ᠲᠡᠷᠢᠭᠦᠨ ᠨᠢᠭᠤᠷ>ᠵᠢᠷᠭᠢᠶ᠎ᠡ> ᠤᠶᠠᠩᠭᠠᠲᠤ ᠨᠤᠮ

2016-08-15 15:35:21

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠭᠤᠪᠢ᠎ᠶᠢᠨ ᠮᠠᠯᠴᠢᠳ ᠲᠡᠮᠡᠭᠡ ᠲᠡᠵᠢᠭᠡᠳᠡᠭ᠎ᠨᠢ ᠵᠦᠩᠳᠡᠭᠡᠨ ᠪᠠᠢᠳᠠᠭ ᠃ ᠲᠡᠮᠡᠭᠡ ᠭᠡᠳᠡᠭ ᠠᠮᠢᠳᠠᠨ ᠠᠮᠢᠵᠢᠷᠠᠯ᠎ᠤᠨ ᠬᠦᠴᠦᠨ ᠴᠢᠩᠭ᠎ᠠ᠎ᠶᠢᠨ ᠤᠴᠢᠷ ᠂ ᠬᠠᠭᠠᠰ ᠰᠠᠷ᠎ᠠ ᠨᠢᠭᠡ ᠰᠠᠷ᠎ᠠ ᠲᠡᠷᠡᠴᠢᠯᠡᠨ ᠬᠠᠭᠠᠰ ᠵᠢᠯ᠎ᠢᠶᠠᠷ ᠴᠤ ᠨᠤᠳᠤᠭ ᠡᠵᠡᠨ᠎ᠢᠶᠡᠨ ᠭᠡᠵᠤ ᠡᠷᠬᠢᠵᠤ ᠦᠵᠡᠬᠦ ᠦᠭᠡᠢ ᠶᠠᠪᠤᠴᠢᠬᠠᠳᠠᠭ ᠬᠠᠴᠢᠨ ᠠᠮᠢᠳᠠᠨ ᠪᠢᠯᠡ ᠃ ᠭᠤᠪᠢ ᠨᠤᠳᠤᠭ ᠦᠷᠭᠡᠨ ᠠᠭᠤᠳᠠᠮ ᠂ ᠡᠯᠡᠰᠦ ᠴᠦᠯ ᠡᠯᠡᠷ ᠪᠠᠯᠠᠷ ᠃ ︽ ᠮᠠᠨᠠᠢᠬᠢᠨ᠎ᠤ ᠲᠡᠮᠡᠭᠡ ᠬᠠᠮᠢᠭᠠᠭᠤᠷ ᠪᠡᠯᠴᠢᠭᠡ ᠪᠤᠢ ? ︾ ᠭᠡᠵᠤ ᠮᠠᠯᠴᠢᠳ ᠦᠩᠭᠡᠷᠡᠭᠰᠡᠨ᠎ᠳ᠋ᠤ ᠡᠷᠢᠯ᠎ᠳ᠋ᠤ ᠶᠠᠪᠤᠳᠠᠭ ᠪᠠᠢᠬᠰᠠᠨ᠎ᠢᠶᠡᠨ ᠤᠳᠤ ᠰᠢᠨ᠎ᠡ ᠮᠡᠷᠭᠡᠵᠢᠯ ᠰᠦᠯᠵᠢᠶᠡᠨ᠎ᠤ ᠲᠡᠪᠴᠠᠩ᠎ᠢ ᠠᠰᠢᠬᠯᠠᠨ ᠂ ᠭᠠᠷ ᠤᠳᠠᠰᠤ᠎ᠪᠠᠷ᠎ᠢᠶᠡᠨ ᠲᠡᠮᠡᠭᠡ᠎ᠪᠠᠨ ︽ ᠬᠠᠢᠵᠤ ︾ ᠴᠢᠳᠠᠳᠠᠭ ᠪᠤᠯᠵᠠᠢ ᠃
ᠤᠢᠷ᠎ᠠ᠎ᠶᠢᠨ ᠡᠳᠦᠷ ᠂ ᠡᠵᠡᠨ᠎ᠠ ᠬᠤᠰᠢᠭᠤ᠎ᠶᠢᠨ ᠰᠢᠯᠵᠢᠭᠡ ᠬᠤᠯᠪᠤᠭ᠎ᠠ᠎ᠶᠢᠨ ᠺᠤᠮᠫᠠᠨᠢ ᠂ ᠡᠵᠡᠨ᠎ᠠ ᠬᠤᠰᠢᠭᠤᠨ᠎ᠤ ᠲᠠᠷᠢᠶᠠᠯᠠᠡᠭ ᠮᠠᠯ ᠠᠵᠦ ᠠᠬᠤᠢ ᠪᠤᠯᠤᠨ ᠰᠢᠨᠵᠢᠯᠡᠬᠦ ᠤᠬᠠᠭᠠᠨ ᠮᠡᠷᠬᠡᠵᠢᠯ᠎ᠤᠨ ᠲᠤᠪᠴᠢᠶ᠎ᠠ ᠬᠠᠮᠳᠤᠷᠠᠨ ᠂ ᠡᠵᠡᠨ᠎ᠠ ᠬᠤᠰᠢᠭᠤ᠎ᠶᠢᠨ ᠲᠠᠯᠠᠢᠬᠦ᠋ᠪ ᠪᠠᠯᠭᠠᠰᠦ᠎ᠶᠢᠨ ᠤᠯᠠᠭᠠᠨᠬᠡᠷᠡᠯ ᠭᠠᠴᠠᠭ᠎ᠠ ᠂ ᠰᠠᠢᠬᠠᠨ ᠲᠤᠤᠷᠠᠢ ᠰᠤᠮᠤ᠎ᠶᠢᠨ ᠰᠠᠢᠬᠠᠨ ᠲᠤᠤᠷᠠᠢ ᠭᠠᠴᠠᠭ᠎ᠠ ᠂ ᠰᠤᠪᠠᠨᠠᠭᠤᠷ ᠰᠤᠮᠤ᠎ᠶᠢᠨ ᠴᠡᠬᠡ ᠭᠠᠴᠠᠭ᠎ᠠ᠎ᠶᠢᠨ ᠵᠢᠷᠭᠤᠭᠠᠨ ᠮᠠᠯᠵᠢᠬᠤ ᠡᠷᠦᠬᠡ᠎ᠶᠢᠨ 20 ᠲᠡᠮᠡᠬᠡᠨ᠎ᠳ᠋ᠤ ︽ ᠤᠶᠤᠨᠴᠢ ᠠᠯᠠᠱᠠ ︾ ᠬᠡᠮᠡᠬᠦ ᠤᠶᠤᠨᠴᠢ ᠮᠠᠯ ᠬᠠᠷᠢᠭᠤᠯᠬᠤ ᠰᠢᠰᠲ᠋ᠸᠮ ᠪᠦᠬᠦᠢ ᠲᠦᠭᠦᠭᠡᠷᠦᠮᠵᠢ ᠵᠡᠬᠦᠯᠬᠡᠭᠰᠡᠨ ᠪᠠᠢᠨ᠎ᠠ ᠃ ᠡᠨᠡ᠎ᠨᠢ ᠬᠤᠢᠮᠤᠷ᠎ᠲᠤ᠎ᠪᠠᠨ ᠰᠠᠭᠤᠵᠤ ᠪᠠᠢᠭᠠᠳ ᠬᠤᠳᠠ᠎ᠶᠢᠨ᠎ᠢᠶᠡᠨ ᠲᠡᠮᠡᠭᠡ᠎ᠪᠠᠨ ᠬᠠᠮᠢᠭᠠᠭᠤᠷ ᠪᠡᠯᠴᠢᠭᠡ᠎ᠶᠢ ᠠᠵᠢᠬᠯᠠᠵᠤ ᠮᠡᠳᠡᠳᠡᠭ ︽ ᠲᠤᠷᠠᠨ ᠬᠠᠷᠠᠭ᠎ᠠ ︾ ᠪᠤᠯᠪᠠ ᠃
ᠤᠢᠯᠠᠭᠠᠬᠰᠠᠨ᠎ᠢᠶᠠᠷ ᠂ ᠡᠨᠡᠬᠦ ᠤᠶᠤᠨᠴᠢ ᠮᠠᠯ ᠬᠠᠷᠢᠭᠤᠯᠬᠤ ᠰᠢᠰᠲ᠋ᠸᠮ ᠪᠤᠯ ᠲᠠᠭᠠᠭᠤᠯᠢ ᠤᠳᠤ᠎ᠪᠠᠷ ᠪᠠᠢᠷᠢ ᠲᠤᠬᠳᠠᠭᠠᠬᠤ ᠮᠡᠷᠬᠡᠵᠢᠯ᠎ᠢ ᠠᠰᠢᠬᠯᠠᠨ ᠂ ᠰᠢᠯᠵᠢᠭᠡ ᠬᠤᠯᠪᠤᠭ᠎ᠠ᠎ᠶᠢᠨ ᠪᠦᠷᠬᠦᠴᠡ᠎ᠳ᠋ᠤ ᠲᠦᠰᠢᠭᠯᠡᠵᠦ ᠂ ᠤᠶᠤᠨᠴᠢ ᠭᠠᠷ ᠤᠳᠠᠰᠦ ︵ APP ᠂ ᠵᠢᠷᠬᠢᠶ᠎ᠡ᠎ᠶᠢᠨ ᠨᠡᠢᠳᠡ᠎ᠶᠢᠨ ᠲᠠᠪᠴᠠᠡᠭ ︶ ᠂ ᠺᠤᠮᠫᠢᠤᠢᠲᠸᠷ ᠵᠡᠷᠬᠡ ᠤᠯᠠᠨ ᠵᠦᠢᠯ᠎ᠤᠨ ᠦᠵᠦᠬᠦᠷᠯᠢᠭ᠎ᠢ ᠠᠰᠢᠬᠯᠠᠨ ᠂ ᠮᠠᠯ ᠰᠦᠷᠦᠭ᠎ᠤᠨ ᠤᠷᠤᠨ ᠪᠠᠢᠷᠢ᠎ᠶᠢᠨ ᠰᠤᠷᠠᠭ ᠵᠠᠡᠭᠬᠢ ᠂ ᠮᠠᠯ᠎ᠤᠨ ᠬᠦᠴᠦ ᠲᠠᠷᠭᠤ᠎ᠶᠢᠨ ᠰᠤᠷᠠᠭ ᠵᠠᠡᠭᠬᠢ᠎ᠶᠢ ᠬᠢᠨᠠᠨ ᠡᠵᠡᠮᠳᠡᠵᠦ ᠬᠠᠮᠢᠶᠠᠷᠤᠯᠳᠠ ᠬᠢᠳᠡᠭ ᠃ ᠤᠶᠤᠨᠴᠢ ᠮᠠᠯ ᠬᠠᠷᠢᠭᠤᠯᠬᠤ ᠰᠢᠰᠲ᠋ᠸᠮ ᠴᠠᠭ ᠢᠮᠠᠬᠳᠠ ᠲᠡᠮᠡᠬᠡᠨ᠎ᠳ᠋ᠤ GPS ᠪᠠᠢᠷᠢ ᠲᠤᠬᠳᠠᠭᠠᠯᠳᠠ ᠬᠢᠵᠦ ᠂ GRPS ᠤᠷᠤᠰᠤᠮᠵᠢ᠎ᠶᠢᠨ ᠬᠡᠮᠵᠢᠶ᠎ᠡ ᠪᠤᠶᠤ ᠴᠠᠬᠢᠮ ᠮᠡᠳᠡᠬᠡ᠎ᠪᠠᠷ ᠲᠡᠮᠡᠬᠡᠨ᠎ᠤ ᠤᠷᠤᠨ ᠪᠠᠢᠷᠢ᠎ᠶᠢ ᠮᠡᠳᠡᠬᠦᠯᠵᠦ ᠪᠤᠯᠬᠤ ᠮᠦᠷᠳᠡᠬᠡᠨ ᠮᠠᠯ ᠰᠦᠷᠦᠭ᠎ᠤᠨ ᠰᠢᠯᠵᠢᠵᠦ ᠪᠠᠢᠬᠤ ᠬᠤᠷᠳᠤᠴᠠ᠎ᠨᠢ ᠬᠡᠪ᠎ᠤᠨ ᠪᠤᠰᠤ ᠪᠤᠶᠤ ᠪᠡᠯᠴᠢᠭᠡᠷ᠎ᠤᠨ ᠬᠡᠪᠴᠢᠶ᠎ᠠ᠎ᠡᠴᠠ ᠲᠠᠪᠠᠬᠰᠠᠨ ᠪᠠᠢᠪᠡᠯ ᠰᠡᠷᠡᠮᠵᠢ᠎ᠶᠢᠨ ᠲᠤᠬᠢᠶ᠎ᠠ ᠢᠷᠡᠬᠦᠯᠬᠦ ᠪᠤᠯᠤᠨ᠎ᠠ ᠃ ᠲᠤᠰ ᠰᠢᠰᠲ᠋ᠸᠮ᠎ᠨᠢ ᠪᠠᠰᠠ ᠪᠡᠯᠴᠢᠬᠡᠷ᠎ᠤᠨ ᠤᠷᠴᠢᠨ ᠲᠤᠭᠤᠷᠢᠨ᠎ᠤ ᠲᠤᠯᠠᠭᠠᠨ᠎ᠤ ᠬᠡᠮᠵᠢᠶ᠎ᠡ ᠂ ᠴᠢᠬᠢᠭ᠎ᠤᠨ ᠬᠡᠮᠵᠢᠶ᠎ᠡ ᠂ ᠮᠠᠯ ᠰᠦᠷᠦᠭ᠎ᠤᠨ ᠰᠢᠯᠵᠢᠬᠦ ᠬᠤᠷᠳᠤᠴᠠ᠎ᠶᠢᠨ ᠤᠷᠳᠤᠷᠢᠭ ᠦᠷᠬᠡᠷᠢᠭ ᠵᠡᠷᠬᠡ ᠰᠤᠷᠠᠭ ᠵᠠᠡᠭᠬᠢ᠎ᠳ᠋ᠤ ᠲᠡᠮᠳᠡᠭᠯᠡᠯ ᠬᠢᠳᠡᠭ ᠃
ᠡᠵᠠᠨ᠎ᠠ ᠬᠤᠰᠢᠭᠤ᠎ᠶᠢᠨ ᠲᠡᠮᠡᠬᠡᠴᠢᠳ ᠶᠡᠷᠦᠳᠡᠬᠡᠨ ᠬᠦᠮᠦᠨ᠎ᠤ ᠬᠦᠴᠦ᠎ᠪᠠᠷ ᠲᠡᠮᠡᠬᠡ ᠬᠠᠷᠢᠭᠤᠯᠵᠦ ᠂ ᠨᠢᠬᠡ ᠵᠢᠯ᠎ᠳ᠋ᠤ ᠪᠠᠷᠤᠭ 4 ᠲᠦᠮᠡᠨ ᠲᠦᠬᠦᠷᠢᠭ᠎ᠤᠨ ᠪᠡᠯᠡ ᠵᠠᠷᠤᠴᠠᠭᠤᠯᠳᠠᠭ ᠃ ᠡᠨᠡᠬᠦ ᠰᠢᠰᠲ᠋ᠸᠮ᠎ᠢ ᠬᠡᠷᠡᠭᠯᠡᠭᠰᠡᠨ᠎ᠤ ᠲᠠᠷᠠᠭ᠎ᠠ ᠡᠷᠦᠬᠡ ᠪᠤᠯᠭᠠᠨ ᠪᠠᠷᠤᠭ 4000 ᠲᠦᠬᠦᠷᠢᠭ ᠠᠷᠪᠢᠯᠠᠬᠤ ᠮᠦᠷᠳᠡᠬᠡᠨ ᠲᠡᠮᠡᠬᠡ ᠬᠠᠷᠢᠭᠤᠯᠬᠤ ᠴᠠᠭ᠎ᠢᠶᠠᠷ ᠦᠬᠡᠷ᠎ᠡ ᠠᠵᠢᠯ ᠬᠢᠵᠦ ᠠᠰᠢᠭ ᠤᠷᠤᠯᠭ᠎ᠠ᠎ᠪᠠᠨ ᠨᠡᠮᠡᠭᠳᠡᠬᠦᠯᠵᠦ ᠪᠤᠯᠤᠨ᠎ᠠ ᠃ ᠰᠤᠪᠠᠨᠠᠭᠤᠷ ᠰᠤᠮᠤ᠎ᠶᠢᠨ ᠢᠪᠡᠤᠳᠦ ᠭᠠᠴᠠᠭ᠎ᠠ᠎ᠶᠢᠨ ᠮᠠᠯᠴᠢᠨ ᠤᠶᠤᠨᠴᠢᠮᠡᠭ ᠡᠨᠡᠬᠦ ᠵᠢᠷᠭᠤᠭᠠᠨ ᠡᠷᠦᠬᠡ᠎ᠶᠢᠨ ᠠᠵᠠᠳᠠᠢ ᠨᠢᠬᠡᠨ᠎ᠨᠢ ᠪᠤᠯᠵᠠᠢ ᠃ ᠲᠡᠷᠡ ᠄ ︽ ᠮᠠᠨᠠᠢᠬᠢᠨ 400 ᠭᠠᠷᠤᠢ ᠲᠡᠮᠡᠬᠡ᠎ᠲᠠᠢ ᠂ ᠤᠤᠯ᠎ᠨᠢ ᠮᠠᠯ ᠬᠠᠷᠢᠭᠤᠯᠬᠤ᠎ᠳ᠋ᠤ ᠬᠦᠮᠦᠨ ᠬᠦᠯᠦᠰᠦᠯᠡᠬᠦ ᠦᠭᠡᠢ ᠪᠤᠯ ᠰᠤᠯᠠ ᠲᠠᠯᠪᠢᠳᠠᠭ ᠪᠠᠢᠯ᠎ᠠ ᠃ ᠬᠦᠮᠦᠨ ᠬᠦᠯᠦᠰᠦᠯᠡᠪᠡᠯ ᠨᠢᠬᠡ ᠰᠠᠷ᠎ᠠ᠎ᠳ᠋ᠤ ᠬᠤᠶᠠᠷ ᠭᠤᠷᠪᠠᠨ ᠮᠢᠡᠭᠭᠠᠨ ᠲᠦᠬᠦᠷᠢᠭ ᠵᠠᠷᠤᠴᠠᠭᠤᠯᠤᠨ᠎ᠠ ᠂ ᠰᠤᠯᠠ ᠲᠠᠯᠪᠢᠭᠠᠳ ᠡᠪᠦᠯ ᠪᠤᠯᠪᠠᠯ ᠢᠡᠭᠭᠡ ᠪᠤᠤᠷ᠎ᠠ ᠬᠠᠮᠢᠭ᠎ᠠ ᠴᠢᠭ ᠦᠭᠡᠢ ᠶᠠᠪᠤᠭᠠᠳ ᠡᠷᠢᠯ ᠪᠤᠯᠭᠠᠳᠠᠭ ᠃ ᠬᠠᠷᠢᠨ ᠤᠳᠤ ᠲᠡᠮᠡᠬᠡᠨ᠎ᠳ᠋ᠡᠭᠡᠨ ᠡᠨᠡᠬᠦ ᠰᠢᠰᠲᠸᠮ᠎ᠢ ᠵᠡᠬᠦᠯᠬᠡᠭᠰᠡᠨ᠎ᠡᠴᠠ ᠲᠤᠡᠭ ᠠᠮᠤᠷ ᠪᠤᠯᠤᠯ᠎ᠠ ᠃ ᠴᠡᠬᠡ ᠪᠤᠭᠤᠮᠳᠠ᠎ᠡᠴᠠ ᠬᠡᠳᠦᠢ ᠵᠠᠢᠳᠠᠢ ᠂ ᠭᠠᠰᠢᠭᠤᠨ ᠨᠠᠭᠤᠷ᠎ᠡᠴᠠ ᠬᠡᠳᠦᠢ ᠵᠠᠢᠳᠠᠢ ᠪᠠᠢᠨ᠎ᠠ ᠬᠡᠵᠦ ᠭᠠᠷ ᠤᠳᠠᠰᠤᠨ ᠲᠡᠬᠡᠷ᠎ᠡ ᠬᠡᠯᠡᠬᠡᠳ ᠦᠭᠴᠢᠳᠡᠭ ᠰᠠᠢᠬᠠᠨ ᠡᠳ᠋ ᠂ ᠲᠡᠬᠡᠪᠡᠯ ᠪᠢᠳᠡ ᠴᠢᠨᠢ ᠲᠡᠷᠡ ᠵᠦᠭ ᠳᠦᠨᠢ ᠬᠠᠢᠭᠠᠳ ᠯᠡ ᠤᠴᠢᠪᠠᠯ ᠪᠤᠯᠴᠢᠬᠠᠨ᠎ᠠ ᠃ ᠴᠠᠭ ᠪᠤᠯᠤᠨ ᠮᠦᠡᠭᠬᠦ᠎ᠳ᠋ᠤ ᠶᠡᠬᠡ ᠠᠷᠪᠢᠳᠠᠢ ︾ ᠬᠡᠵᠦ ᠪᠠᠶᠠᠷᠳᠠᠢ ᠶᠠᠷᠢᠯ᠎ᠠ ᠃
︽ ᠤᠶᠤᠨᠴᠢ ᠠᠯᠠᠱᠠ ︾ ᠮᠠᠯ ᠬᠠᠷᠢᠭᠤᠯᠬᠤ ᠰᠢᠰᠲ᠋ᠸᠮ ‍ᠢ ᠲᠡᠮᠡᠬᠡᠨ᠎ᠳ᠋ᠤ ᠵᠡᠬᠦᠯᠬᠡᠭᠰᠡᠨ ᠠᠷᠪᠠᠨ ᠡᠳᠦᠷ᠎ᠤᠨ ᠲᠠᠷᠠᠭ᠎ᠠ ᠰᠤᠷᠪᠤᠯᠵᠢᠯᠠᠬᠴᠢ ᠲᠠᠬᠢᠨ ᠡᠵᠡᠨ᠎ᠠ ᠬᠤᠰᠢᠭᠤ᠎ᠶᠢᠨ ᠰᠢᠯᠵᠢᠭᠡ ᠬᠤᠯᠪᠤᠭ᠎ᠠ᠎ᠶᠢᠨ ᠺᠤᠮᠫᠠᠨᠢ᠎ᠶᠢᠨ ᠲᠤᠰ ᠲᠦᠷᠦᠯ ᠵᠦᠢᠯ᠎ᠤᠨ ᠬᠠᠷᠢᠭᠤᠴᠠᠯᠭᠠᠳᠠᠨ᠎ᠡᠴᠠ ᠠᠡᠭᠬ᠎ᠠ ᠠᠯᠬᠤᠮ᠎ᠤᠨ ᠲᠤᠷᠰᠢᠯᠳᠠ ᠶᠠᠮᠠᠷᠬᠠᠨ ᠪᠤᠯᠵᠦ ᠪᠠᠢᠭ᠎ᠠ ᠲᠤᠬᠠᠢ ᠰᠤᠷᠪᠤᠯᠵᠢᠯᠠᠭ᠎ᠠ ᠠᠪᠬᠤ᠎ᠳ᠋ᠤ ᠄ ︽ ᠡᠨᠡᠬᠦ ᠰᠢᠰᠲ᠋ᠸᠮ᠎ᠨᠢ ᠰᠢᠯᠵᠢᠭᠡ ᠬᠤᠯᠪᠤᠭ᠎ᠠ᠎ᠶᠢᠨ ᠪᠦᠷᠬᠦᠴᠡ᠎ᠳ᠋ᠤ ᠰᠠᠭᠤᠷᠢᠯᠠᠵᠦ ᠪᠠᠢᠬᠤ ᠪᠤᠯᠬᠤᠷ ᠲᠤᠬᠢᠶ᠎ᠠ ᠲᠡᠮᠳᠡᠭ ᠦᠭᠡᠢ ᠪᠤᠯᠪᠠᠯ ᠲᠡᠮᠡᠬᠡᠨ᠎ᠤ ᠤᠷᠤᠨ ᠪᠠᠢᠷᠢ᠎ᠶᠢ ᠮᠡᠳᠡᠵᠦ ᠲᠡᠢᠯᠬᠦ ᠦᠭᠡᠢ ᠂ ᠪᠠᠰᠠ ᠲᠡᠮᠡᠬᠡᠨ᠎ᠤ ᠶᠠᠪᠤᠵᠦ ᠦᠡᠭᠭᠡᠷᠡᠭᠰᠡᠨ ᠵᠠᠮ ᠮᠦᠷ᠎ᠢ ᠲᠡᠮᠳᠡᠭᠯᠡᠵᠦ ᠲᠡᠢᠯᠬᠦ ᠦᠭᠡᠢ ᠪᠠᠢᠨ᠎ᠠ ᠂ ᠬᠤᠢᠰᠢᠳᠠ ᠡᠨᠡ ᠲᠠᠯ᠎ᠠ᠎ᠪᠠᠷ ᠨᠡᠬᠡᠬᠡᠨ ᠬᠦᠭᠵᠢᠬᠦᠯᠦᠯᠳᠡ ᠬᠢᠬᠦ ᠴᠢᠬᠤᠯᠳᠠᠢ ︾ ᠬᠡᠵᠦ ᠶᠠᠷᠢᠯ᠎ᠠ ᠃
ᠤᠢᠯᠠᠭᠠᠬᠰᠠᠨ᠎ᠢᠶᠠᠷ ᠂ ᠡᠵᠡᠨ᠎ᠠ ᠬᠤᠰᠢᠭᠤ ᠦᠷᠬᠦᠯᠵᠢᠯᠡᠨ ᠡᠨᠡᠬᠦ ᠰᠢᠰᠲ᠋ᠸᠮ᠎ᠢ ᠲᠡᠯᠬᠡᠷᠡᠬᠦᠯᠦᠨ ᠬᠡᠷᠡᠭᠯᠡᠵᠦ ᠂ ᠨᠡᠡᠭ ᠤᠯᠠᠨ ᠲᠡᠮᠡᠬᠡᠴᠢᠨ᠎ᠳ᠋ᠤ ᠲᠦᠬᠦᠮ ᠦᠵᠡᠬᠦᠯᠬᠦ᠎ᠪᠠᠷ ᠪᠤᠢ ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面