪᠠᠶᠢᠨ᠎ᠠ ᠭᠡᠳᠡᠭ ᠭᠦᠨᠵᠡᠭᠡᠢ ᠰᠠᠨᠠᠭ᠎ᠠ᠎ᠶᠢ ︽ ᠵᠦᠢ ᠪᠣᠰᠣ ︾᠎ᠳ᠋ᠤ ᠠᠭᠤᠯᠤᠭᠰᠠᠨ ᠪᠣᠯᠬᠤᠷ ᠵᠦᠢ᠎ᠳ᠋ᠤ ᠨᠡᠶᠢᠴᠡᠭᠰᠡᠨ ᠪᠠᠶᠢᠳᠠᠭ ᠃ ᠡᠨᠡ ᠪᠣᠯ ᠰᠢᠯᠦᠭ ᠂ ᠵᠦᠢ᠎ᠳ᠋ᠤ ᠡᠰᠡ ᠨᠡᠶᠢᠴᠡᠭᠦ ᠠᠭᠠᠳ ᠵᠦᠢᠲᠡᠢ ᠪᠠᠶᠢᠳᠠᠭ ᠰᠡᠳᠬᠢᠬᠦᠢ᠎ᠶᠢᠨ ᠤᠷᠠᠨ ᠬᠡᠯᠪᠡᠷᠢ ᠃ ᠰᠢᠯᠦᠭᠴᠢ᠎ᠪᠠᠷ ᠠᠶᠠᠭ᠎ᠠ ᠤᠬᠢᠶᠠᠵᠤ ᠪᠠᠶᠢᠬᠤ᠎ᠳᠠᠭᠠᠨ ᠠᠶᠠᠭ᠎ᠠ᠎ᠶᠢ ᠴᠣᠬᠤᠮ ᠶᠠᠭᠤ ᠭᠡᠵᠦ ᠤᠬᠢᠶᠠᠭᠠᠳ ᠪᠠᠶᠢᠳᠠᠭ ᠪᠤᠢ ︖ ᠭᠡᠵᠦ ᠪᠣᠳᠣᠭᠰᠠᠨ ᠮᠠᠭᠠᠳ ᠦᠭᠡᠢ ᠂ ᠲᠡᠭᠦᠨ᠎ᠤ ᠬᠢᠨᠢ ᠬᠠᠷᠢᠭᠤᠯᠲᠠ ᠪᠣᠯ ᠡᠨᠡ ᠰᠢᠯᠦᠭ ᠶᠤᠮ ᠃
ᠬᠤᠶᠠᠳᠤᠭᠠᠷ ᠪᠠᠳᠠᠭ ᠴᠤ ᠭᠤᠴᠣ ᠮᠥᠷᠲᠡᠭᠡᠨ ᠤᠳᠬ᠎ᠠ ᠭᠦᠨ ᠃ ᠲᠤᠰ ᠪᠠᠳᠠᠭ᠎ᠲᠤ ᠂ ᠬᠢᠯᠢᠩ ᠲᠥᠷᠥᠬᠦ ᠦᠶ᠎ᠡ᠎ᠳ᠋ᠤ ᠪᠠᠷᠬᠢᠷᠠᠵᠤ ᠴᠠᠷᠬᠢᠷᠠᠵᠤ ᠂ ᠢᠰᠭᠦᠯᠵᠦ ᠲᠠᠶᠢᠷᠤᠨ ᠂ ᠬᠡᠷᠡᠭᠦᠯ ᠬᠢᠵᠦ ᠬᠡᠮᠬᠡᠴᠢᠵᠦ ᠪᠠᠯᠪᠠᠴᠠᠭᠠᠳ ᠨᠢᠭᠤᠷ᠎ᠢᠶᠡᠨ ᠪᠠᠷᠠᠵᠤ ᠨᠢᠳᠡᠷ᠎ᠢᠶᠡᠨ ᠭᠡᠭᠡᠬᠦ᠎ᠡᠴᠠ ᠬᠢᠴᠢᠶᠡᠶ᠎ᠡ ᠭᠡᠪᠡᠯ ᠂ ᠬᠢᠯᠢᠩᠨᠡᠭᠦᠯᠵᠦ ᠪᠠᠶᠢᠳᠠᠭ ᠰᠢᠯᠲᠠᠭᠠᠨ ᠨᠥᠬᠦᠴᠡᠯ᠎ᠳ᠋ᠤ ᠮᠥᠴᠡᠭᠡ᠎ᠪᠠᠨ ᠥᠭᠬᠦ ᠦᠭᠡᠢ ᠮᠥᠷᠲᠡᠭᠡᠨ ᠲᠡᠭᠦᠨ᠎ᠡᠴᠠ ᠨᠡᠩ ᠭᠡᠴᠡᠭᠦᠦ ᠪᠠᠶᠢᠶ᠎ᠠ ᠭᠡᠪᠡᠯ ᠂ ᠲᠤᠭᠤᠢ ᠪᠠᠶᠢᠬᠤ ᠬᠡᠷᠡᠭᠲᠡᠢ ᠶᠤᠮ ᠪᠠᠶᠢᠨ᠎ᠠ ᠂ ᠳᠠᠷᠤᠢ ᠬᠥᠮᠦᠨ ᠲᠤᠭᠤᠢ᠎ᠳᠠᠭᠠᠨ ᠭᠡᠴᠡᠭᠦᠦ ᠪᠠᠶᠢᠳᠠᠭ ᠭᠡᠰᠡᠨ ᠰᠠᠨᠠᠭ᠎ᠠ᠎ᠶᠢ ᠢᠯᠡᠳᠭᠡᠵᠡᠢ ᠃ ᠪ᠊ · ᠪᠤᠶᠠᠨᠬᠡᠰᠢᠭ᠎ᠢᠶᠠᠷ ᠡᠶᠢᠮᠦ ᠰᠠᠨᠠᠭ᠎ᠠ᠎ᠶᠢ ᠢᠯᠡᠳᠭᠡᠬᠦ᠎ᠳ᠋ᠡᠭᠡᠨ ᠬᠡᠷᠡᠭ ᠪᠤᠳᠠᠰ᠎ᠤᠨ ᠵᠢᠮ᠎ᠡ ᠵᠦᠢ᠎ᠳ᠋ᠤ ᠡᠰᠡ ᠨᠡᠶᠢᠴᠡᠬᠦ ᠬᠡᠯᠪᠡᠷᠢ᠎ᠪᠠᠷ ᠰᠡᠳᠬᠢᠭᠡᠳ ᠂ ᠬᠡᠯᠡᠬᠦ ᠭᠡᠰᠡᠨ ᠰᠠᠨᠠᠭ᠎ᠠ᠎ᠪᠠᠨ ᠡᠴᠦᠰ᠎ᠲᠡᠭᠡᠨ ᠵᠦᠢᠲᠠᠢ ᠪᠣᠯᠭᠠᠭᠰᠠᠨ᠎ᠨᠢ ᠭᠠᠶᠢᠬᠠᠯᠲᠠᠢ ᠃ ᠲᠤᠰ ᠬᠡᠰᠡᠭ᠎ᠤᠨ ᠰᠡᠳᠬᠢᠮᠵᠢ᠎ᠡᠴᠠ ᠠᠪᠴᠤ ᠦᠵᠡᠪᠡᠯ ᠂ ᠴᠢᠯᠠᠭᠤ ᠭᠡᠳᠡᠭ ᠪᠤᠳᠠᠰ ᠮᠠᠰᠢ ᠬᠠᠲᠠᠭᠤ ᠪᠠᠶᠢᠳᠠᠭ᠎ᠨᠢ ᠴᠤᠯ ᠪᠢᠲᠡᠭᠦᠦ ᠂ ᠬᠠᠳᠠᠨ ᠴᠢᠩᠭ᠎ᠠ᠎ᠳᠠᠭᠠᠨ ᠪᠢᠰᠢ ᠬᠠᠷᠢᠨ ᠳᠤᠭᠤᠢ ᠳᠤᠮᠪᠤᠢ᠎ᠡᠴᠠ᠎ᠪᠠᠨ ᠪᠣᠯᠤᠭᠰᠠᠨ ᠶᠤᠮ ᠪᠠᠶᠢᠨ᠎ᠠ ᠃ ᠦᠨᠡᠨ᠎ᠳ᠋ᠡᠭᠡᠨ ᠴᠢᠯᠠᠭᠤ᠎ᠶᠢᠨ ᠬᠠᠲᠠᠭᠤ ᠪᠠᠶᠢᠳᠠᠭ᠎ᠨᠢ ᠳᠤᠭᠤᠢ ᠳᠤᠮᠪᠤᠢ᠎ᠳᠠᠭᠠᠨ ᠪᠢᠰᠢ ᠶᠤᠮ ᠃ ᠬᠠᠲᠠᠭᠤ ᠪᠣᠯᠣᠨ ᠳᠤᠭᠤᠢ ᠪᠣᠯ ᠴᠢᠯᠠᠭᠤ᠎ᠶᠢᠨ ᠮᠦᠨ ᠴᠢᠨᠠᠷ᠎ᠤᠨ ᠬᠤᠶᠠᠷ ᠬᠡᠯᠪᠡᠷᠢ ᠪᠢᠯᠡ ᠃ ᠲᠡᠭᠡᠪᠡᠯ ᠂ ᠰᠢᠯᠦᠭᠴᠢ᠎ᠪᠠᠷ ᠶᠠᠭᠤ ᠭᠡᠵᠦ ᠴᠢᠯᠠᠭᠤ᠎ᠶᠢᠨ ᠮᠦᠨ ᠴᠢᠨᠠᠷ᠎ᠢ ᠵᠦᠢ᠎ᠳ᠋ᠤ ᠡᠰᠡ ᠨᠡᠶᠢᠴᠡᠬᠦ᠎ᠪᠠᠷ ᠰᠡᠳᠭᠢᠭᠰᠡᠨ ᠪᠤᠢ ︖ ᠭᠡᠪᠡᠯ ᠂ ᠲᠡᠷᠡ᠎ᠪᠠᠷ ᠬᠢᠯᠢᠩ ᠲᠥᠷᠥᠬᠦ ᠦᠶ᠎ᠡ᠎ᠳ᠋ᠤ ᠶᠠᠭᠠᠬᠢᠪᠠᠯ ᠰᠠᠶᠢ ᠭᠠᠳᠠᠭᠠᠳᠤ ᠰᠢᠯᠲᠠᠭᠠᠨ᠎ᠤ ᠨᠥᠯᠦᠭᠡ᠎ᠶᠢ ᠡᠰᠡ ᠬᠦᠯᠢᠶᠡᠬᠦ ᠮᠥᠷᠲᠡᠭᠡᠨ ᠬᠠᠳᠠᠨ ᠴᠢᠩᠭ᠎ᠠ ᠪᠠᠶᠢᠵᠤ ᠴᠢᠳᠠᠬᠤ ᠪᠤᠢ ︖ ᠭᠡᠳᠡᠭ ᠨᠥᠬᠦᠴᠡᠯ᠎ᠢ ᠬᠠᠶᠢᠬᠤ᠎ᠳᠠᠭᠠᠨ ᠴᠢᠯᠠᠭᠤ᠎ᠶᠢ ᠬᠤᠯᠪᠣᠨ ᠪᠣᠳᠣᠭᠰᠠᠨ ᠪᠠᠶᠢᠨ᠎ᠠ ᠃ ᠲᠡᠭᠡᠭᠡᠳ ᠬᠢᠯᠢᠡᠭ ᠲᠥᠷᠥᠬᠦ᠎ᠳ᠋ᠡᠭᠡᠨ ᠳᠤᠭᠤᠢ ᠪᠠᠶᠢᠪᠠᠯ ᠰᠠᠶᠢᠨ ᠭᠡᠵᠦ ᠬᠡᠵᠢᠶᠡᠳᠡ᠎ᠪᠠᠨ ᠳᠣᠭᠤᠢ ᠪᠠᠶᠢᠵᠤ ᠴᠢᠳᠠᠳᠠᠭ ᠦᠭᠡᠢ ᠬᠥᠮᠦᠨ ᠭᠡᠳᠡᠭ ᠠᠮᠢᠲᠠᠨ᠎ᠳ᠋ᠤ ᠰᠡᠷᠡᠮᠵᠢᠯᠡᠭᠦᠯᠬᠦ᠎ᠳ᠋ᠡᠭᠡᠨ ᠠᠳᠠᠯᠢ ᠲᠥᠰᠦᠭᠡᠲᠡᠢ ᠬᠡᠷᠡᠭ ᠪᠤᠳᠠᠰ᠎ᠤᠨ ᠶᠠᠮᠠᠷ ᠨᠢᠭᠡ ᠬᠡᠯᠪᠡᠷᠢ᠎ᠳ᠋ᠤ ᠢᠯᠡᠳᠭᠡᠬᠦ ᠭᠡᠰᠡᠨ ᠰᠠᠨᠠᠭ᠎ᠠ᠎ᠪᠠᠨ ᠰᠢᠯᠵᠢᠭᠦᠯᠵᠦ ᠢᠯᠡᠷᠬᠡᠶᠢᠯᠡᠬᠦ ᠠᠷᠭ᠎ᠠ᠎ᠶᠢ ᠬᠡᠷᠡᠭᠯᠡᠭᠰᠡᠨ ᠠᠵᠢ ᠃ ᠶᠡᠷᠦ ᠪᠣᠰᠣ᠎ᠪᠠᠷ ᠰᠡᠳᠭᠢᠮᠵᠢᠯᠡᠭᠰᠡᠨ ᠴᠥᠬᠡᠨ ᠦᠭᠡ᠎ᠪᠠᠷ ᠭᠦᠨᠵᠡᠭᠡᠢ ᠰᠠᠨᠠᠭ᠎ᠠ᠎ᠶᠢ ᠢᠯᠡᠷᠬᠡᠶᠢᠯᠡᠳᠡᠭ ᠰᠠᠶᠢᠨ ᠰᠢᠯᠦᠭ ᠭᠡᠭᠴᠢ ᠡᠨᠡ ᠃ ᠪᠠᠶᠠᠷᠯᠠᠭᠰᠠᠨ ᠬᠥᠮᠦᠨ ᠪᠠᠷᠬᠢᠷᠠᠭ᠎ᠠ ᠭᠡᠭᠴᠢ᠎ᠪᠠᠷ ᠰᠢᠯᠦᠭᠴᠢ ᠮᠠᠨᠢ ᠬᠡᠷᠪᠡ ᠬᠢᠯᠢᠩᠨᠡᠬᠦ ᠤᠴᠢᠷ᠎ᠢ ᠪᠣᠳᠤᠭ᠎ᠠ ᠦᠭᠡᠢ ᠰᠡᠨ ᠪᠣᠯ ᠲᠤᠭᠤᠢ ᠪᠠᠶᠢᠶ᠎ᠠ ᠭᠡᠵᠦ ᠵᠣᠷᠢᠬᠤ ᠦᠭᠡᠢ᠎ᠨᠢ ᠯᠠᠪᠲᠠᠢ ᠃ ᠳᠣᠭᠤᠢ ᠪᠣᠯᠪᠠᠴᠤ ᠬᠠᠲᠠᠭᠤ ᠪᠠᠶᠢᠶ᠎ᠠ ᠭᠡᠵᠦ ᠵᠢᠳᠭᠦᠭᠰᠡᠨ ᠦᠭᠡᠢ ᠶᠤᠮ ᠪᠣᠯ ᠴᠢᠯᠠᠭᠤ᠎ᠶᠢ ᠪᠣᠳᠣᠬᠤ ᠶᠣᠰᠤ ᠦᠭᠡᠢ ᠪᠢᠰᠢ ‍ᠤᠤ ᠃
ᠭᠤᠷᠪᠠᠳᠤᠭᠠᠷ ᠪᠠᠳᠠᠭ᠎ᠨᠢ ᠨᠡᠩ ᠭᠠᠶᠢᠬᠠᠯᠲᠠᠢ ᠃ ᠳᠤᠯᠠᠭᠠᠯᠠᠬᠤ ᠂ ᠬᠠᠯᠠᠭᠠᠬᠤ ᠂ ᠬᠠᠶᠢᠯᠤᠭᠤᠯᠬᠤ ᠂ ᠪᠣᠯᠭᠤᠬᠤ ᠂ ᠰᠢᠲᠠᠭᠠᠬᠤ ᠂ ᠲᠦᠯᠡᠬᠦ ᠂ ᠭᠡᠷᠡᠯᠲᠦᠭᠦᠯᠬᠦ ᠭᠡᠬᠦ ᠮᠡᠲᠦ ᠶᠠᠮᠠᠷ ᠨᠢᠭᠡ ᠵᠣᠷᠢᠯᠭ᠎ᠠ᠎ᠪᠠᠷ ᠨᠡᠭᠦᠷᠡᠰᠦ᠎ᠶᠢ ᠬᠥᠮᠦᠰ ᠬᠥᠷᠦᠰᠦᠨ ᠳᠣᠣᠷ᠎ᠠ᠎ᠡᠴᠠ ᠮᠠᠯᠲᠠᠵᠤ ᠭᠠᠷᠭᠠᠭᠠᠳ ᠨᠣᠴᠤᠭᠠᠵᠤ ᠬᠡᠷᠡᠭᠯᠡᠳᠡᠭ᠎ᠨᠢ ᠶᠡᠷᠦᠳᠡ᠎ᠶᠢᠨ ᠵᠢᠮ᠎ᠡ ᠪᠢᠯᠡ ᠃ ᠭᠡᠲᠡᠯ᠎ᠡ ᠪ᠊ · ᠪᠤᠶᠠᠨᠬᠡᠰᠢᠭ ᠶᠡᠷᠦᠳᠡ᠎ᠶᠢᠨ ᠡᠨᠡ ᠵᠢᠮ᠎ᠡ᠎ᠶᠢ ᠶᠡᠷᠦ ᠪᠣᠰᠣ᠎ᠶᠢᠨ᠎ᠬᠢ᠎ᠪᠠᠷ ᠰᠡᠳᠭᠢᠨ ᠂ ᠭᠠᠳᠠᠭᠠᠳᠤ ᠰᠢᠯᠲᠠᠭᠠᠨ ᠨᠥᠭᠦᠴᠡᠯ᠎ᠢᠶᠠᠷ ᠪᠢᠰᠢ ᠬᠠᠷᠢᠨ ᠭᠠᠵᠠᠷ᠎ᠤᠨ ᠬᠥᠷᠦᠰᠦᠨ ᠳᠣᠣᠷ᠎ᠠ ᠤᠳᠠᠭᠠᠨ ᠵᠢᠯ ᠳᠠᠷᠤᠭᠳᠠᠭᠰᠠᠨ ᠨᠡᠭᠦᠷᠡᠰᠦ ᠥᠪᠡᠷ᠎ᠢᠶᠡᠨ ᠥᠪᠡᠷ᠎ᠢ᠎ᠪᠠᠨ ᠢᠯᠡᠷᠡᠭᠦᠯᠦᠨ ᠨᠣᠴᠤᠳᠠᠭ ᠪᠣᠯᠭᠠᠵᠠᠢ ᠃ ᠲᠤᠰ ᠰᠢᠯᠦᠭ᠎ᠲᠤ ᠂ ᠨᠡᠭᠦᠷᠡᠰᠦ᠎ᠳ᠋ᠤ ᠠᠪᠴᠤ ᠬᠡᠯᠡᠪᠡᠯ ᠂ ᠨᠣᠴᠤᠬᠤ᠎ᠨᠢ ᠳᠠᠷᠤᠭᠳᠠᠯ ᠪᠣᠶᠤ ᠬᠠᠷᠠᠩᠭᠤᠢ᠎ᠡᠴᠠ ᠠᠩᠭᠢᠵᠢᠷᠠᠬᠤ᠎ᠶᠢᠨ ᠲᠥᠯᠦᠭᠡᠨ᠎ᠤ ᠦᠢᠯᠡ ᠬᠥᠳᠡᠯᠭᠡᠭᠡᠨ ᠂ ᠳᠠᠷᠤᠢ ᠳᠣᠲᠤᠭᠠᠳᠤ ᠱᠠᠭᠠᠷᠳᠠᠯᠭ᠎ᠠ᠎ᠡᠴᠠ᠎ᠪᠠᠨ ᠪᠣᠯᠤᠭᠠᠳ ᠥᠪᠡᠷ᠎ᠢᠶᠡᠨ ᠥᠪᠡᠷ᠎ᠢ᠎ᠪᠠᠨ ᠨᠣᠴᠤᠭᠠᠭᠰᠠᠨ ᠦᠷ᠎ᠡ ᠳ᠋ᠦᠩ ᠪᠣᠯᠴᠢᠬᠠᠭᠰᠠᠨ ᠪᠣᠯᠬᠤᠷ ᠰᠣᠨᠢᠨ ᠰᠠᠶᠢᠬᠠᠨ ᠰᠠᠨᠠᠭᠳᠠᠵᠤ ᠂ ᠨᠡᠬᠡᠭᠡᠨ ᠣᠩᠰᠢᠭᠰᠠᠨ ᠬᠥᠮᠦᠨ᠎ᠳ᠋ᠤ ᠭᠤᠸ᠎ᠠ ᠰᠠᠶᠢᠬᠠᠨ᠎ᠤ ᠬᠦᠷᠲᠡᠭᠡᠯ ᠣᠯᠭᠤᠳᠠᠭ ᠃
ᠭᠤᠷᠪᠠᠳᠤᠭᠠᠷ ᠪᠠᠳᠠᠭ ︵ ᠨᠢᠭᠡ ᠂ ᠬᠤᠶᠠᠳᠤᠭᠠᠷ ᠪᠠᠳᠠᠭ ᠴᠤ ᠭᠡᠰᠡᠨ ︶ ᠬᠡᠷᠪᠡ ᠢᠩᠬᠢᠭᠡᠳ ᠯᠡ ᠳᠠᠭᠤᠰᠴᠢᠬᠠᠭᠰᠠᠨ ᠪᠣᠯ ᠬᠡᠳᠦᠢ ᠰᠣᠨᠢᠷᠬᠠᠯᠲᠠᠢ ᠪᠠᠶᠢᠯ᠎ᠠ ᠴᠤ ᠭᠡᠰᠡᠨ ᠰᠣᠳᠣᠨ ᠰᠠᠶᠢᠬᠠᠨ ᠪᠣᠯᠵᠤ ᠴᠢᠳᠠᠬᠤ ᠦᠭᠡᠢ ᠃ ᠭᠠᠶᠢᠬᠠᠯᠲᠠᠢ᠎ᠨᠢ ᠭᠡᠪᠡᠯ ᠲᠤᠰ ᠪᠠᠳᠠᠭ᠎ᠤᠨ ᠭᠤᠷᠪᠠᠳᠤᠭᠠᠷ ᠮᠥᠷ᠎ᠤᠨ ︽ ᠬᠠᠷᠠᠩᠭᠤᠢ᠎ᠳ᠋ᠤ ᠳᠠᠭᠠᠷᠠᠬᠤ᠎ᠳᠠᠭᠠᠨ ᠮᠡᠳᠡᠷᠡᠯ᠎ᠡ ︾ ᠭᠡᠳᠡᠭ ᠢᠯᠡᠷᠬᠡᠶᠢᠯᠡᠯ ᠶᠤᠮ ᠃ ᠰᠢᠯᠦᠭᠴᠢ ᠪᠢ ᠂ ᠬᠠᠷᠠᠩᠭᠤᠢ ᠳᠣᠲᠣᠷ᠎ᠠ ᠳᠠᠭᠠᠷᠠᠵᠤ ᠶᠠᠪᠤᠬᠤ᠎ᠨᠢ ᠭᠠᠵᠠᠷ᠎ᠤᠨ ᠬᠥᠷᠥᠰᠥᠨ ᠳᠣᠣᠷ᠎ᠠ ᠳᠠᠷᠤᠭᠳᠠᠵᠤ ᠪᠠᠶᠢᠳᠠᠭ ︵ ᠳᠠᠭᠠᠷᠠᠵᠤ ᠣᠷᠤᠰᠢᠭᠴᠢ ︶ ᠨᠡᠭᠦᠷᠡᠰᠦ᠎ᠲᠠᠢ ᠲᠥᠰᠦᠭᠡᠲᠡᠢ ᠪᠣᠯᠬᠤᠷ ᠪᠢ ᠪᠣᠯᠤᠨ ᠨᠡᠭᠦᠷᠡᠰᠦ᠎ᠶᠢᠨ ᠬᠠᠷᠠᠩᠭᠤᠢ᠎ᠡᠴᠠ ᠮᠣᠯᠲᠤᠷᠴᠤ ᠳᠤᠯᠠᠭᠠᠨ᠎ᠢ ᠵᠣᠷᠢᠬᠤ ᠬᠦᠰᠡᠯ᠎ᠤᠨ ᠠᠭᠠᠷ᠎ᠠ ᠨᠢᠭᠡᠨ ᠪᠠᠶᠢᠭᠰᠠᠨ ᠶᠤᠮᠰᠠᠨᠵᠠᠢ ᠃ ᠡᠨᠡ ᠪᠣᠯ ᠳᠠᠷᠤᠢ ᠰᠢᠯᠦᠭᠯᠢᠭ ᠲᠥᠰᠦᠭᠡᠯᠡᠯ ᠃ ᠬᠠᠷᠠᠩᠭᠤᠢ᠎ᠨᠢ ᠬᠥᠷᠦᠰᠦᠨ᠎ᠤ ᠳᠠᠯᠳᠠ ᠣᠷᠤᠰᠢᠭᠴᠢ ᠲᠡᠶᠢᠮᠦᠷᠬᠦ ᠬᠦᠢᠲᠡᠨ ᠪᠢᠲᠡᠭᠦᠦ ᠣᠷᠣᠨ ᠵᠠᠢ᠎ᠲᠠᠢ ᠰᠡᠷᠡᠯ ᠮᠡᠳᠡᠷᠡᠮᠵᠢ᠎ᠶᠢᠨ ᠬᠤᠪᠢ᠎ᠳ᠋ᠤ ᠠᠳᠠᠯᠢ ᠃ ᠲᠡᠶᠢᠨᠬᠦ ᠬᠠᠷᠠᠩᠭᠤᠢ᠎ᠳ᠋ᠤ ᠳᠠᠭᠠᠷᠠᠬᠤ᠎ᠨᠢ ᠬᠥᠷᠦᠰᠦᠨ ᠳᠣᠣᠷᠠᠬᠢ ᠨᠡᠭᠦᠷᠡᠰᠦ᠎ᠶᠢ ᠬᠤᠯᠪᠣᠨ ᠪᠣᠳᠣᠬᠤ᠎ᠶᠢᠨ ᠥᠭᠭᠦᠭᠳᠡᠯ ᠪᠣᠯᠵᠤ ᠂ ᠬᠡᠷᠡᠭ ᠦᠢᠯᠡ᠎ᠶᠢᠨ ᠠᠳᠠᠯᠢᠪᠲᠤᠷ ᠰᠢᠨᠵᠢ᠎ᠨᠢ ᠲᠥᠰᠦᠭᠡᠯᠡᠨ ᠪᠣᠳᠣᠬᠤ᠎ᠶᠢᠨ ᠪᠣᠯᠣᠯᠴᠠᠭ᠎ᠠ᠎ᠶᠢ ᠬᠠᠩᠭᠠᠵᠠᠢ ᠃ ᠠᠳᠠᠯᠢ ᠪᠣᠰᠤ ᠬᠥᠮᠦᠨ ᠶᠠᠭᠤᠮ᠎ᠠ ᠬᠡᠷᠡᠭ ᠪᠤᠳᠠᠰ᠎ᠨᠢ ᠠᠳᠠᠯᠢ ᠲᠥᠰᠦᠭᠡᠲᠡᠢ ᠬᠡᠯᠪᠡᠷᠢ ᠪᠣᠶᠣ ᠠᠳᠠᠯᠢ ᠲᠥᠰᠦᠭᠡᠲᠡᠢ ᠰᠢᠨᠵᠢ ᠴᠢᠨᠠᠷ᠎ᠲᠠᠢ ᠪᠠᠶᠢᠮᠠᠨᠵᠢᠨ ᠰᠠᠶᠢ ᠲᠥᠰᠦᠭᠡᠯᠡᠯ᠎ᠤᠨ ᠵᠦᠢᠲᠡᠢ ᠴᠢᠨᠠᠷ᠎ᠢ ᠴᠣᠭᠴᠠᠯᠠᠵᠤ ᠂ ᠤᠷᠠᠨ ᠲᠠᠩᠰᠤᠭ ᠬᠤᠯᠪᠤᠨ ᠪᠣᠳᠤᠯᠲᠠ ᠰᠠᠶᠢ ᠬᠦᠯ ᠵᠣᠭᠰᠣᠵᠣ ᠴᠢᠳᠠᠳᠠᠭ ᠃ ᠲᠡᠶᠢᠮᠦ ᠪᠢᠰᠢ ᠪᠣᠯ ᠰᠢᠯᠦᠭ ᠪᠥᠲᠦᠭᠡᠯ ᠪᠣᠯᠵᠤ ᠴᠢᠳᠠᠬᠤ ᠦᠭᠡᠢ ᠂ ᠶᠡᠷ᠎ᠠ ᠰᠢᠷᠬ᠎ᠠ ᠳᠦᠭᠦᠷᠡᠩ ᠡᠮᠵᠡᠭ ᠵᠡᠮᠳᠡᠭ ᠵᠦᠢᠯ ᠪᠣᠯᠬᠤ᠎ᠨᠢ ᠭᠠᠷᠴᠠᠭ᠎ᠠ ᠦᠭᠡᠢ ᠃ ᠪ᠊ · ᠪᠤᠶᠠᠨᠬᠡᠰᠢᠭ ᠬᠠᠷᠠᠩᠭᠤᠢ  ᠪᠢ  ᠳᠠᠭᠠᠷᠠᠬᠤ ↓ ᠬᠥᠷᠦᠰᠦᠨ᠎ᠤ ᠳᠣᠣᠷ᠎ᠠ  ᠨᠡᠭᠦᠷᠡᠰᠦ  ᠳᠠᠷᠤᠭᠳᠠᠬᠤ ᠭᠡᠳᠡᠭ ᠠᠳᠠᠯᠢᠪᠲᠤᠷ ᠣᠷᠤᠰᠢᠬᠤᠢ᠎ᠶᠢᠨ ᠬᠡᠯᠪᠡᠷᠢ᠎ᠶᠢ ᠭᠠᠶᠢᠬᠠᠯᠲᠠᠢ ᠰᠠᠶᠢᠬᠠᠨ ᠰᠡᠷᠡᠵᠦ ᠮᠡᠳᠡᠷᠡᠭᠡᠳ ᠂ ᠳᠠᠭᠠᠷᠠᠬᠤ᠎ᠳᠠᠭᠠᠨ ᠬᠠᠯᠠᠭᠤᠨ ᠳᠤᠯᠠᠭᠠᠨ᠎ᠢ ᠬᠦᠰᠡᠭᠰᠡᠨ ᠠᠮᠢᠳᠤ ᠪᠤᠳᠠᠰ᠎ᠤᠨ ᠰᠡᠷᠡᠯ ᠮᠡᠳᠡᠷᠡᠮᠵᠢ᠎ᠶᠢ ᠬᠥᠷᠦᠰᠦᠨ ᠳᠣᠣᠷ᠎ᠠ ᠳᠠᠷᠤᠭᠳᠠᠭᠠᠳ ᠤᠳᠠᠭᠰᠠᠨ ᠨᠡᠭᠦᠷᠡᠰᠦᠨ᠎ᠤ ᠨᠢᠭᠡᠨ ᠴᠠᠭ᠎ᠤᠨ ᠨᠣᠴᠤᠯᠲᠠ᠎ᠲᠠᠢ ᠬᠤᠯᠪᠤᠨ ᠰᠡᠳᠭᠢᠭᠰᠡᠨ᠎ᠨᠢ ᠶᠡᠷᠦ᠎ᠶᠢᠨ᠎ᠬᠢ᠎ᠡᠴᠠ ᠳᠠᠪᠠᠭᠰᠠᠨ ᠰᠡᠳᠬᠢᠬᠦᠢ᠎ᠶᠢᠨ ᠴᠢᠳᠠᠪᠤᠷᠢ᠎ᠶᠢ ᠬᠠᠷᠠᠭᠤᠯᠤᠭᠰᠠᠨ ᠪᠠᠶᠢᠯ᠎ᠠ ᠃
ᠳᠠᠭᠠᠷᠠᠬᠤ ᠭᠡᠳᠡᠭ ᠠᠮᠢᠳᠤ ᠪᠤᠳᠠᠰ᠎ᠤᠨ ᠰᠡᠷᠡᠯ ᠮᠡᠳᠡᠷᠡᠮᠵᠢ ᠪᠠ ᠭᠠᠯ ᠭᠡᠳᠡᠭ ᠪᠣᠰᠤᠳᠴᠢ ᠪᠤᠳᠠᠰ᠎ᠤᠨ ᠬᠡᠷᠡᠭᠯᠡᠭᠡᠨ᠎ᠤ ᠦᠢᠯᠡᠳᠦᠯ᠎ᠯᠦᠭᠡ᠎ᠶᠢᠨ ᠬᠠᠷᠢᠴᠠᠭ᠎ᠠ ᠪᠣᠯ ᠲᠤᠰ ᠰᠢᠯᠦᠭ᠎ᠤᠨ ᠭᠤᠷᠪᠠᠳᠤᠭᠠᠷ ᠪᠠᠳᠠᠭ᠎ᠤᠨ ᠳᠠᠯᠳᠠ᠎ᠶᠢᠨ ᠬᠤᠯᠪᠤᠭᠠᠰᠤ ᠪᠣᠶᠤ ᠳᠠᠯᠳᠠ ᠪᠥᠲᠦᠴᠡ᠎ᠨᠢ ᠶᠤᠮ ᠃ ᠳᠠᠭᠠᠷᠠᠬᠤ᠎ᠳᠠᠭᠠᠨ ᠢᠯᠴᠢ᠎ᠶᠢ ᠰᠠᠨᠠᠭᠠᠯᠵᠠᠭᠰᠠᠨ ᠬᠥᠮᠦᠨ᠎ᠤ ᠲᠥᠷᠥᠯᠬᠢ ᠴᠢᠨᠠᠷ ᠪᠣᠯᠣᠨ ᠨᠣᠴᠤᠪᠠᠯ ᠢᠯᠴᠢ ᠭᠠᠷᠳᠠᠭ ᠨᠡᠭᠦᠷᠡᠰᠦᠨ᠎ᠤ ᠲᠥᠷᠥᠯᠬᠢ ᠴᠢᠨᠠᠷ ᠪᠣᠯ ᠲᠡᠷᠡ ᠬᠠᠷᠢᠴᠠᠭ᠎ᠠ᠎ᠶᠢ ᠬᠤᠯᠪᠣᠵᠣ ᠨᠡᠪᠲᠡᠷᠡᠭᠦᠯᠦᠭᠰᠡᠨ ᠥᠯᠥ ᠬᠠᠷᠠᠭᠳᠠᠭᠴᠢ ᠰᠢᠵᠢᠮ᠎ᠨᠢ ᠪᠢᠯᠡ ᠃ ᠪ᠊ · ᠪᠤᠶᠠᠨᠬᠡᠰᠢᠭ᠎ᠤᠨ ᠰᠢᠯᠦᠭ᠎ᠤᠳ ᠡᠶᠢᠮᠦᠷᠬᠦ ᠬᠠᠷᠢᠴᠠᠭ᠎ᠠ ᠬᠤᠯᠪᠤᠭ᠎ᠠ᠎ᠶᠢ ᠢᠷᠠᠭᠤ ᠰᠠᠶᠢᠬᠠᠨ ᠨᠡᠬᠡᠭᠡᠵᠦ ᠦᠵᠡᠭᠦᠯᠳᠡᠭ ᠃

ᠵᠠᠯᠭᠠᠭᠠᠳ ᠪᠢᠳᠡ ︽ ᠨᠥᠬᠦᠭᠡᠰᠦ ︾ ᠭᠡᠳᠡᠭ ᠰᠢᠯᠦᠭ᠎ᠢ ᠲᠠᠶᠢᠯᠤᠨ ᠣᠩᠰᠢᠶ᠎ᠠ ᠄

ᠨᠥᠬᠦᠭᠡᠰᠦ

ᠡᠷᠭᠢᠯᠳᠦᠨ ᠨᠢᠰᠦᠭᠴᠢ ᠬᠡᠷᠢᠶ᠎ᠡ
ᠶᠢᠷᠲᠢᠨᠴᠦ᠎ᠶᠢᠨ ᠳᠤᠯᠠᠭᠠᠨ ᠨᠥᠬᠦᠭᠡᠰᠦ ᠪᠠᠶᠢᠵᠠᠢ

ᠲᠤᠭ᠎ᠠ ᠦᠭᠡᠢ ᠣᠯᠠᠨ ᠨᠥᠬᠦᠭᠡᠰᠦ ᠣᠷᠣᠨ᠎ᠠ
ᠳᠣᠭᠲᠠᠬᠤ᠎ᠶᠢᠨ ᠵᠠᠪ ᠦᠭᠡᠢ ᠨᠢᠰᠦᠨ᠎ᠡ ᠡ ᠲᠡᠷᠡ

ᠶᠠᠭᠤ ᠨᠥᠬᠦᠵᠥ ᠪᠠᠶᠢᠬᠤ᠎ᠶᠢ᠎ᠨᠢ
ᠬᠥᠮᠦᠨ ᠥᠯᠦ ᠮᠡᠳᠡᠨ᠎ᠡ

ᠶᠠᠭᠤ ᠴᠤ ᠭᠡᠰᠡᠨ ᠨᠢᠭᠡ ᠮᠡᠳᠡᠬᠦ᠎ᠳ᠋ᠤ
ᠬᠠᠷᠠᠩᠭᠤᠢ ᠪᠣᠯᠵᠤ ᠣᠳᠣᠳ ᠭᠢᠯᠠᠯᠵᠠᠨ᠎ᠠ

ᠴᠣᠭᠤᠷᠬᠠᠢ᠎ᠶᠢ ᠨᠥᠬᠦᠭᠰᠡᠨ ᠬᠡᠰᠡᠭ᠎ᠢ ᠨᠥᠬᠦᠭᠡᠰᠦ ᠭᠡᠳᠡᠭ ᠃ ᠲᠡᠭᠡᠪᠡᠯ ᠂ ᠶᠠᠭᠤᠨ᠎ᠤ ᠂ ᠶᠠᠮᠠᠷ ᠨᠥᠬᠦᠭᠡᠰᠦ ᠪᠣᠯᠴᠢᠬᠠᠪᠠ ︖ ᠶᠠᠭᠤ ᠴᠣᠭᠤᠷᠠᠭᠠᠳ ᠬᠠᠮᠢᠭ᠎ᠠ ᠴᠣᠭᠤᠷᠬᠠᠢ ᠪᠠᠶᠢᠭᠰᠠᠨ ᠪᠤᠢ ︖ ᠭᠡᠳᠡᠭ ᠠᠰᠠᠭᠤᠯᠳᠠ᠎ᠨᠤᠭᠤᠳ ᠲᠤᠰ ᠰᠢᠯᠦᠭ᠎ᠤᠨ ᠭᠠᠷᠴᠠᠭ᠎ᠢ ᠬᠠᠷᠠᠬᠤ᠎ᠳ᠋ᠤ ᠪᠣᠳᠣᠯ᠎ᠳ᠋ᠤ ᠤᠷᠭᠤᠳᠠᠭ ᠃ ᠭᠡᠬᠦ᠎ᠳ᠋ᠡᠭᠡᠨ ᠬᠠᠷ᠎ᠠ ᠬᠡᠷᠢᠶ᠎ᠡ ᠭᠡᠭᠴᠢ ᠪᠣᠯ ᠶᠢᠷᠲᠢᠨᠴᠦ᠎ᠶᠢᠨ ᠨᠥᠬᠦᠭᠡᠰᠦ ᠪᠠᠶᠢᠵᠠᠢ ᠭᠡᠵᠦ ᠰᠢᠯᠦᠭ ᠡᠬᠢᠯᠡᠩᠭᠦᠲᠡ᠎ᠪᠠᠨ ᠬᠠᠷᠢᠭᠤᠯᠲᠠ ᠥᠭᠭᠦᠴᠢᠬᠡᠭᠰᠡᠨ ᠪᠠᠶᠢᠳᠠᠭ ᠃ ᠭᠡᠲᠡᠯ᠎ᠡ ᠬᠡᠷᠢᠶ᠎ᠡ ᠶᠠᠭᠠᠬᠢᠭᠠᠳ ᠶᠢᠷᠲᠢᠨᠴᠦ᠎ᠶᠢᠨ ᠨᠥᠬᠦᠭᠡᠰᠦ ᠪᠣᠯᠴᠢᠬᠠᠭᠰᠠᠨ ᠪᠤᠢ ︖ ᠭᠡᠳᠡᠭ ᠠᠰᠠᠭᠤᠯᠲᠠ ᠳᠠᠪᠰᠢᠵᠤ ᠭᠠᠷᠴᠤ ᠢᠷᠡᠨ᠎ᠡ ᠃ ᠬᠠᠷᠢᠭᠤᠯᠲᠠ᠎ᠨᠢ ᠭᠡᠪᠡᠯ ᠂ ᠬᠠᠷ᠎ᠠ ᠬᠡᠷᠢᠶ᠎ᠡ᠎ᠳ᠋ᠤ ᠠᠪᠴᠤ ᠬᠡᠯᠡᠪᠡᠯ ᠂ ᠭᠡᠭᠡᠨ ᠴᠠᠭᠠᠨ ᠡᠳᠦᠷ ᠪᠣᠯ ᠶᠢᠷᠲᠢᠨᠴᠦ᠎ᠶᠢᠨ ᠴᠣᠭᠤᠷᠬᠠᠢ ᠪᠠᠶᠢᠰᠠᠨᠵᠠᠢ ᠃ ᠲᠡᠶᠢᠮᠦ ᠪᠠᠶᠢᠯᠭᠦᠢ ᠶᠠᠭᠠᠬᠢᠬᠤ ᠪᠤᠢ ︖ ᠬᠡᠷᠢᠶ᠎ᠡ ᠥᠪᠡᠷ᠎ᠢᠶᠡᠨ ᠬᠠᠷ᠎ᠠ ᠶᠤᠮ ᠴᠢᠨᠢ ᠲᠡᠭᠦᠨ᠎ᠳ᠋ᠤ ᠠᠪᠴᠤ ᠬᠡᠯᠡᠪᠡᠯ ᠬᠠᠷ᠎ᠠ᠎ᠡᠴᠠ ᠪᠣᠰᠣᠳ ᠭᠡᠭᠡᠨ ᠴᠠᠭᠠᠨ ᠬᠡᠰᠡᠭ᠎ᠤᠳ ᠪᠣᠯ ᠲᠡᠷᠡ ᠴᠢᠭ᠎ᠢᠶᠠᠷ᠎ᠢᠶᠡᠨ ᠴᠥᠮ ᠴᠣᠭᠤᠷᠬᠠᠢ ᠬᠡᠯᠪᠡᠷᠢ᠎ᠨᠦᠭᠦᠳ ᠶᠤᠮ ᠃ ᠲᠡᠭᠡᠭᠡᠳ ᠬᠡᠷᠢᠶ᠎ᠡ ᠭᠤᠸᠠᠢ ᠲᠡᠷᠡ ᠶᠡᠭᠡ ᠴᠣᠭᠤᠷᠬᠠᠢ᠎ᠶᠢ ᠨᠥᠬᠦᠳᠡᠭ ᠶᠤᠮ ᠪᠠᠶᠢᠨ᠎ᠠ ᠃ ᠬᠡᠷᠢᠶ᠎ᠡ ᠮᠠᠨᠢ ᠲᠡᠷᠡ ᠴᠣᠭᠤᠷᠬᠠᠢ᠎ᠶᠢ ᠶᠠᠭᠠᠬᠢᠵᠤ ᠨᠥᠬᠦᠳᠡᠭ ᠪᠤᠢ ︖ ᠳᠠᠬᠢᠭᠠᠳ ᠯᠡ ᠠᠰᠠᠭᠤᠯᠲᠠ ᠲᠠᠯᠪᠢᠭᠳᠠᠨ᠎ᠠ ᠃ ᠮᠡᠳᠡᠭᠡᠵᠢ᠎ᠪᠠᠷ ᠶᠢᠷᠲᠢᠨᠴᠦ ᠪᠣᠯ ᠬᠢᠵᠠᠭᠠᠷ ᠦᠭᠡᠢ ᠶᠡᠭᠡ ᠮᠥᠷᠲᠡᠭᠡᠨ ᠳᠣᠭᠲᠠᠭᠰᠠᠨ ᠬᠠᠪᠲᠠᠭᠠᠢ ᠪᠢᠰᠢ ᠪᠣᠯᠬᠤᠷ ᠬᠡᠷᠢᠶ᠎ᠡ ᠮᠠᠨᠢ ᠵᠣᠭᠰᠤᠯ ᠦᠭᠡᠢ ᠡᠷᠭᠢᠯᠳᠦᠨ ᠨᠢᠰᠴᠦ ᠨᠥᠬᠦᠨ᠎ᠡ  ︽ ᠲᠤᠭ᠎ᠠ ᠦᠭᠡᠢ ᠣᠯᠠᠨ ᠨᠥᠬᠦᠭᠡᠰᠦ ᠣᠷᠤᠨ᠎ᠠ / ᠳᠣᠭᠲᠠᠬᠤ᠎ᠶᠢᠨ ᠵᠠᠪ ᠦᠭᠡᠢ ᠨᠢᠰᠦᠨ᠎ᠡ ᠡ ᠲᠡᠷᠡ ︾ ᠃ ᠬᠠᠷ᠎ᠠ ᠬᠡᠷᠢᠶ᠎ᠡ ᠳᠣᠭᠲᠠᠬᠤ᠎ᠶᠢᠨ ᠵᠠᠪ ᠦᠭᠡᠢ ᠨᠢᠰᠦᠭᠡᠳ ᠪᠠᠶᠢᠳᠠᠭ᠎ᠨᠢ ᠬᠠᠷᠢᠨ ᠶᠢᠷᠲᠢᠨᠴᠦ᠎ᠶᠢ ᠨᠥᠬᠦᠵᠥ ᠪᠠᠶᠢᠳᠠᠭ ᠶᠤᠮ ᠪᠠᠶᠢᠨ᠎ᠠ ᠡ ᠃ ᠳᠣᠭᠲᠠᠬᠤ᠎ᠶᠢᠨ ᠵᠠᠪ ᠦᠭᠡᠢ ᠨᠥᠬᠦᠭᠰᠡᠨ᠎ᠤ ᠦᠷ᠎ᠡ ᠳ᠋ᠦᠩ᠎ᠳ᠋ᠤ ᠶᠠᠭᠤ ᠪᠣᠯᠪᠠ ᠡ ︖ ᠭᠡᠪᠡᠯ ᠂ ᠶᠢᠷᠲᠢᠨᠴᠦ᠎ᠶᠢᠨ ᠭᠡᠭᠡᠨ ᠴᠠᠭᠠᠨ ᠬᠡᠰᠡᠭ᠎ᠢ ᠪᠥᠭᠦᠳᠡ᠎ᠶᠢ ᠨᠥᠬᠦᠴᠢᠬᠡᠭᠰᠡᠨ ᠪᠣᠯᠬᠤᠷ ᠶᠢᠷᠲᠢᠨᠴᠦ ᠥᠪᠴᠢ᠎ᠪᠠᠷ᠎ᠢᠶᠡᠨ ᠬᠠᠷ᠎ᠠ ᠪᠣᠯᠪᠠ  ᠬᠠᠪ ᠬᠠᠷᠠᠩᠭᠤᠢ ᠪᠣᠯᠪᠠ  ᠬᠠᠷᠠᠩᠭᠤᠢ ᠰᠥᠨᠢ ᠪᠣᠯᠪᠠ  ︽ ᠶᠠᠭᠤ ᠴᠤ ᠭᠡᠰᠡᠨ ᠨᠢᠭᠡ ᠮᠡᠳᠡᠬᠦ᠎ᠳ᠋ᠤ / ᠬᠠᠷᠠᠩᠭᠤᠢ ᠪᠣᠯᠵᠤ ᠣᠳᠣᠳ ᠭᠢᠯᠠᠯᠵᠠᠨ᠎ᠠ ︾ ᠃ ᠦᠵᠡᠰᠡ ᠡ ︕ ᠬᠠᠷᠠᠩᠭᠤᠢ ᠰᠥᠨᠢ ᠬᠠᠷ᠎ᠠ ᠪᠠᠶᠢᠳᠠᠭ᠎ᠨᠢ ᠬᠠᠷᠢᠨ ᠬᠠᠷ᠎ᠠ ᠬᠡᠷᠢᠶ᠎ᠡ ᠥᠪᠡᠷ᠎ᠤᠨ ᠴᠣᠭᠴᠠ᠎ᠪᠠᠷ᠎ᠢᠶᠡᠨ ᠨᠥᠬᠦᠵᠦ ᠪᠥᠲᠦᠭᠡᠭᠰᠡᠨ᠎ᠤ᠎ᠬᠢ ᠶᠤᠮ ᠪᠠᠶᠢᠨ᠎ᠠ ᠰᠢᠦ ᠃ ᠵᠦᠢ ᠪᠣᠰᠣ ᠮᠥᠷᠲᠡᠭᠡᠨ ᠵᠦᠢ᠎ᠳ᠋ᠤ ᠨᠡᠶᠢᠴᠡᠭᠰᠡᠨ ᠡᠨᠡ ᠰᠡᠳᠬᠢᠬᠦᠢ ᠭᠠᠶᠢᠬᠠᠯᠲᠠᠢ ᠃
ᠭᠡᠭᠡᠨ ᠴᠠᠭᠠᠨ ᠥᠩᠭᠡᠨ ᠳᠡᠭᠡᠷ᠎ᠡ ᠲᠤᠰᠤᠭᠰᠠᠨ ᠬᠠᠷ᠎ᠠ ᠥᠩᠭᠡ ᠶᠠᠭ ᠯᠡ ᠨᠥᠬᠦᠭᠡᠰᠦ ᠰᠢᠭ ᠬᠠᠷᠠᠭᠳᠠᠳᠠᠭ ᠃ ᠬᠠᠷ᠎ᠠ ᠬᠡᠷᠢᠶ᠎ᠡ ᠴᠠᠭᠠᠨ ᠡᠳᠦᠷ᠎ᠢᠶᠠᠷ ᠨᠢᠰᠳᠡᠭ᠎ᠨᠢ ᠶᠠᠭ ᠰᠠᠶᠢᠬᠠᠨ ᠭᠡᠭᠡᠨ ᠴᠠᠭᠠᠨ ᠥᠩᠭᠡᠨ ᠳᠡᠭᠡᠷ᠎ᠡ ᠬᠠᠷ᠎ᠠ ᠥᠩᠭᠡ ᠲᠤᠰᠤᠭᠰᠠᠨ᠎ᠲᠠᠢ ᠠᠳᠠᠯᠢ ᠪᠠᠶᠢᠳᠠᠭ ᠃ ᠲᠡᠶᠢᠮᠦ ᠪᠣᠯᠬᠤᠷ ᠬᠡᠷᠢᠶ᠎ᠡ᠎ᠶᠢᠨ ᠨᠢᠰᠦᠯᠲᠡ ᠪᠣᠯ ᠳᠠᠷᠤᠢ ᠬᠠᠷ᠎ᠠ ᠥᠩᠭᠡ᠎ᠪᠠᠷ ᠴᠠᠭᠠᠨ ᠴᠣᠭᠤᠷᠬᠠᠢ᠎ᠶᠢ ︽ ᠨᠥᠬᠦᠵᠦ ᠪᠠᠶᠢᠬᠤ ︾ ᠶᠠᠪᠤᠳᠠᠯ ᠪᠣᠯᠬᠤ ᠠᠵᠢ ᠃ ᠤᠷᠠᠨ᠎ᠢᠶᠠᠷ ᠰᠡᠳᠭᠢᠬᠦ ᠰᠡᠳᠭᠢᠬᠦᠢ᠎ᠶᠢᠨ ᠴᠢᠳᠠᠪᠥᠷᠢ ᠡᠩ᠎ᠤᠨ ᠨᠢᠭᠡ ᠦᠢᠯᠡ ᠦᠵᠡᠭᠳᠡᠯ᠎ᠢ ᠰᠢᠯᠦᠭ ᠪᠣᠯᠭᠠᠵᠠᠢ ᠃ ᠤᠷᠠᠨ ᠡᠨᠳᠡᠭᠦᠷᠡᠯ ᠭᠡᠭᠴᠢ ᠰᠢᠯᠦᠭᠯᠢᠭ ᠰᠡᠳᠬᠢᠬᠦᠢ᠎ᠶᠢᠨ ᠲᠥᠷᠥᠯᠬᠢ ᠴᠢᠨᠠᠷ ᠪᠠᠶᠢᠪᠠ ‍ᠤᠤ ᠳ᠋ᠠ ᠃
ᠴᠠᠭᠠᠨ ᠬᠠᠷ᠎ᠠ ᠬᠤᠶᠠᠷ ᠡᠰᠡᠷᠭᠦ ᠳᠡᠰᠡᠷᠭᠦ ᠪᠠᠶᠢᠳᠠᠭ ᠪᠣᠯᠬᠤᠷ ᠬᠠᠷ᠎ᠠ ᠬᠡᠷᠢᠶ᠎ᠡ ᠭᠤᠸᠠᠢ ᠡᠰᠡᠷᠭᠦ ᠡᠲᠡᠭᠡᠳ᠎ᠢᠶᠡᠨ ᠤᠰᠠᠳᠬᠠᠭᠠᠳ ᠥᠪᠡᠷ᠎ᠲᠠᠢ᠎ᠪᠠᠨ ᠢᠵᠢᠯᠢ ᠪᠣᠯᠭᠠᠵᠤ ᠠᠪᠤᠭᠰᠠᠨ᠎ᠨᠢ ᠣᠨᠴᠠ ᠂ ᠶᠠᠭ ᠡᠭᠦᠨ᠎ᠢ ᠲᠠᠩᠰᠤᠭ ᠤᠷᠠᠨ ᠬᠡᠮᠡᠨ᠎ᠡ ᠃ ᠵᠡᠷ ᠵᠡᠪᠰᠡᠭ᠎ᠢᠶᠠᠷ ᠪᠢᠰᠢ ᠂ ᠳᠠᠷᠢ ᠰᠤᠮᠤ᠎ᠪᠠᠷ ᠴᠤ ᠪᠢᠰᠢ ᠂ ᠬᠠᠷᠢᠨ ᠥᠪᠡᠷ᠎ᠤᠨ ᠨᠥᠷᠢ ᠶᠡᠭᠡ ᠬᠦᠴᠦ ᠬᠥᠳᠡᠯᠮᠦᠷᠢ᠎ᠪᠠᠷ᠎ᠢᠶᠡᠨ ᠂ ᠴᠠᠭᠠᠰᠢᠯᠠᠪᠠᠯ ᠪᠡᠶ᠎ᠡ ᠴᠣᠭᠴᠠ᠎ᠪᠠᠷ᠎ᠢᠶᠡᠨ ᠨᠥᠬᠦᠭᠰᠡᠭᠡᠷ ᠪᠠᠶᠢᠵᠤ ᠂ ᠥᠪᠡᠷ ᠪᠣᠰᠣᠳ᠎ᠢ ᠢᠵᠢᠯᠢᠰᠢᠭᠦᠯᠵᠦ ᠠᠪᠤᠭᠰᠠᠨ ᠬᠠᠷ᠎ᠠ ᠬᠡᠷᠢᠶᠡᠨ᠎ᠤ ᠦᠢᠯᠡ ᠶᠠᠪᠤᠳᠠᠯ ᠥᠭᠡᠳᠡᠷᠬᠡᠭ ᠳᠤᠯᠠᠭᠠᠨ ᠴᠢᠨᠠᠷ᠎ᠲᠠᠢ ᠂ ᠲᠡᠶᠢᠮᠦ ᠪᠣᠯᠬᠤᠷ ᠬᠠᠷ᠎ᠠ ᠬᠡᠷᠢᠶ᠎ᠡ ᠪᠣᠯ ᠳᠤᠯᠠᠭᠠᠨ ᠨᠥᠬᠦᠭᠡᠰᠦ ᠶᠤᠮ ᠃ ᠨᠥᠭᠦᠭᠡ ᠲᠠᠯ᠎ᠠ᠎ᠪᠠᠷ ᠂ ᠬᠥᠮᠦᠨ ᠲᠡᠷᠢᠭᠦᠲᠦ ᠬᠥᠨᠵᠢᠯᠡ᠎ᠳ᠋ᠡᠭᠡᠨ ᠣᠷᠣᠭᠰᠠᠨ ᠰᠥᠨᠢ ᠶᠡᠷᠦ᠎ᠨᠢ ᠵᠠᠳᠠᠭᠠᠢ ᠳᠡᠷᠪᠡᠭᠰᠡᠨ ᠡᠳᠦᠷ᠎ᠡᠴᠠ ᠳᠤᠯᠠᠭᠠᠨ ᠪᠠᠶᠢᠳᠠᠭ ᠭᠡᠰᠡᠨ ᠲᠥᠰᠦᠭᠡᠯᠡᠯ ᠲᠤᠰ ᠰᠢᠯᠦᠭ᠎ᠲᠤ ᠭᠦᠨ ᠳᠠᠯᠳᠠᠯᠠᠭᠳᠠᠵᠤ ᠪᠤᠢ᠎ᠶᠢ ᠰᠠᠶᠢᠲᠤᠷ ᠣᠪᠠᠶᠢᠯᠠᠬᠤ ᠦᠭᠡᠢ ᠶᠤᠮ ᠪᠣᠯ ᠣᠶᠢᠯᠠᠭᠠᠵᠤ ᠠᠪᠤᠯ ᠦᠭᠡᠢ ᠠᠯᠳᠠᠵᠤ ᠶᠠᠪᠤᠭᠤᠯᠬᠤ᠎ᠳ᠋ᠤ ᠬᠦᠷᠦᠨ᠎ᠡ ᠃ ᠥᠭᠡᠷ᠎ᠡ᠎ᠪᠠᠷ ᠬᠡᠯᠡᠪᠡᠯ ᠂ ᠰᠢᠯᠦᠭ᠎ᠲᠤ ᠭᠠᠷᠳᠠᠭ ᠬᠡᠷᠢᠶ᠎ᠡ  ᠶᠢᠷᠲᠢᠨᠴᠦ  ᠳᠤᠯᠠᠭᠠᠨ ᠨᠥᠬᠦᠭᠡᠰᠦ  ᠬᠠᠷᠠᠩᠭᠤᠢ ᠰᠥᠨᠢ ᠭᠡᠳᠡᠭ ᠰᠢᠯᠦᠭᠯᠢᠭ ᠳᠦᠷᠢ᠎ᠨᠦᠭᠦᠳ᠎ᠢ ᠬᠠᠷ᠎ᠠ ᠂ ᠴᠠᠭᠠᠨ ᠂ ᠬᠠᠷᠠᠩᠭᠤᠢ ᠂ ᠭᠡᠭᠡᠨ ᠂ ᠪᠠᠭ᠎ᠠ ᠂ ᠶᠡᠭᠡ ᠭᠡᠳᠡᠭ ᠣᠶᠢᠯᠠᠭᠠᠯᠲᠠ᠎ᠨᠤᠭᠤᠳ᠎ᠲᠠᠢ ᠬᠠᠷᠠᠭᠠᠯᠵᠠᠭᠤᠯᠤᠨ ᠣᠩᠰᠢᠪᠠᠯ ᠰᠠᠶᠢ ᠲᠤᠰ ᠰᠢᠯᠦᠭ᠎ᠤᠨ ᠣᠨᠢᠰᠤ᠎ᠶᠢ ᠨᠡᠬᠡᠭᠡᠵᠦ ᠴᠢᠳᠠᠳᠠᠭ ᠃ ᠭᠡᠬᠦ᠎ᠳ᠋ᠡᠭᠡᠨ ︽ ᠣᠳᠣᠳ ᠭᠢᠯᠠᠯᠵᠠᠨ᠎ᠠ ︾ ᠭᠡᠳᠡᠭ ᠦᠭᠦᠯᠡᠮᠵᠢ᠎ᠪᠠᠷ ᠰᠢᠯᠦᠭ᠎ᠲᠤ ᠭᠠᠷᠳᠠᠭ ᠬᠠᠷᠠᠩᠭᠤᠢ ᠭᠡᠭᠴᠢ ᠪᠣᠯ ᠵᠦᠭᠡᠷ ᠨᠢᠭᠡ ᠬᠠᠷᠠᠩᠭᠤᠢ ᠣᠷᠣᠨ ᠵᠠᠢ᠎ᠶᠢ ᠵᠢᠭᠠᠵᠤ ᠪᠠᠶᠢᠭ᠎ᠠ ᠪᠢᠰᠢ ᠬᠠᠷᠢᠨ ᠶᠢᠷᠲᠢᠨᠴᠦ᠎ᠶᠢᠨ ᠬᠠᠷᠠᠩᠭᠤᠢ ᠰᠥᠨᠢ᠎ᠶᠢ ᠬᠡᠯᠡᠵᠦ ᠪᠠᠶᠢᠨ᠎ᠠ ᠭᠡᠳᠡᠭ᠎ᠨᠢ ᠲᠣᠳᠤᠷᠠᠳᠠᠭ ᠃
ᠶᠠᠮᠠᠷ ᠨᠢᠭᠡ ᠳᠣᠬᠢᠶᠠᠯᠳᠤᠯ᠎ᠢᠶᠠᠷ ᠭᠡᠨᠡᠳᠲᠡ ᠰᠡᠷᠡᠭᠳᠡᠭᠰᠡᠨ ᠰᠡᠷᠡᠯ ᠮᠡᠳᠡᠷᠡᠮᠵᠢ᠎ᠪᠠᠨ ᠲᠡᠷᠡ ᠳᠣᠣᠷ᠎ᠠ᠎ᠨᠢ ᠪᠠᠷᠢᠵᠤ ᠠᠪᠤᠭᠠᠳ ᠴᠠᠭᠠᠰᠢᠲᠠ ᠭᠦᠨ᠎ᠤ ᠲᠥᠪ ᠣᠷᠤᠭᠤ ᠤᠠᠬᠭᠠᠷᠠᠨ ᠰᠡᠳᠭᠢᠵᠦ ᠂ ᠬᠠᠷ᠎ᠠ ᠪᠠ ᠴᠠᠭᠠᠨ ᠂ ᠬᠠᠷᠠᠩᠭᠤᠢ ᠪᠠ ᠭᠡᠭᠡᠨ ᠂ ᠡᠳᠦᠷ ᠪᠠ ᠰᠥᠨᠢ ᠂ ᠨᠢᠰᠬᠦ ᠪᠠ ᠤᠯᠠᠷᠢᠬᠤ᠎ᠶᠢᠨ ᠠᠳᠠᠯᠢ ᠲᠥᠰᠦᠭᠡᠲᠡᠢ ᠮᠦᠨ ᠴᠢᠨᠠᠷ᠎ᠢ ᠨᠡᠪᠲᠡᠷᠡᠭᠦᠯᠦᠨ ᠢᠯᠡᠷᠬᠡᠶᠢᠯᠡᠭᠰᠡᠨ᠎ᠤ ᠦᠷ᠎ᠡ ᠳ᠋ᠦᠩ᠎ᠳ᠋ᠤ ︽ ᠨᠥᠬᠦᠭᠡᠰᠦ ︾ ᠭᠡᠳᠡᠭ ᠭᠤᠶᠢᠲᠠ ᠰᠠᠶᠢᠬᠠᠨ ᠪᠥᠲᠦᠭᠡᠯ ᠪᠤᠢ ᠪᠣᠯᠵᠠᠢ ᠃
ᠡᠭᠦᠨ᠎ᠡᠴᠠ ᠤᠯᠪᠠᠭᠠᠯᠠᠭᠠᠳ ᠪᠣᠳᠤᠪᠠᠯ ᠂ ᠣᠳᠣᠳ ᠪᠣᠯ ᠬᠠᠷᠠᠩᠭᠤᠢ᠎ᠶᠢᠨ ᠭᠡᠭᠡᠨ ᠨᠥᠬᠦᠭᠡᠰᠦ ᠶᠤᠮ ᠭᠡᠵᠦ ᠪᠣᠯᠬᠤ ᠠᠵᠢ ᠃ ᠬᠠᠷᠠᠩᠭᠤᠢ ᠰᠥᠨᠢ᠎ᠶᠢ ᠣᠳᠣᠳ ᠭᠡᠷᠡᠯ᠎ᠢᠶᠠᠷ᠎ᠢᠶᠡᠨ ᠨᠥᠬᠦᠭᠰᠡᠭᠡᠷ ᠪᠠᠶᠢᠭᠠᠳ ᠭᠡᠭᠡᠨ ᠪᠣᠯᠭᠠᠵᠤ ᠂ ᠰᠥᠨᠢ᠎ᠶᠢ ᠡᠳᠦᠷ ᠪᠣᠯᠭᠠᠭᠰᠠᠨ ᠭᠡᠵᠦ ᠪᠣᠯᠬᠤ ᠪᠢᠰᠢ ‍ᠤᠤ ᠃ ᠪ᠊ · ᠪᠤᠶᠠᠨᠬᠡᠰᠢᠭ᠎ᠤᠨ ᠰᠡᠳᠭᠢᠭᠦᠢ᠎ᠶᠢᠨ ᠯᠣᠭᠢᠭ ᠣᠯᠠᠨ ᠬᠥᠮᠦᠨ᠎ᠢ ᠳᠠᠶᠢᠯᠠᠨ ᠳᠠᠭᠠᠭᠤᠯᠵᠤ ᠣᠳᠣ ᠴᠤ ᠭᠡᠰᠡᠨ ᠲᠣᠭᠴᠢᠯᠠᠵᠤ ᠶᠠᠪᠤᠭ᠎ᠠ᠎ᠶᠢᠨ ᠰᠢᠯᠲᠠᠭᠠᠨ᠎ᠨᠢ ᠲᠡᠭᠦᠨ᠎ᠤ ᠣᠨᠴᠠᠭᠠᠢ ᠰᠡᠳᠭᠢᠭᠦᠢ᠎ᠶᠢ ᠢᠩᠭᠢᠵᠦ ᠮᠥᠷᠳᠡᠵᠦ ᠪᠣᠯᠳᠠᠭ᠎ᠲᠠᠢ ᠬᠤᠯᠪᠤᠭ᠎ᠠ᠎ᠲᠠᠢ ᠪᠠᠶᠢᠵᠤ ᠮᠡᠳᠡᠨ᠎ᠡ ᠃ ᠤᠴᠢᠷ᠎ᠨᠢ ᠂ ᠨᠡᠬᠡᠭᠡᠯᠲᠡ ᠪᠣᠯ ᠲᠡᠷᠡ ᠴᠢᠭ᠎ᠢᠶᠠᠷ᠎ᠢᠶᠡᠨ ᠰᠠᠨᠠᠮᠰᠠᠷ᠎ᠲᠠᠢ ᠰᠠᠨᠠᠮᠰᠠᠷ ᠦᠭᠡᠢ ᠳᠠᠭᠠᠭᠤᠯᠤᠭᠴᠢ ᠶᠤᠮ ᠃ ᠡᠭᠦᠳᠦᠯᠲᠡ ᠭᠡᠭᠴᠢ ᠴᠤᠷ᠎ᠤᠨ ᠭᠠᠭᠴᠠ ᠪᠠᠶᠢᠳᠠᠭ ᠪᠣᠯ ᠳᠠᠪᠲᠠᠯᠲᠠ ᠬᠠᠷᠢᠨ ᠲᠣᠭᠠᠯᠠᠰᠢ ᠦᠭᠡᠢ ᠣᠯᠠᠨ ᠪᠠᠶᠢᠳᠠᠭ ᠃ ᠥᠰᠥᠳ ᠴᠢᠨᠠᠷ᠎ᠲᠠᠢ ᠰᠡᠳᠭᠢᠬᠦᠢ᠎ᠶᠢᠨ ᠬᠡᠯᠪᠡᠷᠢ᠎ᠶᠢ ᠨᠡᠬᠡᠭᠡᠨ ᠠᠰᠢᠭᠯᠠᠳᠠᠭ᠎ᠢᠶᠠᠷ᠎ᠢᠶᠡᠨ ᠪ᠊ · ᠪᠤᠶᠠᠨᠬᠡᠰᠢᠭ ᠣᠯᠠᠨ᠎ᠡᠴᠠ ᠲᠠᠰᠤᠷᠬᠠᠢ ᠃
ᠪ᠊ · ᠪᠤᠶᠠᠨᠬᠡᠰᠢᠭ᠎ᠤᠨ ᠰᠢᠯᠦᠭ᠎ᠤᠨ ᠠᠮᠵᠢᠯᠲᠠ ᠲᠡᠭᠦᠨ᠎ᠤ ᠰᠡᠳᠭᠢᠬᠦᠢ᠎ᠶᠢᠨ ᠥᠰᠥᠳ ᠴᠢᠨᠠᠷ᠎ᠲᠤ ᠢᠯᠡᠭᠦᠦ ᠢᠯᠡᠷᠡᠳᠡᠭ ᠃ ︽ ᠦᠵᠡᠭᠳᠡᠬᠦ ᠦᠭᠡᠢ ᠬᠡᠷᠡᠮ᠎ᠤᠨ / ᠨᠤᠷᠠᠬᠤ᠎ᠨᠢ ᠦᠵᠡᠭᠳᠡᠨ᠎ᠡ ︾ ᠭᠡᠬᠦ ᠮᠡᠲᠦ ᠠᠮᠠ ᠳᠠᠮᠵᠢᠨ ᠶᠠᠷᠢᠭᠳᠠᠳᠠᠭ ᠪ᠊ · ᠪᠤᠶᠠᠨᠬᠡᠰᠢᠭ᠎ᠤᠨ ᠰᠢᠯᠦᠭ᠎ᠤᠨ ᠮᠥᠷ᠎ᠤᠳ ᠪᠣᠯ ᠵᠦᠢ ᠪᠣᠰᠣ ᠪᠠᠶᠢᠲᠠᠯ᠎ᠠ ᠵᠦᠢ᠎ᠳ᠋ᠤ ᠨᠡᠶᠢᠴᠡᠬᠦ ᠰᠡᠳᠭᠢᠬᠦᠢ᠎ᠶᠢᠨ ᠬᠡᠯᠪᠡᠷᠢ᠎ᠶᠢᠨ ᠬᠢᠨᠢ ᠲᠣᠳᠤᠷᠬᠠᠢ ᠲᠠᠶᠢᠯᠪᠥᠷᠢ ᠶᠤᠮ ᠃
ᠥᠷᠦᠭᠡᠰᠦᠨ ᠭᠡᠵᠦ ᠵᠦᠢᠷᠠᠢ ᠂ ᠢᠬᠡᠷ᠎ᠡ ᠂ ᠬᠤᠣᠰ ᠶᠠᠭᠤᠮ᠎ᠠ᠎ᠶᠢᠨ ᠨᠢᠭᠡ᠎ᠶᠢ᠎ᠨᠢ ᠬᠡᠯᠡᠳᠡᠭ ᠃ ᠰᠡᠷᠠ ᠪᠣᠯ ᠣᠷᠴᠢᠯᠠᠩ ᠰᠠᠨᠰᠠᠷ᠎ᠲᠤ ᠭᠠᠭᠴᠠᠬᠠᠨ ᠪᠠᠶᠢᠳᠠᠭ ᠭᠠᠷᠠᠭ ᠡᠷᠬᠡᠰ ︵ ᠣᠳᠣ ᠪᠣᠯᠲᠠᠯ᠎ᠠ ᠮᠡᠳᠡᠵᠦ ᠢᠯᠡᠷᠡᠭᠦᠯᠦᠭᠰᠡᠨ᠎ᠢᠶᠠᠷ ︶ ᠂ ᠤᠭ᠎ᠡᠴᠠ᠎ᠪᠠᠨ ᠬᠤᠣᠰ ᠪᠢᠰᠢ ᠵᠦᠢᠯ ᠃ ᠭᠡᠲᠡᠯ᠎ᠡ ᠲᠥᠷᠥᠯᠬᠢ ᠬᠤᠣᠰ ᠪᠢᠰᠢ ᠮᠥᠷᠲᠡᠭᠡᠨ ᠬᠡᠵᠢᠶᠡᠳᠡ ᠭᠠᠭᠴᠠ᠎ᠪᠠᠷ ᠪᠠᠶᠢᠳᠠᠭ ᠰᠠᠷᠠ᠎ᠶᠢ ᠪ᠊ · ᠪᠤᠶᠠᠨᠬᠡᠰᠢᠭ᠎ᠢᠶᠠᠷ ᠥᠷᠦᠭᠡᠰᠦᠨ ᠰᠠᠷᠠ ᠭᠡᠵᠦ ᠰᠡᠳᠭᠢᠨ ᠰᠢᠯᠦᠭ᠎ᠲᠡᠭᠡᠨ ᠢᠯᠡᠳᠭᠡᠭᠰᠡᠨ᠎ᠨᠢ ᠶᠣᠰᠤᠲᠠᠢ ᠭᠠᠢᠬᠠᠯᠳᠠᠢ ᠭᠡᠵᠦ ᠬᠥᠮᠦᠰ ᠱᠠᠭᠰᠢᠳᠠᠭ ᠃ ᠨᠥᠭᠦᠭᠡ ᠨᠢᠭᠡ ᠥᠷᠦᠭᠡᠰᠦᠨ᠎ᠨᠢ ᠶᠡᠷᠢᠶᠠᠨ ᠦᠭᠡᠢ ᠰᠢᠯᠦᠭᠴᠢ᠎ᠶᠢᠨ ᠰᠡᠳᠭᠢᠬᠦᠢ᠎ᠶᠢᠨ ᠶᠡᠭᠡ ᠵᠠᠢ ᠪᠣᠶᠤ ᠰᠡᠳᠭᠢᠯ᠎ᠤᠨ ᠶᠢᠷᠲᠢᠨᠴᠦ᠎ᠳ᠋ᠤ᠎ᠨᠢ ᠪᠠᠶᠢᠭ᠎ᠠ ᠪᠢᠵᠠ ᠃ ᠵᠡᠭᠦᠨ ᠭᠠᠷ᠎ᠢᠶᠡᠨ ᠢᠳᠡᠪᠬᠢᠲᠡᠢ ᠬᠡᠷᠡᠭᠯᠡᠵᠦ ᠳᠠᠳᠤᠭᠰᠠᠨ ᠬᠥᠮᠦᠨ᠎ᠢ ᠰᠣᠯᠣᠭᠠᠢ ᠬᠥᠮᠦᠨ ᠭᠡᠳᠡᠭ ᠃ ᠰᠣᠯᠣᠭᠠᠢ ᠬᠥᠮᠦᠨ ᠶᠡᠷᠦ᠎ᠨᠢ ᠵᠡᠭᠦᠨ ᠪᠠᠷᠠᠭᠤᠨ ᠭᠠᠷ᠎ᠢᠶᠡᠨ ᠠᠳᠠᠯᠢᠬᠠᠨ ᠬᠡᠷᠡᠭᠯᠡᠳᠡᠭ ᠪᠣᠯᠬᠤᠷ ᠪᠠᠷᠠᠭᠤᠨ ᠭᠠᠷ᠎ᠢᠶᠡᠨ ᠢᠯᠡᠭᠦᠦ ᠬᠡᠷᠡᠭᠯᠡᠵᠦ ᠪᠠᠷᠠᠭᠤᠨ ᠭᠠᠷ᠎ᠢᠶᠡᠨ ᠢᠯᠡᠭᠦᠦ ᠲᠥᠰᠢᠳᠡᠭ ᠣᠯᠠᠩᠬᠢ ᠲᠣᠭᠠᠨ᠎ᠤ ᠵᠥᠪ ᠭᠠᠷᠲᠠᠨ᠎ᠡᠴᠠ ᠥᠯᠡᠭᠦᠦ ᠤᠷᠠᠨ ᠭᠡᠯᠴᠡᠳᠡᠭ ᠃ ᠬᠤᠶᠠᠷ ᠭᠠᠷ᠎ᠤᠨ ᠦᠢᠯᠡᠳᠦᠯ ᠯᠠᠪᠲᠠᠢ ᠥᠷᠦᠭᠡᠰᠦᠨ ᠭᠠᠷ᠎ᠤᠨ ᠦᠢᠯᠡᠳᠦᠯ᠎ᠡᠴᠠ ᠳᠠᠪᠠᠭᠤ ᠪᠠᠶᠢᠬᠤ ᠶᠣᠰᠤᠲᠠᠢ ᠃ ᠪ᠊ · ᠪᠤᠶᠠᠨᠬᠡᠰᠢᠭ ᠪᠣᠯ ᠪᠣᠷᠤᠭᠤ ᠭᠠᠷ᠎ᠢᠶᠡᠨ ᠵᠥᠪ ᠭᠠᠷ᠎ᠡᠴᠠ᠎ᠪᠠᠨ ᠴᠤ ᠢᠯᠡᠭᠦᠦ ᠰᠠᠶᠢᠨ ᠬᠡᠷᠡᠭᠯᠡᠳᠡᠭ ᠴᠣᠯᠭᠤᠷᠠᠭᠰᠠᠨ ᠰᠢᠯᠦᠭᠴᠢᠨ ᠶᠣᠮ ᠃
※ ᠵᠣᠬᠢᠶᠠᠯ᠎ᠳ᠋ᠤ ᠠᠰᠢᠭᠯᠠᠭᠰᠠᠨ ᠵᠢᠱᠢᠶ᠎ᠡ ᠰᠢᠯᠦᠭ᠎ᠢ 2014 ᠣᠨ᠎ᠳ᠋ᠤ ᠥᠪᠥᠷ ᠮᠣᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠎ᠶᠢᠨ ᠬᠡᠪᠯᠡᠭᠰᠡᠨ ᠪ᠊ · ᠪᠤᠶᠠᠨᠬᠡᠰᠢᠭ᠎ᠤᠨ ︽ ᠴᠠᠰᠤᠨ᠎ᠤ ᠮᠠᠷᠺ ︾ ᠰᠢᠯᠦᠭ᠎ᠤᠨ ᠲᠡᠭᠦᠪᠥᠷᠢ᠎ᠡᠴᠠ ᠠᠪᠤᠪᠠ ᠃
2020.5.6


ᠤᠶᠠᠩᠭᠠᠯᠠᠭᠴᠢ ᠄ ᠰᠡᠷᠭᠦᠯᠡᠩᠴᠡᠴᠡᠭ
ᠦᠢᠯᠡᠳᠦᠭᠴᠢ ᠄ ᠬᠦᠬᠡᠪᠠᠷᠰ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面