2016-09-02 10:40:21
ᠡᠷᠬᠢᠮ ᠵᠢᠷᠭᠢᠶᠡᠨ ᠠᠨᠳᠠ ᠨᠠᠷ ᠮᠢᠨᠢ ᠰᠠᠶᠢᠬᠠᠨ ᠨᠠᠮᠤᠷᠵᠢᠵᠤ ᠪᠠᠶᠢᠨ᠎ᠠ ᠤᠤ ︖ ᠡᠳᠦᠭᠡ ᠵᠤᠬᠢᠶᠠᠭᠴᠢ᠎ᠶᠢᠨ ᠵᠦᠪᠰᠢᠶᠠᠷᠡᠯ᠎ᠢᠶᠠᠷ ᠂ ᠳᠤᠯᠤᠳᠤᠭᠠᠷ ᠤᠳᠠᠭᠠᠨ᠎ᠤ ᠮᠤᠩᠭᠤᠯ ᠤᠷᠠᠨ ᠵᠤᠬᠢᠶᠠᠯ᠎ᠤᠨ ︽ ᠪᠤᠷᠵᠢᠬᠢᠨ ᠱᠠᠩᠨᠠᠯ ︾᠎ᠤᠨ ᠳᠠᠷᠢᠬᠦᠨ᠎ᠳ᠋ᠤ ᠳᠤᠳᠤᠷᠠᠭᠰᠠᠨ ᠪᠦᠳᠦᠭᠡᠯ ︽ ᠶᠢᠷᠳᠢᠨᠴᠤ᠎ᠶᠢᠨ ᠬᠢᠵᠠᠭᠠᠷ᠎ᠲᠠᠬᠢ ᠰᠠᠷᠠᠨ᠎ᠤ ᠭᠡᠷᠡᠯ ︾ ᠨᠠᠶᠢᠷᠠᠭᠤᠯᠤᠯᠢ ᠵᠢᠷᠬᠢᠶᠡᠨᠳ᠋ᠡᠭᠡᠨ ᠨᠠᠶᠢᠳᠡᠯᠡᠵᠦ ᠂ ᠲᠨ ᠪᠦᠬᠦᠨᠳ᠋ᠡᠭᠡᠨ ᠤᠶᠤᠨ᠎ᠤ ᠬᠦᠷᠳᠡᠭᠡᠯ ᠪᠤᠯᠭᠠᠨ ᠪᠠᠷᠢᠵᠦ ᠪᠠᠶᠢᠨ᠎ᠠ ︕ ᠳᠠᠭᠠᠰᠢᠶᠠᠨ ᠰᠤᠨᠢᠷᠬᠠᠮᠤ ︕
ᠮᠣᠩᠭᠤᠯ ᠰᠣᠳᠣᠯᠣᠯ ᠭᠡᠲᠡᠭ ᠶᠠᠭᠤ ᠪᠣᠢ ︖ ᠶᠠᠭᠤᠨ᠎ᠳ᠋ᠤ ᠮᠣᠩᠭᠤᠯ ᠰᠣᠳᠣᠯᠣᠯᠢ ᠬᠢᠲᠡᠭ ᠪᠣᠢ ︖ ᠮᠣᠩᠭᠤᠯ ᠰᠣᠳᠣᠯᠣᠯᠢ ᠬᠢᠬᠦ᠎ᠶᠢᠨ ᠠᠴᠢ ᠬᠤᠯᠪᠣᠭᠲᠠᠯ ᠭᠡᠵᠦ ᠶᠠᠭᠤ ᠪᠣᠢ ︖ ᠡᠨᠡ ᠪᠣᠯ ᠮᠢᠨᠦ ᠦᠪᠡᠷᠡᠴᠠᠪᠠᠨ ᠦᠷᠭᠦᠯᠵᠢ ᠠᠰᠠᠭᠤᠲᠠᠭ ᠠᠰᠠᠭᠤᠯᠲᠠ ᠪᠠᠶᠢᠵᠦ ᠪᠢᠯᠡ ᠃
ᠵᠣᠯ᠎ᠢᠶᠠᠷ ᠡᠨᠡᠬᠦ ᠠᠰᠠᠭᠤᠯᠲᠠ ᠮᠠᠨᠢ 1996 ᠣᠨ᠎ᠳ᠋ᠤ ᠫᠷᠣᠹᠧᠰᠰᠣᠷ ᠴ · ᠬᠡᠰᠢᠭᠲᠣᠭᠲᠠᠬᠤ᠎ᠳ᠋ᠤ ᠱᠠᠪᠢᠯᠠᠭᠰᠠᠨᠢᠶᠠᠷ ᠰᠠᠶᠢ ᠬᠠᠷᠢᠭᠤᠯᠲᠠ᠎ᠪᠠᠨ ᠣᠯᠵᠦ ᠴᠢᠲᠠᠭᠰᠠᠨ ᠶᠣᠮ ᠃
ᠲᠡᠷᠡ ᠦᠶ᠎ᠡ᠎ᠡᠴᠠ ᠯᠡ ᠪᠢ ᠮᠣᠩᠭᠤᠯ ᠰᠣᠳᠣᠯᠣᠯ᠎ᠢᠶᠠᠷ ᠦᠪᠡᠷ᠎ᠤᠨ᠎ᠢᠶᠡᠨ ᠣᠶᠣᠨ ᠲᠣᠯᠭᠠᠭᠤᠷᠢ᠎ᠪᠠᠨ ᠪᠣᠯᠭᠠᠭᠰᠠᠨ ᠃ ᠵᠢᠷᠭᠠᠯ᠎ᠲᠠᠢ ᠦᠶ᠎ᠡ᠎ᠳ᠋ᠤ ᠂ ᠢᠯᠠᠩᠭᠤᠶ᠎ᠠ ᠭᠤᠨᠢᠭ ᠵᠣᠪᠠᠯᠠᠩ᠎ᠢ ᠲᠣᠭᠤᠯᠬᠤ ᠦᠶ᠎ᠡ᠎ᠳ᠋ᠤ ᠮᠣᠩᠭᠤᠯ ᠰᠣᠳᠣᠯᠣᠯ ᠮᠢᠨᠦ ᠬᠠᠮᠤᠭ᠎ᠤᠨ ᠶᠡᠭᠡ ᠦᠮᠦᠭ ᠳᠦᠰᠢᠭ ᠪᠣᠯᠲᠠᠭ ᠰᠠᠨ ᠃ ᠲᠡᠶᠢᠨᠬᠦ ᠮᠢᠨᠦ ᠬᠤᠪᠢ᠎ᠳ᠋ᠤ ᠡᠨᠡ ᠶᠢᠷᠲᠢᠨᠴᠦ᠎ᠳ᠋ᠤ ᠮᠣᠩᠭᠤᠯ ᠰᠣᠳᠣᠯᠣᠯ ᠰᠢᠭ᠋ ᠠᠯᠢᠪᠠ ᠪᠦᠬᠦᠨ᠎ᠢᠶᠡᠨ ᠨᠠᠶᠢᠲᠠᠵᠦ ᠪᠣᠯᠬᠤ ᠂ ᠬᠠᠮᠤᠭ ᠪᠦᠭᠦᠨ᠎ᠢᠶᠡᠨ ᠵᠣᠷᠢᠭᠤᠯᠵᠦ ᠪᠣᠯᠬᠤ ᠂ ᠬᠠᠷᠢᠯ ᠦᠭᠡᠢ ᠲᠡᠮᠡᠴᠡᠵᠦ ᠪᠣᠯᠬᠤ ᠶᠠᠭᠤᠮ᠎ᠠ ᠭᠡᠵᠦ ᠦᠭᠡᠷ᠎ᠡ ᠦᠭᠡᠢ ᠪᠠᠶᠢᠯ᠎ᠠ ᠃ ᠮᠣᠩᠭᠤᠯ ᠰᠣᠳᠣᠯᠣᠯ ᠪᠣᠯ ᠬᠦᠪᠡᠭᠡ ᠬᠢᠵᠠᠭᠠᠷ᠎ᠨᠢ ᠬᠠᠷᠠᠭᠲᠠᠬᠤ ᠦᠭᠡᠢ ᠣᠷᠴᠢᠯᠠᠩᠯᠤᠭᠠ ᠢᠵᠢᠯᠭᠡᠨ ᠠᠭᠤᠲᠠᠮ ᠂ ᠠᠭᠤᠣ ᠶᠡᠭᠡ ᠂ ᠵᠦᠢᠷᠯᠡᠰᠢ ᠦᠭᠡᠢ ᠲᠣᠮᠣ ᠣᠶᠣᠨ ᠣᠬᠠᠭᠠᠨ᠎ᠤ ᠣᠷᠳᠣᠨ ᠪᠠᠶᠢᠭ᠎ᠠ ᠶᠣᠮ ᠃ ᠲᠡᠭᠦᠨ ᠲᠣᠳᠣᠷ᠎ᠠ ᠪᠢᠲᠡ ᠠᠯᠣᠨ ᠭᠤᠸ᠎ᠡ ᠡᠬᠡ᠎ᠶᠢᠨ ᠰᠣᠷᠭᠠᠯᠢ ᠰᠣᠨᠣᠰᠴᠦ ᠪᠣᠯᠲᠠᠭ ᠂ ᠠᠤᠭ᠎ᠠ ᠴᠢᠩᠬᠢᠰ᠎ᠤᠨ ᠪᠢᠯᠢᠭ ᠰᠣᠷᠭᠠᠯᠢ ᠴᠡᠭᠡᠵᠢᠯᠡᠵᠦ ᠪᠣᠯᠲᠠᠭ ᠂ ᠠᠯᠲᠠᠵᠦ ᠣᠨᠣᠵᠦ ᠶᠠᠪᠣᠭᠰᠠᠨ ᠲᠡᠣᠬᠡ᠎ᠶᠢᠨ ᠭᠤᠨᠢᠭ᠎ᠢᠶᠡᠨ ᠰᠢᠭᠦᠵᠦ ᠪᠣᠯᠲᠠᠭ ᠂ ᠠᠰᠢᠲᠠ ᠢᠷᠡᠭᠡᠳᠦᠢ᠎ᠶᠢᠨ ᠲᠣᠬᠠᠢ᠎ᠪᠠᠨ ᠳᠦᠰᠦᠭᠡᠯᠡᠵᠦ ᠴᠤ ᠪᠣᠯᠲᠠᠭ
ᠰᠠᠨ ᠃
1996 - 2000 ᠣᠨ᠎ᠤ ᠬᠤᠭᠤᠷᠣᠨᠲᠣ ᠪᠢ ᠲᠦᠪ᠎ᠤᠨ ᠦᠨᠳᠦᠰᠦᠲᠡᠨ᠎ᠤ ᠶᠡᠭᠡ ᠰᠣᠷᠭᠠᠭᠤᠯᠢ᠎ᠶᠢᠨ ᠴ · ᠬᠡᠰᠢᠭᠲᠣᠭᠲᠠᠬᠤ ᠫᠧᠷᠣᠹᠡᠰᠰᠦᠷᠤᠨ ᠲᠣᠣᠷ᠎ᠠ ᠮᠡᠭᠧᠰᠲ᠋ᠧᠷ ᠵᠡᠷᠭᠡ ᠬᠠᠭᠠᠮᠠᠯᠠᠬᠤᠪᠠᠷ ᠰᠣᠷᠣᠯᠴᠠᠭᠰᠠᠨ ᠪᠢᠯᠡ ᠃ ᠲᠣᠬᠠᠢ᠎ᠶᠢᠨ ᠦᠶ᠎ᠡ᠎ᠳ᠋ᠤ ᠣᠮᠠᠷᠠᠲᠣ ᠶᠣᠸᠠᠨ ᠣᠯᠣᠰ᠎ᠤᠨ ᠦᠶ᠎ᠡ᠎ᠶᠢᠨ ᠲᠦᠪᠡᠳ ᠬᠡᠯᠡᠮᠦᠷᠴᠢ ᠱᠠᠬᠢᠶᠠ ᠲᠣᠩᠷᠠᠪᠤᠨ ᠣᠷᠴᠢᠭᠤᠯᠣᠭᠰᠠᠨ ︽ ᠨᠣᠮ ᠭᠠᠷᠬᠤ᠎ᠢ ᠣᠷᠣᠨ ᠭᠡᠭᠡᠨ ᠲᠣᠯᠢ᠎ᠶᠢᠨ ᠮᠣᠩᠭᠤᠯ ᠣᠷᠴᠢᠭᠤᠯᠭ᠎ᠠ᠎ᠶᠢᠨ ᠰᠣᠳᠣᠯᠣᠯ ︾ ᠬᠡᠮᠡᠬᠦ ᠰᠡᠳᠦᠪ᠎ᠢᠶᠠᠷ ᠲᠡᠭᠦᠰᠬᠦ ᠦᠭᠦᠯᠡᠯ ᠪᠢᠴᠢᠪᠡ ᠃
ᠮᠣᠩᠭᠤᠯ ᠰᠣᠳᠣᠯᠣᠯ ᠨᠠᠲᠠ᠎ᠶᠢ ᠠᠪᠣᠷᠭᠤ ᠲᠣᠮᠣ ᠰᠣᠷᠢᠨᠵᠢᠨ ᠮᠡᠲᠣ ᠲᠠᠲᠠᠭᠰᠠᠭᠠᠷ ᠃ ᠲᠡᠯᠡᠬᠡᠢ ᠨᠠᠷᠠ᠎ᠪᠠᠨ ᠡᠷᠬᠢᠬᠦ ᠮᠡᠲᠣ ᠪᠢ ᠮᠣᠩᠭᠤᠯ ᠰᠣᠳᠣᠯᠣᠯᠢ ᠲᠣᠭᠤᠷᠢᠨ ᠡᠷᠬᠢᠭᠰᠡᠭᠡᠷ ᠪᠠᠶᠢᠯ᠎ᠠ ᠃ ᠲᠡᠷᠡ᠎ᠨᠢ ᠨᠠᠲᠠ᠎ᠶᠢ ᠳ᠋ᠣᠺᠲ᠋ᠣᠷ᠎ᠤᠨ ᠵᠡᠷᠭᠡ ᠭᠤᠷᠢᠯᠠᠨ ᠰᠣᠷᠣᠯᠴᠠᠬᠤ᠎ᠶᠢᠨ ᠬᠠᠮᠤᠭ᠎ᠤᠨ ᠶᠡᠭᠡ ᠳᠦᠯᠬᠢᠴᠡ ᠬᠦᠴᠦᠨ ᠪᠠᠶᠢᠭᠰᠠᠨ ᠶᠣᠮ ᠃
ᠣᠳᠣ ᠳᠣᠮᠲᠠᠲᠣ ᠣᠯᠣᠰ᠎ᠲᠤ ᠠᠮᠢᠳᠣᠷᠠᠵᠦ ᠪᠠᠶᠢᠭ᠎ᠠ ᠮᠣᠩᠭᠤᠯᠴᠣᠳ᠎ᠤᠨ ᠳᠣᠮᠲᠠ ᠴᠣᠬᠤᠮ ᠮᠣᠩᠭᠤᠯ ᠰᠣᠷᠪᠣᠯᠵᠢ ᠪᠢᠴᠢᠭ᠎ᠤᠳ ᠬᠠᠳᠠᠭᠠᠯᠠᠭᠲᠠᠵᠦ ᠪᠠᠶᠢᠲᠠᠭ ᠪᠣᠯᠪᠠᠤ ︕ ᠡᠰᠡᠭᠦᠯ᠎ᠡ ᠪᠢᠲᠡᠨ᠎ᠤ ᠣᠶᠢᠯᠠᠭᠠᠳᠠᠭ ᠰᠢᠭ᠋ ︽ ᠰᠣᠶᠣᠯ᠎ᠤᠨ ᠶᠡᠭᠡ ᠬᠤᠪᠢᠰᠬᠠᠯ ︾᠎ᠶᠢᠨ ᠳᠣᠮᠲᠠ ᠪᠦᠭᠦᠲᠡ ᠲᠦᠢᠮᠡᠷᠳᠡᠭᠲᠡᠨ ᠨᠢᠭᠡᠨᠲᠡ ᠠᠯᠠᠭ᠎ᠠ ᠪᠣᠯᠴᠢᠬᠠᠭᠰᠠᠨ ᠪᠠᠶᠢᠲᠠᠭ ᠶᠣᠮ ᠤᠤ ︕ ᠡᠶᠢᠮᠦᠷᠬᠦ ᠪᠣᠳᠣᠯ᠎ᠳ᠋ᠤ ᠬᠦᠲᠦᠯᠦᠭᠲᠡᠨ ᠪᠢ 2000 ᠣᠨ᠎ᠡᠴᠠ ᠡᠬᠢᠯᠡᠨ ᠮᠣᠩᠭᠤᠯ ᠰᠣᠷᠪᠣᠯᠵᠢ ᠪᠢᠴᠢᠭ᠎ᠤᠨ ᠲᠣᠬᠠᠢ ᠬᠡᠭᠡᠷ᠎ᠡ᠎ᠶᠢᠨ ᠰᠢᠨᠵᠢᠯᠡᠭᠡᠨ᠎ᠤ ᠠᠶᠠᠨ᠎ᠳ᠋ᠤ ᠮᠣᠷᠲᠠᠭᠰᠠᠨ ᠮᠠᠨᠢ ᠥᠴᠦᠭᠡᠳᠦᠷᠬᠡᠨ ᠰᠢᠭ ᠰᠠᠨᠠᠭᠲᠠᠵᠦ ᠪᠠᠶᠢᠨ᠎ᠠ ᠃
2002 ᠣᠨ᠎ᠡᠴᠠ ᠡᠬᠢᠯᠡᠨ ᠪᠢ ᠴ · ᠬᠡᠰᠢᠭᠲᠣᠭᠲᠠᠬᠤ ᠪᠠᠭᠰᠢ᠎ᠳ᠋ᠤ ᠲᠠᠬᠢᠨᠲᠠ ᠱᠠᠪᠢᠯᠠᠨ ᠳ᠋ᠣᠺᠲ᠋ᠣᠷᠠᠨᠲ᠎ᠢᠶᠠᠷ ᠰᠣᠷᠣᠯᠴᠠᠯᠠ ᠃ ᠲᠣᠳᠣ ᠦᠰᠦᠭ᠎ᠤᠨ ᠰᠣᠷᠪᠣᠯᠵᠢ᠎ᠶᠢᠨ ᠲᠣᠬᠠᠢ ᠪᠠᠭ᠎ᠠ ᠰᠠᠭ᠎ᠠ ᠭᠡᠭᠡᠷ᠎ᠡ᠎ᠶᠢᠨ ᠰᠢᠨᠵᠢᠯᠡᠭᠡ ᠬᠢᠭᠰᠡᠨ ᠲᠣᠷᠰᠢᠯᠭ᠎ᠠ ᠪᠠᠶᠢᠭᠰᠠᠨ ᠪᠣᠯᠬᠤᠷ ᠠᠩᠬ᠎ᠠ ᠳᠣᠮᠲᠠᠳᠣ ᠣᠯᠣᠰ᠎ᠲᠤ ᠬᠠᠳᠠᠭᠠᠯᠠᠭᠲᠠᠵᠦ ᠪᠠᠶᠢᠭ᠎ᠠ ᠲᠣᠳᠣ ᠦᠰᠦᠭ᠎ᠤᠨ ᠰᠣᠷᠪᠣᠯᠵᠢ ᠪᠢᠴᠢᠭ᠎ᠤᠨ ᠲᠣᠬᠠᠢ ᠨᠢᠭᠡ ᠶᠠᠭᠤᠮ᠎ᠡ ᠡᠮᠬᠢᠯᠡᠴᠢᠬᠡᠮᠡᠷ ᠰᠠᠨᠠᠭ᠎ᠠ᠎ᠲᠠᠢ ᠪᠠᠶᠢᠭᠰᠠᠨ ᠶᠣᠮ ᠃ ᠭᠡᠪᠡᠴᠦ ᠲᠣᠮᠳᠠᠳᠣ ᠣᠯᠣᠰ᠎ᠲᠤ ᠬᠠᠳᠠᠭᠠᠯᠠᠭᠲᠠᠵᠦ ᠪᠠᠶᠢᠭ᠎ᠠ ᠲᠣᠳᠣ ᠦᠰᠦᠭ᠎ᠤᠨ ᠰᠣᠳᠣᠷ ᠨᠣᠮ ᠭᠤᠣᠯᠳᠠᠭᠤ ᠠᠷᠠᠳ᠎ᠤᠨ ᠳᠣᠮᠲᠠ ᠢᠯᠡᠭᠦᠣ ᠬᠠᠳᠠᠭᠠᠯᠠᠭᠲᠠᠵᠦ ᠪᠠᠶᠢᠬᠤ᠎ᠶᠢ ᠪᠠᠶᠢᠴᠠᠭᠠᠯᠲᠠ᠎ᠪᠠᠷ ᠳᠠᠮᠵᠢᠨ ᠣᠶᠢᠯᠭᠠᠵᠦ ᠮᠡᠲᠡᠪᠡ ᠃ ᠲᠡᠷᠡ ᠪᠦᠬᠦᠨ᠎ᠢ ᠪᠠᠶᠢᠴᠠᠭᠠᠬᠤ ᠭᠡᠭᠴᠢ ᠠᠰᠤᠷᠤ ᠶᠡᠭᠡ ᠴᠠᠭ ᠬᠡᠷᠡᠭᠲᠡᠢ ᠮᠣᠨᠲᠠᠭ ᠠᠵᠢᠯ ᠪᠠᠶᠢᠭᠰᠠᠨ ᠪᠣᠯᠬᠤᠷ ᠲᠡᠶᠢᠮᠦ ᠠᠮᠷᠬᠠᠨ ᠪᠡᠶᠡᠯᠡᠭᠦᠯᠵᠦ ᠴᠢᠲᠠᠬᠤ ᠵᠦᠢᠯ ᠪᠢᠰᠢ ᠪᠠᠶᠢᠭᠰᠠᠨ ᠭᠡᠲᠡᠭ᠎ᠢ ᠨᠢᠭᠤᠬᠤ ᠰᠢᠯᠲᠠᠭ ᠠᠯᠠᠭ᠎ᠠ ᠃ ᠮᠦᠨᠴᠦ ᠮᠢᠨᠦ ᠨᠢᠭᠡᠨᠲᠡ ᠴᠣᠭᠯᠠᠭᠤᠯᠣᠭᠰᠠᠨ ᠮᠠᠲ᠋ᠧᠷᠢᠶᠠᠯ ᠲᠣᠳᠣᠷ᠎ᠠ ᠂ 1648 ᠣᠨ᠎ᠳ᠋ᠤ ᠲᠣᠳᠣ ᠦᠰᠦᠭ᠎ᠢ ᠵᠣᠬᠢᠶᠠᠭᠴᠢ ᠷᠠᠪᠵᠢᠮᠪᠠ ᠽᠠᠶ᠎ᠠ ᠪᠠᠨᠳᠢᠲᠠ᠎ᠶᠢᠨ ᠲᠣᠬᠠᠢ ᠮᠠᠰᠢ ᠣᠯᠠᠨ ᠰᠢᠨ᠎ᠡ ᠵᠦᠢᠯᠡᠰ ᠣᠯᠲᠠᠭᠰᠠᠨ ᠪᠣᠯᠬᠤᠷ ᠳ᠋ᠣᠺᠲ᠋ᠣᠷ ᠵᠡᠷᠭᠡ ᠬᠠᠮᠠᠭᠠᠯᠠᠬᠤ ᠦᠭᠦᠯᠡᠯ᠎ᠢᠶᠡᠨ ︽ ᠷᠠᠪᠵᠢᠮᠪᠠ ᠽᠠᠶ᠎ᠠ ᠪᠠᠨᠳᠢᠲᠠ ᠨᠠᠮᠬᠠᠶᠢᠵᠠᠮᠰᠣᠶᠢᠨ ᠰᠣᠳᠣᠯᠣᠯ ︾ ᠭᠡᠬᠦ ᠰᠡᠳᠦᠪ᠎ᠢᠶᠠᠷ ᠪᠢᠴᠢᠯ᠎ᠡ ᠃ ᠲᠡᠭᠡᠭᠡᠳ 2005 ᠣᠨ᠎ᠤ ᠲᠣᠯᠣᠭᠠᠨ ᠰᠠᠷ᠎ᠠ᠎ᠳ᠋ᠤ ᠪᠢ ᠲᠦᠪ᠎ᠤᠨ ᠦᠨᠳᠦᠰᠦᠲᠡᠨ᠎ᠤ ᠶᠡᠭᠡ ᠰᠣᠷᠭᠠᠭᠤᠯᠢ᠎ᠳ᠋ᠤ ᠳ᠋ᠣᠺᠲ᠋ᠣᠷ᠎ᠤᠨ ᠵᠡᠷᠭᠡ ᠬᠠᠮᠠᠭᠠᠯᠠᠪᠠ ᠃ ᠲᠡᠷᠡ᠎ᠬᠦ ᠡᠷᠳᠡᠮ᠎ᠤᠨ ᠵᠡᠷᠭᠡ ᠬᠠᠮᠠᠭᠠᠯᠠᠭᠰᠠᠨ ᠦᠭᠦᠯᠡᠯ ᠮᠠᠨᠢ ᠵᠣᠯ᠎ᠢᠶᠠᠷ ᠮᠣᠩᠭᠤᠯ ᠣᠯᠣᠰ᠎ᠲᠤ ᠬᠡᠪᠯᠡᠭᠲᠡᠵᠦ ᠪᠠᠶᠢᠭ᠎ᠠ ︽ ᠣᠶᠢᠷᠠᠳ ᠰᠣᠳᠣᠯᠣᠯ᠎ᠤᠨ ᠨᠣᠮ᠎ᠤᠨ ᠰᠠᠩ ︾ ᠬᠡᠮᠡᠬᠦ ᠴᠣᠪᠣᠷᠠᠯ᠎ᠳ᠋ᠤ ᠪᠠᠭᠲᠠᠨ ᠣᠷᠣᠵᠦ ᠂ 2008 ᠣᠨ᠎ᠤ ᠳᠦᠷᠪᠡᠨ ᠰᠠᠷ᠎ᠠ᠎ᠳ᠋ᠤ ᠣᠯᠠᠭᠠᠨᠪᠠᠭᠠᠲᠣᠷ ᠬᠤᠲᠠᠨ᠎ᠠ ᠺᠡᠷᠢᠯ ᠦᠰᠦᠭ᠎ᠪᠠᠷ ᠬᠡᠪᠯᠡᠭᠲᠡᠭᠰᠡᠨ ᠪᠢᠯᠡ ᠃
2000 - 2010 ᠪᠣᠯᠲᠠᠯᠠᠬᠢ ᠠᠷᠪᠠᠨ ᠵᠢᠯ᠎ᠤᠨ ᠬᠤᠭᠤᠷᠣᠨᠲᠣ ᠪᠢ ᠳ᠋ᠣᠺᠲ᠋ᠣᠷ ᠵᠡᠷᠭᠡ ᠭᠤᠷᠢᠯᠠᠬᠤ ᠂ ᠣᠯᠣᠰ᠎ᠤᠨ ᠨᠡᠶᠢᠭᠡᠮ᠎ᠤᠨ ᠰᠢᠨᠵᠢᠯᠡᠭᠦ ᠣᠬᠠᠭᠠᠨ᠎ᠤ ᠰᠠᠭᠤᠷᠢ ᠮᠦᠩᠭᠦᠨ᠎ᠤ ᠳᠦᠰᠦᠯ ᠂ ᠣᠯᠣᠰ᠎ᠤᠨ ᠨᠡᠶᠢᠭᠡᠮ᠎ᠤᠨ ᠰᠢᠨᠵᠢᠯᠡᠬᠦ ᠣᠬᠠᠭᠠᠨ᠎ᠤ ᠰᠠᠭᠤᠷᠢ ᠮᠦᠩᠭᠦᠨ᠎ᠤ ᠨᠡᠶᠢᠭᠡᠮᠯᠢᠭ᠎ᠤᠨ ᠣᠨᠴᠠ ᠳᠦᠰᠦᠯ ᠂ ᠶᠠᠫᠣᠨ᠎ᠤ ᠡᠷᠳᠡᠮ ᠰᠢᠨᠵᠢᠯᠡᠭᠡᠨ᠎ᠢ ᠬᠦᠭᠵᠢᠭᠦᠯᠬᠦ ᠨᠡᠶᠢᠭᠡᠮᠯᠢᠭ᠎ᠤᠨ ᠳᠦᠰᠦᠯ ︵ ᠶᠠᠫᠣᠨ ᠂ ᠮᠣᠩᠭᠤᠯ ᠂ ᠳᠣᠮᠲᠠᠳᠣᠶᠢᠨ ᠡᠷᠳᠡᠮᠲᠡᠳ᠎ᠤᠨ ᠬᠠᠮᠳᠣᠷᠣᠭᠰᠠᠨ ᠳᠦᠰᠦᠯ ︶ ᠂ ᠶᠠᠫᠣᠨ᠎ᠤ ᠲᠣᠶᠣᠣᠲᠠ ᠺᠣᠮᠫᠠᠨᠢ᠎ᠶᠢᠨ ᠳᠦᠰᠦᠯ ︵ ᠬᠠᠮᠳᠣᠷᠣᠭᠰᠠᠨ ︶ ᠂ ᠲᠦᠪ᠎ᠤᠨ ᠦᠨᠳᠦᠰᠦᠲᠡᠨ᠎ᠤ ᠶᠡᠭᠡ ᠰᠣᠷᠭᠠᠭᠤᠯᠢ᠎ᠶᠢᠨ ᠵᠠᠯᠠᠭᠤ ᠪᠠᠭᠰᠢ᠎ᠨᠠᠷ᠎ᠤᠨ ᠳᠦᠰᠦᠯ ᠵᠡᠷᠭᠡ ᠣᠯᠣᠰ᠎ᠤᠨ ᠪᠠ ᠰᠣᠷᠭᠠᠭᠤᠯᠢ᠎ᠶᠢᠨ ᠂ ᠴᠢᠨᠠᠭᠰᠢᠲᠠ ᠭᠠᠳᠠᠭᠠᠲᠣ᠎ᠶᠢᠨ ᠡᠷᠳᠡᠮᠲᠡᠳ᠎ᠲᠠᠢ ᠬᠠᠮᠳᠣᠷᠠᠨ ᠠᠵᠢᠯᠯᠠᠬᠤ ᠳᠦᠰᠦᠯ᠎ᠤᠨ ᠠᠵᠢᠯ᠎ᠢ ᠬᠦᠢᠴᠡᠳᠭᠡᠨ ᠬᠢᠬᠦ᠎ᠶᠢᠨ ᠵᠡᠷᠭᠡ ᠰᠢᠨᠵᠢᠶᠠᠩ᠎ᠤᠨ ᠦᠷᠦᠮᠴᠢ ᠂ ᠬᠤᠪᠤᠭᠰᠠᠶᠢᠷᠢ ᠂ ᠠᠯᠲᠠᠢ ᠂ ᠪᠠᠶᠠᠩᠤᠣᠯ ᠂ ᠪᠣᠷᠣᠲᠠᠯ᠎ᠠ ᠂ ᠢᠯᠢ ︔ ᠥᠪᠦᠷ ᠮᠣᠩᠭᠤᠯ᠎ᠤᠨ ᠬᠠᠶᠢᠯᠠᠷ ᠂ ᠨᠢᠩᠴᠧᠩ ᠂ ᠬᠦᠬᠡᠬᠤᠲᠠ ᠂ ᠠᠯᠠᠱᠠ ᠠᠶᠢᠮᠠᠭ ︔ ᠵᠡᠭᠦᠨ ᠬᠤᠶᠢᠲᠣ᠎ᠶᠢᠨ ᠭᠤᠷᠪᠠᠨ ᠮᠣᠵᠢ᠎ᠶᠢᠨ ᠬᠠᠷᠪᠢᠨ ᠂ ᠮᠦᠭᠲᠡᠨ ᠂ ᠴᠠᠩᠴᠦ᠋ᠨ ︔ ᠾᠧᠪᠸᠢ᠎ᠶᠢᠨ ᠴᠧᠩᠳᠧ ᠬᠤᠲᠠ ︔ ᠮᠣᠩᠭᠤᠯ ᠣᠯᠣᠰ᠎ᠤᠨ ᠣᠯᠠᠭᠠᠨᠪᠠᠭᠠᠲᠣᠷ ᠂ ᠣᠪᠰᠣ ᠂ ᠬᠤᠪᠲᠣ ᠵᠡᠷᠭᠡ ᠣᠯᠣᠰ ᠪᠠ ᠣᠷᠣᠨ ᠂ ᠠᠶᠢᠮᠠᠭ ᠂ ᠬᠤᠲᠠ᠎ᠤᠨ ᠲᠠᠩᠰᠠ ᠠᠷᠬᠢᠪ᠎ᠤᠨ ᠭᠠᠵᠠᠷ ᠂ ᠨᠣᠮ᠎ᠤᠨ ᠰᠠᠩ ᠂ ᠮᠦᠽᠸᠢ ᠂ ᠰᠣᠶᠣᠯ᠎ᠤᠨ ᠭᠠᠵᠠᠷ ᠂ ᠢᠯᠠᠩᠭᠤᠶ᠎ᠠ ᠬᠤᠪᠢ ᠬᠦᠮᠦᠨ᠎ᠤ ᠬᠠᠳᠠᠭᠠᠯᠠᠵᠦ ᠪᠠᠶᠢᠭ᠎ᠠ ᠰᠣᠳᠣᠷ ᠨᠣᠮ᠎ᠤᠳ᠎ᠢ ᠰᠣᠷᠪᠣᠯᠵᠢᠯᠠᠨ ᠪᠠᠶᠢᠴᠠᠭᠠᠪᠠ ᠃ ᠠᠯᠣᠰ ᠬᠤᠯᠠ᠎ᠶᠢᠨ ᠪᠠᠷᠠᠭᠤᠨ ᠬᠢᠵᠠᠭᠠᠷ᠎ᠤᠨ ᠢᠯᠢ᠎ᠡᠴᠠ ᠲᠠᠷᠢᠶᠠᠯᠠᠬᠤ ᠰᠣᠶᠣᠯ᠎ᠤᠨ ᠨᠦᠯᠦᠭᠡ᠎ᠶᠢ ᠬᠠᠮᠤᠭ᠎ᠤᠨ ᠭᠦᠨ ᠬᠦᠷᠲᠡᠭᠰᠡᠨ ᠬᠠᠷᠠᠴᠢᠨ ᠲᠦᠮᠡᠳ᠎ᠤᠨ ᠨᠣᠲᠤᠭ ᠬᠦᠷᠲᠡᠯ᠎ᠡ ᠮᠣᠩᠭᠤᠯ ᠰᠣᠳᠣᠷ ᠨᠣᠮ ᠣᠯᠲᠠᠵᠦ ᠪᠠᠶᠢᠯ᠎ᠠ ᠃
ᠬᠡᠭᠡᠷ᠎ᠡ᠎ᠶᠢᠨ ᠰᠢᠨᠵᠢᠯᠡᠭᠡᠨ᠎ᠤ ᠶᠠᠪᠣᠴᠠ᠎ᠳ᠋ᠤ ᠨᠠᠳᠠ᠎ᠶᠢ ᠬᠠᠮᠤᠭ᠎ᠡᠴᠠ ᠶᠡᠭᠡ ᠰᠣᠴᠢᠭᠠᠭᠰᠠᠨ᠎ᠨᠢ ᠢᠯᠢ ᠭᠤᠣᠯ᠎ᠤᠨ ᠲᠡᠭᠡᠲᠣ ᠣᠷᠣᠰᠬᠠᠯ᠎ᠳ᠋ᠤ ᠨᠣᠲᠣᠭᠯᠠᠵᠦ ᠪᠠᠶᠢᠭ᠎ᠠ ᠦᠭᠡᠯᠡᠳ ᠮᠣᠩᠭᠤᠯᠴᠣᠳ᠎ᠤᠨ ᠠᠯᠲᠠ ᠡᠷᠳᠡᠨᠢ ᠮᠡᠲᠣ ᠨᠠᠨᠳᠢᠩᠨᠠᠨ ᠬᠠᠳᠠᠭᠠᠯᠠᠵᠦ ᠪᠠᠶᠢᠭ᠎ᠠ ᠡᠷᠲᠡᠨ᠎ᠤ ᠰᠣᠳᠣᠷ ᠨᠣᠮ᠎ᠤᠳ ᠪᠣᠯᠣᠨ᠎ᠠ ᠃ ᠵᠠᠷᠢᠮ ᠬᠦᠮᠦᠨ ᠬᠤᠶᠠᠷ ᠵᠠᠭᠤᠨ ᠰᠣᠳᠣᠷ᠎ᠲᠠᠢ ᠂ ᠵᠠᠷᠢᠮ ᠬᠦᠮᠦᠨ ᠵᠠᠭᠤ ᠭᠠᠷᠣᠢ ᠰᠣᠳᠣᠷ᠎ᠲᠠᠢ ᠂ ᠬᠡᠳᠣᠨ ᠠᠷᠪᠠᠨ ᠰᠣᠳᠣᠷ᠎ᠲᠠᠢ ᠬᠦᠮᠦᠨ ᠲᠡᠨᠲᠡ ᠰᠣᠨᠢᠨ ᠪᠢᠰᠢ ᠃ ᠲᠡᠨᠲᠡ ᠬᠠᠳᠠᠭᠠᠯᠠᠭᠲᠠᠵᠦ ᠪᠠᠶᠢᠭ᠎ᠠ ᠮᠣᠩᠭᠤᠯ ᠰᠣᠳᠣᠷ᠎ᠤᠳ ᠲᠠᠪᠬᠤᠷᠲᠠᠭᠰᠠᠨ ᠲᠤᠭ᠎ᠠ᠎ᠪᠠᠷ ᠬᠡᠳᠦᠨ ᠮᠢᠩᠭ᠎ᠠ᠎ᠳ᠋ᠤ ᠬᠦᠷᠴᠦ ᠪᠠᠶᠢᠭ᠎ᠠ ᠪᠦᠭᠡᠳ ᠲᠣᠮᠳᠠᠲᠣ ᠣᠯᠣᠰ᠎ᠤᠨ ᠠᠯᠪᠠᠨ᠎ᠤ ᠬᠠᠳᠠᠭᠠᠯᠠᠯᠲᠠ᠎ᠡᠴᠠ ᠪᠦᠷ ᠴᠤ ᠬᠡᠴᠢᠨᠡᠨ ᠲᠠᠬᠢᠨ᠎ᠢᠶᠠᠷ ᠢᠯᠡᠭᠦᠣ ᠪᠠᠶᠢᠯ᠎ᠠ ᠃ ᠲᠡᠨᠲᠡ 18 ᠳ᠋ᠣᠭᠠᠷ ᠵᠠᠭᠤᠨ᠎ᠳ᠋ᠤ ᠬᠠᠯᠢᠮᠠᠭ᠎ᠲᠤ ᠬᠡᠪᠯᠡᠭᠰᠡᠨ ᠬᠠᠮᠤᠭ ᠡᠷᠲᠡᠨ᠎ᠤ ᠮᠣᠳᠣᠨ᠎ᠪᠠᠷ᠎ᠤᠨ ︽ ᠠᠯᠲᠠᠩᠡᠷᠡᠯ ︾ ᠂ 1742 ᠣᠨ᠎ᠳ᠋ᠤ ᠭᠠᠯᠲᠠᠨᠴᠡᠷᠢᠩ ᠬᠠᠨ᠎ᠤ ᠦᠶ᠎ᠡ᠎ᠳ᠋ᠤ ᠮᠣᠳᠣᠨᠪᠠᠷᠢᠶᠠᠷ ᠬᠡᠪᠯᠡᠭᠲᠡᠭᠰᠡᠨ ᠳᠣᠮᠲᠠᠳᠣ ᠣᠯᠣᠰ᠎ᠲᠤ ᠬᠠᠳᠠᠭᠠᠯᠠᠭᠲᠠᠵᠦ ᠪᠠᠶᠢᠭ᠎ᠠ ᠬᠠᠮᠤᠭ ᠡᠷᠲᠡᠨ᠎ᠤ ᠲᠣᠳᠣ ᠮᠣᠳᠣᠨ᠎ᠪᠠᠷ᠎ᠤᠨ ︽ ᠨᠠᠢᠮᠠᠨ ᠮᠢᠩᠭᠠᠲᠣ ︾ ᠁ ᠵᠡᠷᠭᠡ ᠮᠠᠰᠢ ᠣᠯᠠᠨ ᠬᠤᠪᠣᠷ ᠴᠣᠬᠠᠭ ᠰᠣᠳᠣᠷ ᠨᠣᠮ᠎ᠤᠳ ᠨᠠᠨᠳᠢᠩᠨᠠᠨ ᠬᠠᠳᠠᠭᠠᠯᠠᠭᠲᠠᠵᠦ ᠪᠣᠢ ᠃ ᠣᠳᠣ ᠪᠣᠯᠲᠠᠯ᠎ᠠ ᠮᠡᠲᠡᠭᠲᠡᠵᠦ ᠪᠠᠶᠢᠭ᠎ᠠ᠎ᠪᠠᠷ ᠢᠯᠢ᠎ᠶᠢᠨ ᠦᠭᠡᠯᠡᠳ ᠮᠣᠩᠭᠤᠯᠴᠣᠳ ᠣᠯᠠᠨ ᠣᠯᠣᠰ᠎ᠤᠨ ᠬᠡᠪᠴᠢᠶᠡᠨ᠎ᠳ᠋ᠤ ᠲᠣᠳᠣ ᠦᠰᠦᠭ᠎ᠤᠨ ᠨᠣᠮ ᠰᠣᠳᠣᠷᠢ ᠬᠠᠮᠤᠭ᠎ᠤᠨ ᠣᠯᠠᠨ ᠬᠠᠳᠠᠭᠠᠯᠠᠵᠦ ᠪᠠᠶᠢᠭ᠎ᠠ ᠪᠣᠶᠠᠨᠲᠣ ᠬᠦᠮᠦᠰ᠎ᠤᠳ ᠪᠠᠶᠢᠭ᠎ᠠ ᠶᠣᠮ ᠃ ᠡᠪᠦᠭᠡ ᠲᠡᠭᠡᠳᠦᠰ᠎ᠤᠨ᠎ᠢᠶᠡᠨ ᠣᠶᠣᠨ᠎ᠤ ᠭᠠᠶᠢᠬᠠᠮᠰᠢᠭᠲᠣ ᠦᠪᠢᠶᠡᠨ ᠣᠳᠣ ᠬᠦᠷᠲᠡᠯ᠎ᠡ ᠣᠯᠠᠮᠵᠢᠯᠠᠨ ᠬᠠᠳᠠᠭᠠᠯᠠᠵᠦ ᠴᠢᠲᠠᠭᠰᠠᠨ ᠲᠡᠳᠡ ᠨᠠᠷ᠎ᠲᠤ ᠦᠨᠡᠨ ᠰᠡᠳᠬᠢᠯ᠎ᠤᠨ ᠪᠢᠰᠢᠷᠡᠯ ᠲᠦᠷᠦᠭᠲᠡᠬᠦ ᠮᠦᠷᠲᠡᠭᠡᠨ ᠬᠠᠮᠤᠭ ᠮᠣᠩᠭᠤᠯᠴᠣᠳ᠎ᠤᠨ ᠣᠮᠣᠭᠰᠢᠯ ᠪᠣᠯᠭᠠᠨ ᠠᠯᠲᠠᠷ ᠭᠠᠪᠢᠶ᠎ᠠ᠎ᠶᠢ᠎ᠨᠢ ᠲᠡᠣᠬᠡ ᠱᠠᠰᠲᠢᠷ᠎ᠲᠤ ᠪᠢᠴᠢᠭᠯᠡᠬᠦ᠎ᠨᠢ ᠵᠦᠢᠲᠡᠢ ᠃ ᠭᠡᠬᠦ᠎ᠳ᠋ᠡᠭᠡᠨ ᠵᠦᠪᠬᠡᠨ ᠡᠷᠳᠡᠮ ᠰᠢᠨᠵᠢᠯᠡᠭᠡᠨ᠎ᠤ ᠦᠭᠦᠯᠡᠯ ᠵᠡᠷᠭᠡ᠎ᠪᠠᠷ ᠮᠢᠨᠦ ᠦᠵᠡᠵᠦ ᠰᠣᠨᠣᠰᠣᠭᠰᠠᠨ ᠵᠦᠢᠯᠡᠰᠤᠳᠢ ᠪᠦᠷᠢᠨ ᠢᠯᠡᠳᠭᠡᠨ ᠭᠠᠷᠭᠠᠵᠦ ᠴᠢᠲᠠᠬᠤ ᠦᠭᠡᠢ᠎ᠨᠢ ᠮᠡᠳᠡᠭᠡᠵᠢ᠎ᠶᠢᠨ ᠬᠡᠷᠡᠭ ᠃ ᠲᠡᠶᠢᠨᠬᠦ ᠭᠡᠭᠡᠷ᠎ᠡ᠎ᠶᠢᠨ ᠰᠢᠨᠵᠢᠯᠡᠭᠡᠨ᠎ᠤ ᠠᠶᠠᠨ᠎ᠤ ᠲᠡᠮᠳᠡᠭᠯᠡᠯ᠎ᠤᠨ ᠬᠡᠯᠪᠡᠷᠢ᠎ᠪᠠᠷ ᠨᠠᠲᠠ᠎ᠳ᠋ᠤ ᠲᠣᠬᠢᠶᠠᠯᠳᠣᠭᠰᠠᠨ ᠵᠦᠢᠯᠡᠰ᠎ᠢ ᠲᠡᠮᠳᠡᠭᠯᠡᠨ ᠬᠤᠴᠣᠷᠭᠠᠶᠠ ᠭᠡᠵᠦ ᠬᠡᠳᠦ᠋ᠢᠨ᠎ᠡᠴᠠ ᠪᠣᠳᠣᠭᠰᠠᠭᠠᠷ ᠪᠠᠶᠢᠭᠰᠠᠨ ᠶᠣᠮ ᠃
ᠠᠷᠪᠠᠨ ᠵᠢᠯ᠎ᠤᠨ ᠬᠤᠭᠤᠴᠠᠭᠠᠨ᠎ᠳ᠋ᠤ ᠮᠢᠨᠦ ᠠᠵᠢᠯ᠎ᠤᠨ ᠭᠤᠣᠯᠲᠠᠯᠭ᠎ᠠ ᠰᠢᠨᠵᠢᠶᠠᠩ᠎ᠤᠨ ᠣᠶᠢᠷᠠᠳᠴᠣᠳ᠎ᠤᠨ ᠳᠣᠮᠲᠠ ᠬᠠᠳᠠᠭᠠᠯᠠᠭᠲᠠᠵᠦ ᠪᠠᠶᠢᠭ᠎ᠠ ᠲᠣᠳᠣ ᠦᠰᠦᠭ᠎ᠤᠨ ᠰᠣᠷᠪᠣᠯᠵᠢᠤᠳᠢ ᠪᠦᠷᠢᠳᠭᠡᠬᠦ ᠂ ᠨᠢᠭᠡ ᠨᠢᠭᠡ ᠬᠠᠭᠤᠳᠠᠰᠣ᠎ᠪᠠᠷ ᠵᠢᠷᠤᠭ ᠠᠪᠬᠤ ᠠᠵᠢᠯ ᠪᠠᠶᠢᠭᠰᠠᠨ ᠪᠦᠭᠡᠳ ᠢᠯᠠᠩᠭᠤᠶ᠎ᠠ ᠲᠡᠭᠷᠢ ᠠᠭᠤᠯᠠ᠎ᠶᠢᠨ ᠠᠷᠣ ᠬᠤᠷᠮᠣᠢᠶᠢᠲᠠᠭᠠᠨ ᠂ ᠢᠯᠢ ᠭᠤᠣᠯ᠎ᠤᠨ ᠣᠷᠣᠰᠬᠠᠯ ᠳᠠᠭᠤ ᠣᠷᠣᠨ᠎ᠳ᠋ᠤ ᠣᠷᠣᠰᠢᠨ ᠠᠮᠢᠳᠣᠷᠠᠵᠦ ᠪᠠᠶᠢᠭ᠎ᠠ ᠮᠣᠩᠭᠤᠯᠬᠦ᠋ᠷᠢᠶᠠ ᠂ ᠲᠡᠭᠡᠰ ᠂ ᠨᠢᠯᠬ᠎ᠠ ᠂ ᠴᠠᠪᠴᠢᠶᠠᠯ ᠳᠦᠷᠪᠡᠨ ᠰᠢᠶᠠᠨ᠎ᠪᠠᠷ ᠲᠦᠪ ᠪᠣᠯᠭᠠᠵᠦ ᠂ ᠵᠢᠯ ᠪᠣᠯᠭᠠᠨ ᠬᠡᠳᠦᠨ ᠰᠠᠷ᠎ᠠ᠎ᠶᠢᠨ ᠴᠠᠭ ᠵᠠᠷᠣᠴᠠᠭᠤᠯᠵᠦ ᠬᠡᠭᠡᠷ᠎ᠡ᠎ᠶᠢᠨ ᠰᠢᠨᠵᠢᠯᠡᠭᠡ ᠬᠢᠭᠰᠡᠨ ᠪᠢᠯᠡ ᠃
ᠣᠶᠢᠷᠠᠳ ᠰᠣᠳᠣᠯᠣᠯ ᠡᠬᠢᠯᠡᠭᠡᠳ ᠣᠨ ᠣᠲᠠᠵᠦ ᠪᠠᠶᠢᠨ᠎ᠠ ᠃ ᠭᠡᠬᠦ᠎ᠳ᠋ᠡᠭᠡᠨ ᠦᠩᠭᠡᠷᠡᠭᠰᠡᠨ᠎ᠳ᠋ᠤ ᠪᠢᠲᠡ ᠢᠯᠢ ᠭᠤᠣᠯ᠎ᠤᠨ ᠲᠡᠭᠡᠲᠣ ᠣᠷᠣᠰᠬᠠᠯ ᠳᠠᠭᠠᠤ ᠣᠷᠣᠨ᠎ᠤ ᠦᠭᠡᠯᠡᠳ ᠮᠣᠩᠭᠤᠯᠴᠣᠳ᠎ᠤᠨ ᠬᠠᠳᠠᠭᠠᠯᠠᠵᠦ ᠪᠠᠶᠢᠭ᠎ᠠ ᠰᠣᠶᠣᠯ ᠲᠡᠣᠬᠡ᠎ᠶᠢᠨ ᠲᠣᠬᠠᠢ ᠭᠦᠢᠴᠡᠳ ᠣᠶᠢᠯᠭᠠᠯᠲᠠ᠎ᠲᠠᠢ ᠪᠣᠯᠵᠦ ᠴᠢᠲᠠᠭ᠎ᠠ ᠦᠭᠡᠢ ᠭᠡᠵᠦ ᠬᠡᠯᠡᠬᠦ᠎ᠡᠴᠠ ᠦᠭᠡᠷ᠎ᠡ ᠠᠷᠭ᠎ᠠ ᠦᠭᠡᠢ ᠃ ᠢᠯᠢ᠎ᠶᠢᠨ ᠦᠭᠡᠯᠡᠳᠴᠣᠳ ᠪᠣᠯ ᠣᠳᠣᠬᠠᠨ ᠣᠯᠠᠨ ᠣᠯᠣᠰ᠎ᠤᠨ ᠬᠡᠪᠴᠢᠶᠡᠨ᠎ᠳ᠋ᠤ ᠳᠦᠷᠪᠡᠨ ᠣᠶᠢᠷᠠᠳᠤᠨ ᠡᠷᠲᠡᠨ᠎ᠤ ᠰᠣᠶᠣᠯ ᠲᠡᠣᠬᠡ᠎ᠶᠢ ᠬᠠᠮᠤᠭ᠎ᠤᠨ ᠭᠦᠢᠴᠡᠳ ᠬᠠᠳᠠᠭᠠᠯᠠᠵᠦ ᠂ ᠪᠢᠲᠡᠨ᠎ᠤ ᠦᠶ᠎ᠡ᠎ᠳ᠋ᠤ ᠣᠯᠠᠮᠵᠢᠯᠠᠭᠰᠠᠨ ᠬᠦᠮᠦᠰ ᠪᠣᠯᠣᠨ᠎ᠠ ᠃ ᠣᠶᠢᠷᠠᠳ ᠰᠣᠳᠣᠯᠣᠯ ᠰᠢᠨ᠎ᠡ ᠨᠢᠭᠡ ᠲᠡᠭᠲᠡᠷ᠎ᠲᠤ ᠠᠬᠢᠶᠠ ᠭᠡᠪᠡᠯ ᠵᠠᠪᠠᠯ ᠢᠯᠢ᠎ᠶᠢᠨ ᠦᠭᠡᠯᠡᠳᠴᠣᠳ᠎ᠢᠶᠠᠷ ᠲᠦᠪ ᠪᠣᠯᠭᠠᠨ ᠰᠣᠳᠣᠯᠭ᠎ᠠ ᠬᠢᠬᠦ ᠬᠡᠷᠡᠭᠲᠡᠢ ᠃ ᠬᠡᠷᠪᠡ ᠢᠯᠢ᠎ᠶᠢᠨ ᠦᠭᠡᠯᠡᠳᠴᠣᠳ᠎ᠢᠶᠠᠷ ᠲᠦᠪ ᠪᠣᠯᠭᠠᠨ ᠰᠣᠳᠣᠯᠭ᠎ᠠ ᠬᠢᠲᠡᠭ᠎ᠲᠤ ᠬᠦᠷᠪᠡᠯ ᠣᠶᠢᠷᠠᠳ ᠰᠣᠳᠣᠯᠣᠯ᠎ᠤᠨ ᠰᠢᠨ᠎ᠡ ᠨᠢᠭᠡ ᠴᠠᠭ ᠦᠶ᠎ᠡ ᠢᠷᠡᠬᠦ᠎ᠨᠢ ᠵᠠᠶᠢᠯᠠᠰᠢ ᠦᠭᠡᠢ ᠃ ᠲᠡᠷᠡᠴᠢᠯᠡᠨ ᠢᠯᠢ᠎ᠶᠢᠨ ᠦᠭᠡᠯᠡᠳ ᠮᠣᠩᠭᠤᠯ᠎ᠤᠨ ᠨᠣᠲᠤᠭᠢ ᠣᠶᠢᠷᠠᠳ ᠰᠣᠳᠣᠯᠣᠯ᠎ᠤᠨ ᠰᠠᠭᠤᠷᠢᠨ ᠭᠠᠵᠠᠷ ᠴᠤ ᠪᠣᠯᠭᠠᠬᠤ ᠬᠡᠷᠡᠭᠲᠡᠢ ᠃ ᠨᠣᠮ ᠪᠢᠴᠢᠭ᠎ᠲᠤ ᠬᠠᠶᠢᠷᠠᠲᠠᠢ ᠂ ᠨᠣᠮ ᠪᠢᠴᠢᠭ᠎ᠢ ᠨᠠᠨᠳᠢᠩᠨᠠᠨ ᠬᠠᠳᠠᠭᠠᠯᠠᠲᠠᠭ ᠮᠣᠩᠭᠤᠯᠴᠣᠳ᠎ᠤᠨ ᠰᠢᠯᠢᠲᠡᠭ ᠣᠯᠠᠮᠵᠢᠯᠠᠯ ᠨᠠᠲᠠ᠎ᠶᠢ ᠵᠢᠯ ᠵᠢᠯ ᠭᠡᠭᠡᠷ᠎ᠡ᠎ᠶᠢᠨ ᠰᠢᠨᠵᠢᠯᠡᠭᠡᠨ᠎ᠤ ᠠᠶᠠᠨ᠎ᠳ᠋ᠤ ᠮᠣᠷᠳᠠᠭᠤᠯᠲᠠᠭ ᠪᠠᠶᠢᠯ᠎ᠠ ᠃ ᠲᠡᠷᠡ ᠠᠶᠠᠨ ᠪᠣᠯ ᠮᠢᠨᠦ ᠡᠨᠡ ᠨᠠᠰᠣᠨ᠎ᠤ ᠬᠠᠮᠤᠭ᠎ᠤᠨ ᠣᠳᠬ᠎ᠠ ᠠᠭᠤᠯᠭ᠎ᠠ᠎ᠲᠠᠢ ᠮᠦᠷᠲᠡᠭᠡᠨ ᠠᠵᠠ ᠵᠢᠷᠭᠠᠯ᠎ᠲᠠᠢ ᠦᠩᠭᠡᠷᠡᠯᠲᠡ ᠪᠣᠯᠣᠨ᠎ᠠ ᠃ ᠣᠳᠣ ᠪᠢ ᠨᠢᠭᠡᠨᠲᠡ ᠬᠡᠳᠦᠨ ᠵᠠᠭᠤᠨ ᠬᠤᠪᠢ ᠰᠣᠳᠣᠷ ᠂ ᠬᠡᠳᠦᠨ ᠠᠷᠪᠠᠨ ᠲᠦᠮᠡᠨ ᠬᠠᠭᠤᠳᠠᠰᠣ ᠡᠷᠲᠡᠨ᠎ᠤ ᠰᠣᠳᠣᠷ ᠨᠣᠮ᠎ᠢ ᠵᠢᠷᠤᠭ ᠠᠪᠴᠦ ᠳ᠋ᠢᠰᠺ᠎ᠳ᠋ᠤ ᠬᠠᠳᠠᠭᠠᠯᠠᠭᠠᠳ ᠪᠣᠢ ᠃
ᠮᠢᠨᠦ ᠬᠡᠭᠡᠷ᠎ᠡ᠎ᠶᠢᠨ ᠰᠢᠨᠵᠢᠯᠡᠭᠡᠨ᠎ᠤ ᠠᠵᠢᠯ᠎ᠢ ᠣᠯᠠᠨ ᠬᠦᠮᠦᠨ ᠲᠡᠮᠵᠢᠭᠰᠡᠨ ᠪᠢᠯᠡ ᠃ ᠲᠡᠳᠡᠨ᠎ᠤ ᠲᠣᠳᠣᠷ᠎ᠠ᠎ᠡᠴᠠ ᠣᠨᠴᠠᠯᠠᠨ ᠬᠤᠶᠠᠷ ᠬᠦᠮᠦᠨ᠎ᠢ ᠲᠣᠷᠠᠰᠣᠨ ᠲᠡᠮᠲᠡᠭᠯᠡᠶ᠎ᠡ ᠃ ᠲᠡᠭᠦᠨ᠎ᠤ ᠨᠢᠭᠡ᠎ᠨᠢ ᠮᠢᠨᠦ ᠡᠭᠡᠴᠢ ᠂ ᠦᠷᠣᠮᠴᠢᠶᠢᠨ 19 ᠳ᠋ᠣᠭᠡᠷ ᠳᠣᠮᠳᠠᠳᠣ ᠰᠣᠷᠭᠠᠭᠤᠯᠢ᠎ᠶᠢᠨ ᠪᠠᠭᠰᠢ ᠪᠠᠶᠢᠭᠰᠠᠨ ᠢᠩᠭᠡᠷ ᠪᠢᠯᠡ ᠃ ᠨᠦᠭᠦᠭᠡ ᠨᠢᠭᠡ᠎ᠨᠢ ᠰᠢᠨᠵᠢᠶᠠᠩ᠎ᠤᠨ ᠣᠶᠢᠭᠤᠷ ᠦᠨᠳᠦᠰᠦᠲᠡᠨ᠎ᠤ ᠦᠪᠡᠷᠲᠡᠭᠡᠨ ᠵᠠᠰᠠᠬᠤ ᠣᠷᠣᠨ᠎ᠤ ᠰᠣᠷᠭᠠᠨ ᠬᠦᠮᠦᠵᠢᠯ᠎ᠤᠨ ᠲᠠᠩᠬᠢᠮ᠎ᠳ᠋ᠤ ᠠᠵᠢᠯᠯᠠᠵᠦ ᠪᠠᠶᠢᠭᠰᠠᠨ ᠬᠦᠷᠭᠡᠨ ᠠᠬ᠎ᠠ ᠠᠯᠲᠠᠨᠪᠠᠭᠠᠨ᠎ᠠ ᠪᠣᠯᠣᠨ᠎ᠠ ᠃ ᠬᠠᠷᠠᠮᠰᠠᠯᠲᠠᠢ᠎ᠨᠢ ᠂ ᠡᠭᠡᠴᠢ ᠮᠠᠨᠢ 2006 ᠣᠨ᠎ᠤ ᠨᠠᠮᠣᠷ ᠡᠪᠡᠳᠴᠢᠨ᠎ᠢᠶᠠᠷ ᠴᠠᠭᠠᠲᠣ ᠶᠢᠷᠲᠢᠨᠴᠦ᠎ᠳ᠋ᠤ ᠶᠠᠪᠣᠵᠦ ᠣᠳᠪᠠ ᠃ ᠬᠦᠮᠦᠨ᠎ᠤ ᠣᠷᠴᠢᠯᠠᠩ᠎ᠤᠨ ᠭᠤᠨᠢᠭ ᠵᠣᠪᠠᠯᠠᠩ ᠭᠡᠵᠦ ᠡᠳᠦ᠋ᠢᠬᠡᠨ᠎ᠢᠶᠠᠷ ᠳᠠᠭᠤᠰᠲᠠᠭ ᠦᠭᠡᠢ
ᠠᠵᠡᠢ ᠃
2009 ᠣᠨ᠎ᠤ 5 ᠰᠠᠷ᠎ᠠ᠎ᠳ᠋ᠤ ᠬᠦᠷᠭᠡᠨ ᠠᠬ᠎ᠠ ᠠᠯᠲᠠᠨᠪᠠᠭᠠᠨ᠎ᠠ ᠴᠤ ᠭᠡᠨᠡᠳᠲᠡ ᠡᠪᠡᠳᠴᠢᠨ᠎ᠢᠶᠠᠷ ᠦᠭᠡᠢ ᠪᠣᠯᠪᠠ ᠃ 2009 ᠣᠨ᠎ᠤ 5 ᠰᠠᠷ᠎ᠠ᠎ᠶᠢᠨ ᠳᠣᠮᠲᠠᠴᠢ᠎ᠶᠢᠨ ᠪᠣᠷᠤᠭ᠎ᠠ ᠰᠢᠪᠡᠷᠡᠭᠰᠡᠨ ᠨᠢᠭᠡᠨ ᠦᠲᠡᠰᠢ ᠪᠠᠶᠢᠵᠦ ᠪᠢᠯᠡ ᠃ ᠪᠢ ᠶᠠᠫᠣᠨ᠎ᠤ ᠲᠣᠣᠺᠢᠣ᠋᠎ᠶᠢᠨ ᠭᠠᠳᠠᠭᠠᠲᠣ ᠬᠡᠯᠡᠨ᠎ᠤ ᠶᠡᠭᠡ ᠰᠣᠷᠭᠠᠭᠤᠯᠢ᠎ᠶᠢᠨ ᠠᠽᠢᠶ᠎ᠠ ᠠᠹᠷᠢᠺᠠ᠎ᠶᠢᠨ ᠬᠡᠯᠡ ᠰᠣᠶᠣᠯ ᠰᠣᠳᠣᠯᠬᠤ ᠭᠠᠵᠠᠷ᠎ᠤᠨ ᠰᠣᠳᠣᠯᠭᠠᠨ᠎ᠤ ᠦᠷᠦᠭᠡᠨᠳ᠋ᠡᠭᠡᠨ ᠨᠣᠮ ᠣᠩᠰᠢᠵᠦ ᠪᠠᠶᠢᠭᠰᠠᠨ ᠶᠣᠮ ᠃ ᠬᠠᠪᠣᠷ᠎ᠤᠨ ᠰᠡᠭᠦᠯᠴᠢ᠎ᠶᠢᠨ ᠪᠣᠷᠣᠭᠠᠨ ᠰᠡᠳᠬᠢᠯ ᠠᠯᠲᠠᠭᠤᠯᠬᠤ ᠮᠡᠲᠣ ᠪᠠᠶᠢᠲᠠᠯ᠎ᠠ ᠮᠢᠨᠦ ᠵᠢᠭᠡ ᠭᠡᠭᠡᠨᠴᠢᠷ᠎ᠤᠨ ᠤᠲᠠᠰᠤ᠎ᠶᠢ ᠲᠣᠰᠣᠭᠰᠠᠨ ᠪᠦᠭᠡᠳ ᠠᠯᠲᠠᠨᠪᠠᠭᠠᠨ᠎ᠠ ᠨᠦᠬᠦᠷ᠎ᠤᠨ ᠲᠠᠯᠠᠶᠢᠭᠠᠴᠢ ᠪᠣᠯᠣᠭᠰᠠᠨ ᠭᠤᠨᠢᠭᠲᠣ ᠴᠢᠮᠡᠭᠡ᠎ᠶᠢ ᠰᠣᠨᠣᠰᠴᠦ ᠪᠢᠯᠡ ᠃ ᠲᠡᠷᠡᠬᠡᠨ ᠭᠱᠠᠨ᠎ᠳ᠋ᠤ ᠂ ᠪᠢ ᠰᠠᠨᠲᠠᠯᠠᠢᠡᠴᠠᠪᠠᠨ ᠪᠣᠰᠬᠤ ᠭᠡᠳ ᠪᠣᠰᠴᠦ ᠴᠢᠲᠠᠭᠰᠠᠨ ᠦᠭᠡᠢ ᠣᠲᠠᠲᠠᠯᠠ ᠰᠠᠭᠤᠭᠰᠠᠨ ᠬᠡᠪ᠎ᠢᠶᠠᠷ᠎ᠢᠶᠡᠨ ᠪᠠᠶᠢᠯ᠎ᠠ ᠃ ᠬᠤᠶᠠᠷ ᠨᠢᠳᠣᠨ᠎ᠡᠴᠠ ᠭᠤᠨᠢᠭ᠎ᠤᠨ ᠨᠢᠯᠪᠣᠰᠣ ᠵᠣᠭᠰᠣᠯ ᠦᠭᠡᠢ ᠠᠰᠬᠠᠷᠠᠭᠰᠠᠭᠠᠷ ᠪᠠᠶᠢᠭᠰᠠ᠎ᠨᠢ ᠣᠳᠣ ᠴᠦ ᠲᠣᠪ ᠲᠣᠳᠣ ᠴᠡᠭᠡᠵᠢᠯᠡᠭᠰᠡᠭᠡᠷ ᠃ ᠲᠡᠷᠡ ᠮᠦᠴᠡ᠎ᠡᠴᠠ ᠡᠬᠢᠯᠡᠵᠦ ᠪᠢ ᠡᠨᠡᠬᠦ ᠵᠣᠬᠢᠶᠠᠯ᠎ᠢ ᠵᠠᠪᠠᠯ ᠪᠢᠴᠢᠬᠦ ᠦᠭᠡᠢ ᠪᠣᠯᠬᠤ ᠦᠭᠡᠢ ᠭᠡᠵᠦ ᠰᠢᠭᠤᠳᠣᠯᠠ ᠃ ᠡᠨᠡᠬᠦ ᠵᠣᠬᠢᠶᠠᠯ᠎ᠢ 2009 ᠣᠨ᠎ᠤ 5 - 7 ᠰᠠᠷ᠎ᠠ᠎ᠶᠢᠨ ᠬᠤᠭᠤᠷᠣᠨᠲᠣ ᠰᠡᠳᠬᠢᠮᠵᠢᠯᠡᠨ ᠂ 8 - 9 ᠰᠠᠷ᠎ᠠ᠎ᠶᠢᠨ ᠬᠤᠭᠤᠷᠣᠨᠲᠣ ᠶᠠᠫᠣᠨ᠎ᠳ᠋ᠤ ᠪᠠᠶᠢᠬᠤ᠎ᠳ᠋ᠤ ᠠᠩᠬ᠎ᠠ ᠨᠣᠣᠷᠠᠭ᠎ᠢ ᠪᠢᠴᠢᠨ ᠳᠠᠭᠤᠰᠬᠠᠭᠰᠠᠨ ᠶᠣᠮ ᠃
ᠡᠭᠡᠴᠢ ᠬᠦᠷᠭᠡᠨ ᠠᠬ᠎ᠠ ᠮᠠᠨᠢ ᠬᠤᠷᠢᠳᠣᠭᠠᠷ ᠵᠠᠭᠤᠨ᠎ᠤ ᠨᠠᠶᠠᠭᠠᠳ ᠣᠨ᠎ᠤ ᠡᠬᠢᠨ᠎ᠢᠶᠠᠷ ᠬᠤᠳᠣᠮ ᠦᠰᠦᠭ ᠲᠡᠯᠭᠡᠷᠡᠭᠦᠯᠬᠦ ᠣᠷᠢᠶᠠᠯᠭ᠎ᠠ ᠲᠣᠣᠷ᠎ᠠ ᠂ ᠬᠢᠵᠠᠭᠠᠷ ᠣᠷᠣᠨ᠎ᠢ ᠳᠡᠮᠵᠢᠬᠦ᠎ᠪᠠᠷ ᠠᠯᠣᠰ ᠬᠤᠯᠠ᠎ᠶᠢᠨ ᠰᠢᠨᠵᠢᠶᠠᠩ᠎ᠳ᠋ᠤ ᠬᠦᠷᠴᠦ ᠠᠵᠢᠯᠯᠠᠭᠰᠠᠨ ᠪᠢᠯᠡ ᠃ ᠰᠢᠨᠵᠢᠶᠠᠩ᠎ᠤᠨ ᠮᠣᠩᠭᠤᠯ ᠰᠣᠷᠭᠠᠨ ᠬᠦᠮᠦᠵᠢᠯ᠎ᠤᠨ ᠦᠢᠯᠡᠰ᠎ᠲᠤ ᠲᠡᠳᠡ ᠦᠪᠡᠷ᠎ᠤᠨ ᠵᠠᠯᠠᠭᠤ ᠨᠠᠰᠣ ᠪᠠ ᠠᠯᠢᠪᠠ ᠪᠦᠬᠦᠨ᠎ᠢᠶᠡᠨ ᠵᠣᠷᠢᠭᠤᠯᠣᠭᠰᠠᠨ ᠶᠣᠮ ᠃ ᠲᠡᠳᠡ ᠣᠳᠣ ᠲᠦᠷᠦᠭᠰᠡᠨ ᠨᠣᠲᠤᠭ᠎ᠲᠠᠭᠠᠨ ᠦᠨᠢ ᠡᠭᠦᠷᠢᠲᠡ ᠬᠠᠷᠢᠵᠦ ᠢᠷᠡᠵᠦ ᠴᠢᠲᠠᠬᠤ ᠦᠭᠡᠢ ᠶᠢᠷᠲᠢᠨᠴᠦ᠎ᠶᠢᠨ ᠬᠢᠵᠠᠭᠠᠷᠲᠤ ᠰᠠᠭᠤᠬᠤ ᠪᠣᠯᠵᠡᠢ ᠃ ᠭᠡᠬᠦ᠎ᠳ᠋ᠡᠭᠡᠨ ᠶᠢᠷᠲᠢᠨᠴᠦ᠎ᠶᠢᠨ ᠬᠢᠵᠠᠭᠠᠷᠲᠤ ᠲᠡᠲᠡᠨ᠎ᠳ᠋ᠤ ᠦᠨᠢ ᠡᠷᠲᠡᠨ᠎ᠤ ᠰᠠᠷᠠᠨ᠎ᠤ ᠭᠡᠷᠡᠯ ᠬᠡᠵᠢᠶᠡᠲᠡ ᠬᠠᠨᠢ ᠪᠣᠯᠲᠠᠭ ᠣᠴᠢᠷᠲᠠᠢ ᠃
ᠮᠢᠨᠦ ᠡᠭᠡᠴᠢ᠎ᠶᠢ ᠬᠤᠶᠠᠷ ᠵᠢᠭᠡ ᠮᠠᠨᠢ ᠦᠷᠦᠮᠴᠢ ᠬᠤᠲᠠ᠎ᠶᠢᠨ ᠣᠶᠢᠷᠬᠠᠨ ᠪᠠᠶᠢᠭ᠎ᠠ ᠲᠡᠭᠷᠢ ᠨᠠᠭᠤᠷ᠎ᠤᠨ ᠪᠣᠭᠲᠠ ᠬᠠᠶᠢᠷᠬᠠᠨᠤ ᠬᠡᠲᠣᠨ ᠮᠢᠩᠭᠠᠨ ᠮᠧᠲ᠋ᠷ ᠦᠨᠳᠦᠷ ᠴᠠᠰᠣᠲᠣ ᠣᠷᠬᠢᠯ᠎ᠳ᠋ᠤ ᠨᠦᠢᠷᠠᠰᠣᠭᠤᠯᠣᠭᠰᠠᠨ ᠪᠢᠯᠡ ᠃ ᠣᠳᠣ ᠬᠦᠷᠭᠡᠨ ᠠᠬ᠎ᠠ ᠮᠠᠨᠢ ᠴᠤ ᠡᠭᠡᠴᠢ᠎ᠲᠠᠢ ᠮᠢᠨᠢ ᠬᠠᠮᠲᠣ ᠠᠯᠣᠰ ᠬᠤᠯᠠ᠎ᠶᠢᠨ ᠪᠣᠭᠲᠠ ᠬᠠᠶᠢᠷᠬᠠᠨᠤ ᠮᠦᠩᠭᠡ ᠴᠠᠰᠣᠲᠣ ᠰᠠᠷᠢᠲᠠᠭᠡᠴᠠ ᠨᠠᠲᠠ᠎ᠶᠢ ᠰᠢᠷᠲᠡᠬᠦ ᠪᠣᠯᠵᠡᠢ ᠃ ᠲᠡᠶᠢᠨᠬᠦ ᠡᠨᠡᠬᠦ ᠨᠣᠮ᠎ᠢ ᠪᠢ ᠡᠭᠡᠯ ᠵᠢᠷ᠎ᠤᠨ ᠮᠠᠯᠴᠢᠨ᠎ᠤ ᠬᠡᠣᠭᠡᠳ ᠮᠦᠷᠲᠡᠭᠡᠨ ᠡᠭᠡᠯ ᠵᠢᠷ᠎ᠤᠨ ᠮᠣᠩᠭᠤᠯ ᠰᠣᠷᠭᠠᠨ ᠬᠦᠮᠦᠵᠢᠯ᠎ᠤᠨ ᠠᠵᠢᠯᠲᠠᠨ ᠪᠠᠶᠢᠭᠰᠠᠨ ᠡᠭᠡᠴᠢ ᠬᠦᠷᠭᠡᠨ ᠠᠬ᠎ᠠ ᠬᠤᠶᠠᠷ᠎ᠲᠠᠭᠠᠨ ᠡᠷᠭᠦᠪᠡ ᠃ ᠢᠯᠠᠩᠭᠤᠶ᠎ᠠ ᠵᠡᠭᠦᠩᠠᠷ ᠂ ᠳᠦᠷᠪᠡᠨ ᠣᠶᠢᠷᠠᠳᠤᠨ ᠰᠣᠶᠣᠯ ᠲᠡᠣᠬᠡ᠎ᠶᠢ ᠣᠳᠣ᠎ᠶᠢᠨ ᠲᠣᠬᠢᠶᠠᠯᠳᠣᠯ᠎ᠳ᠋ᠤ ᠬᠠᠮᠤᠭ᠎ᠤᠨ ᠭᠦᠢᠴᠡᠳ ᠬᠠᠳᠠᠭᠠᠯᠠᠵᠦ ᠪᠠᠶᠢᠭ᠎ᠠ ᠢᠯᠢ᠎ᠶᠢᠨ ᠦᠭᠡᠯᠡᠳ ᠮᠣᠩᠭᠤᠯᠴᠣᠳ᠎ᠲᠠᠭᠠᠨ ᠡᠷᠭᠦᠶ᠎ᠡ ᠃ ᠣᠳᠣ ᠲᠡᠳᠡ ᠨᠠᠷ᠎ᠤᠨ ᠨᠠᠲᠠ᠎ᠶᠢ ᠲᠡᠮᠵᠢᠭᠰᠡᠨ ᠦᠨᠡᠨ ᠰᠡᠳᠬᠢᠯ᠎ᠤᠨ ᠠᠴᠢ ᠭᠠᠪᠢᠶ᠎ᠠ᠎ᠶᠢ ᠪᠢ ᠢᠩᠬᠢᠵᠦ ᠯᠠ ᠲᠣᠷᠠᠰᠣᠨ ᠲᠡᠮᠳᠡᠭᠯᠡᠬᠦ ᠪᠣᠯᠣᠯ᠎ᠠ ᠃
ᠶᠢᠷᠲᠢᠨᠴᠦ᠎ᠶᠢᠨ ᠬᠢᠵᠠᠭᠠᠷᠲᠤ ᠂ ᠪᠣᠭᠲᠠ ᠬᠠᠶᠢᠷᠬᠠᠨᠤ ᠣᠷᠣᠢ᠎ᠳ᠋ᠤ ᠂ ᠲᠡᠭᠷᠢ ᠰᠠᠷᠠᠲᠠᠢ ᠵᠣᠭᠤᠭᠲᠠᠨ ᠰᠠᠭᠤᠭ᠎ᠠ ᠡᠭᠡᠴᠢ ᠬᠦᠷᠭᠡᠨ ᠠᠬ᠎ᠠ ᠬᠤᠶᠠᠷ᠎ᠤᠨ ᠮᠢᠨᠢ ᠭᠡᠭᠡᠨ ᠰᠦᠨᠡᠰᠦ ᠡᠭᠦᠷᠢᠲᠡ ᠠᠮᠣᠭᠤᠯᠠᠩ ᠣᠷᠣᠰᠢᠬᠤ ᠪᠣᠯᠳᠣᠭᠠᠢ ᠃
2009 ᠣᠨ᠎ᠤ 8 ᠰᠠᠷ᠎ᠠ᠎ᠶᠢᠨ 14
ᠲᠣᠣᠺᠢᠣ᠋ ᠬᠤᠲᠠᠨ᠎ᠠ
︵ ᠵᠤᠬᠢᠶᠠᠭᠴᠢ᠎ᠶᠢᠨ ᠬᠠᠢᠭ ᠄ ᠳᠦᠪ᠎ᠤᠨ ᠦᠨᠳᠦᠰᠦᠳᠡᠨ᠎ᠤ ᠶᠡᠭᠡ
ᠰᠤᠷᠭᠠᠭᠤᠯᠢ᠎ᠶᠢᠨ ᠮᠤᠩᠭᠤᠯ ᠭᠡᠯᠡ ᠤᠳᠬ᠎ᠠ ᠵᠤᠬᠢᠶᠠᠯ᠎ᠤᠨ ᠰᠠᠯᠪᠤᠷᠢ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃