ᠲᠡᠷᠢᠭᠦᠨ ᠨᠢᠭᠤᠷ>ᠰᠢᠨ᠎ᠡ ᠬᠦᠳᠡᠭᠡ>ᠴᠠᠢ᠎ᠶ᠋ᠢᠨ ᠵᠣᠭᠤᠭ

2026-10-14 16:40:27

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

《ᠰᠠᠢᠨ ᠮᠠᠭᠣ ᠬᠣᠶᠠᠷ ᠲᠠᠯ᠎ᠠ ᠲᠠᠢ᠂ ᠰᠠᠭᠠᠬ ᠭᠣᠷᠪᠠᠨ ᠲᠠᠯ᠎ᠠ ᠲᠠᠢ》


ᠰᠠᠶᠢᠬᠠᠨ ᠬᠡᠷᠡᠭᠵᠢᠬᠦᠯᠦᠭᠰᠡᠨ 《ᠪᠦᠬᠦᠲᠡ ᠨᠠᠢᠷᠠᠮᠲᠠᠬᠣ ᠲᠣᠮᠲᠠᠲᠣ ᠠᠷᠠᠳ ᠣᠯᠣᠰ᠎ᠤᠨ ᠠᠮᠢ ᠠᠬᠣᠢ ᠣᠷᠴᠢᠨ ᠲᠣᠭᠣᠷᠢᠨ᠎ᠤ ᠬᠠᠣᠯᠢ᠎ᠶᠢᠨ ᠪᠢᠴᠢᠭ》 ᠲᠦ᠍ ᠰᠦᠯᠢᠶᠣᠣ᠎ᠶᠢᠨ ᠪᠣᠬᠢᠷᠲᠣᠯ᠎ᠢ ᠵᠠᠰᠠᠬᠣ᠎ᠶᠢ ᠵᠢᠩᠬᠢᠨᠢ ᠪᠡᠷ ᠬᠠᠣᠯᠢ᠎ᠶᠢᠨ ᠪᠢᠴᠢᠭ᠎ᠤᠨ ᠲᠣᠬᠲᠠᠴᠠ ᠎ᠳᠤ ᠣᠷᠣᠭᠣᠯᠵᠦ᠂ ᠮᠠᠨ᠎ᠤ ᠣᠯᠣᠰ᠎ᠤᠨ ᠰᠦᠯᠢᠶᠣᠣ᠎ᠶᠢ ᠪᠠᠭᠠᠰᠬᠠᠵᠦ ᠪᠣᠬᠢᠷᠲᠣᠯ᠎ᠢ ᠵᠠᠰᠠᠬᠣ ᠠᠵᠢᠯ ᠨᠢ ᠲᠦᠷᠦ᠎ᠶᠢᠨ ᠪᠣᠲᠣᠯᠭ᠎ᠠ᠎ᠶᠢᠨ ᠰᠠᠨᠠᠭᠠᠴᠢᠯᠠᠭ᠎ᠠ ᠣᠷᠢᠶᠠᠯᠠᠭ᠎ᠠ ᠡᠴᠡ ᠪᠠᠨ ᠬᠠᠣᠯᠢᠵᠢᠯ ᠶ᠋ᠢᠡᠷ ᠬᠢᠵᠠᠭᠠᠷᠯᠠᠬᠣ ᠰᠢᠨ᠎ᠡ ᠱᠠᠲᠣᠨ ᠎ᠳᠤ ᠣᠷᠣᠬᠰᠠᠨ᠎ᠢ ᠬᠠᠷᠠᠭᠣᠯᠣᠬᠰᠠᠨ ᠪᠠᠢᠨ᠎ᠠ᠃ ᠰᠦᠯᠢᠶᠣᠣ ᠪᠦᠲᠦᠭᠡᠭᠲᠡᠬᠦᠨ ᠡᠴᠡ ᠪᠣᠯᠣᠬᠰᠠᠨ ᠴᠠᠭᠠᠨ ᠪᠣᠬᠢᠷᠲᠣᠯ ᠪᠣᠯᠣᠨ ᠬᠦᠷᠦᠰᠦ ᠰᠢᠷᠣᠢ᠎ᠶᠢᠨ ᠢᠲᠡᠭᠲᠡᠯ ᠨᠢ ᠣᠷᠲᠣ ᠬᠣᠭᠣᠴᠠᠭᠠᠨ᠎ᠤ ᠲᠣᠷᠰᠢ ᠠᠮᠢ ᠠᠬᠣᠢ ᠣᠷᠴᠢᠨ ᠲᠣᠭᠣᠷᠢᠨ᠎ᠢ ᠪᠣᠬᠢᠷᠲᠣᠭᠣᠯᠵᠦ᠂ ᠠᠷᠠᠳ ᠣᠯᠠᠨ᠎ᠤ ᠡᠷᠡᠬᠦᠯ ᠮᠡᠨᠲᠦ᠎ᠶᠢ ᠨᠦᠯᠦᠭᠡᠯᠡᠭᠰᠡᠭᠡᠷ ᠢᠷᠡᠵᠡᠢ᠃ ᠡᠨᠡ᠎ᠬᠦ ᠬᠠᠣᠯᠢ᠎ᠶᠢᠨ ᠪᠢᠴᠢᠭ᠎ᠤᠨ ᠬᠡᠷᠡᠭᠵᠢᠬᠦᠯᠦᠭᠳᠡᠭᠰᠡᠨ ᠨᠢ ᠰᠦᠯᠢᠶᠣᠣ᠎ᠶᠢᠨ ᠪᠣᠬᠢᠷᠲᠣᠯ᠎ᠢ ᠵᠠᠰᠠᠬᠣ ᠎ᠳᠤ ᠬᠠᠣᠯᠢ᠎ᠶᠢᠨ ᠦᠨᠳᠦᠰᠦᠯᠡᠯ ᠬᠠᠩᠭᠠᠵᠦ ᠦᠢᠯᠡᠳᠪᠦᠷᠢᠯᠡᠯ᠂ ᠪᠣᠷᠣᠯᠠᠭᠣᠯᠭ᠎ᠠ᠂ ᠬᠡᠷᠡᠭᠯᠡᠯᠲᠡ᠂ ᠬᠣᠷᠢᠶᠠᠨ ᠠᠪᠬᠣ ᠪᠦᠬᠦ ᠭᠣᠬᠴᠣᠭ᠎ᠠ᠎ᠶᠢᠨ ᠵᠠᠰᠠᠯᠲᠠ᠎ᠶᠢᠨ ᠪᠠᠢᠷᠢᠰᠢᠯᠠᠭᠣᠯᠣᠯᠲᠠ᠎ᠶᠢ ᠪᠦᠷᠢᠯᠲᠦᠬᠦᠯᠵᠦ᠂ ᠨᠣᠮᠢᠨ ᠣᠰᠣ ᠬᠦᠭᠡᠮᠲᠦᠭ ᠠᠭᠣᠯᠠ ᠵᠢ ᠬᠠᠮᠠᠭᠠᠯᠠᠬᠣ᠎ᠳᠤ ᠪᠠᠲᠣ ᠴᠢᠩᠭ᠎ᠠ ᠬᠠᠤᠯᠢ᠎ᠵᠢᠨ ᠪᠠᠲᠣᠯᠠᠭ᠎ᠠ ᠬᠠᠩᠭᠠᠵᠠᠢ᠃

ᠰᠦᠯᠢᠶᠣᠣ᠎ᠶᠢ ᠬᠦᠮᠦᠰ ᠬᠣᠷᠢᠨ ᠨᠢᠭᠡᠲᠦᠭᠡᠷ ᠵᠠᠭᠣᠨ᠎ᠤ ᠠᠭᠣᠣ ᠶᠡᠬᠡ ᠡᠬᠦᠲᠦᠯᠲᠡ ᠮᠦᠷᠲᠡᠭᠡᠨ ᠠᠲᠠᠬ᠎ᠤᠨ ᠮᠠᠭᠣ ᠡᠬᠦᠲᠦᠯᠲᠡ ᠭᠡᠲᠡᠭ᠃ ᠠᠭᠣᠣ ᠶᠡᠬᠡ ᠡᠬᠦᠲᠦᠯᠲᠡ ᠬᠡᠮᠡᠬᠦ᠎ᠶᠢᠨ ᠣᠴᠢᠷ ᠪᠣᠯ ᠰᠦᠯᠢᠶᠣᠣ ᠨᠢ ᠪᠢᠳᠡᠨ᠎ᠤ ᠠᠮᠢᠲᠣᠷᠠᠯ ᠲᠣᠮᠲᠠ ᠠᠰᠣᠷᠣ ᠲᠦᠬᠦᠮ ᠨᠦᠬᠦᠴᠡᠯ ᠬᠠᠩᠭᠠᠬᠰᠠᠨ᠎ᠳᠤ ᠣᠷᠣᠰᠢᠨ᠎ᠠ᠃ ᠦᠭᠡᠷ᠎ᠡ ᠵᠦᠢᠯ᠎ᠢ ᠦᠬᠦᠯᠡᠬᠦ ᠦᠭᠡᠢ᠂ ᠪᠢᠳᠡ ᠪᠦᠬᠦᠨ᠎ᠤ ᠲᠠᠨᠢᠯ ᠲᠠᠰᠣᠯ ᠪᠣᠯᠬᠣ ᠰᠦᠯᠢᠶᠣᠣ ᠣᠭᠣᠲᠠ ᠪᠡᠷ ᠵᠢᠱᠶ᠋ᠶᠡᠯᠡᠪᠠᠯ ᠴᠣᠬᠣᠮ ᠡᠳᠦᠷ ᠪᠣᠯᠭᠠᠨ ᠬᠡᠷᠡᠭᠯᠡᠵᠦ ᠪᠠᠢᠭ᠎ᠠ ᠭᠡᠬᠦ᠎ᠳᠤ ᠦᠰᠭᠡᠵᠦ ᠶᠠᠷᠢᠬᠰᠠᠨ ᠣᠴᠢᠷ ᠠᠯᠠᠭ᠎ᠠ᠃ ᠬᠠᠮᠢᠭ᠎ᠠ ᠭᠠᠵᠠᠷ᠎ᠤᠨ ᠬᠣᠷᠰᠢᠶ᠎ᠠ ᠲᠡᠯᠭᠡᠬᠦᠷ ᠲᠦ᠍ ᠣᠷᠣᠪᠠᠯ ᠪᠠᠬᠯᠠᠵᠦ ᠪᠣᠭᠣᠲᠠᠯᠯᠠᠬᠣ ᠭᠡᠮᠡᠨ ᠪᠠᠷᠠᠭ᠎ᠠ ᠬᠣᠲᠠᠯᠲᠣᠬᠴᠢ ᠰᠦᠯᠢᠶᠣᠣ ᠣᠭᠣᠲᠠ ᠦᠭᠲᠡᠭ᠃ ᠢᠲᠡᠰᠢᠨ ᠨᠣᠭᠣᠭ᠎ᠠ᠎ᠶᠢᠨ ᠵᠠᠬ᠎ᠠ ᠡᠴᠡ ᠠᠯᠢ ᠲᠣᠷᠠᠲᠠᠢ ᠬᠡᠳᠦᠨ ᠨᠣᠭᠣᠭ᠎ᠠ ᠪᠠᠨ ᠰᠠᠪᠠᠯᠠᠬᠣ ᠎ᠳᠤ ᠰᠦᠯᠢᠶᠣᠣ ᠣᠭᠣᠲᠠ ᠬᠡᠷᠡᠭᠰᠡᠨ᠎ᠡ᠃ ᠲᠣᠭᠣᠭᠠᠨ ᠭᠡᠷ᠎ᠤᠨ ᠬᠠᠶᠠᠬᠲᠠᠮᠠᠯ ᠬᠣᠬ ᠶ᠋ᠢᠡᠨ ᠠᠰᠬᠠᠵᠦ ᠭᠡᠭᠡᠬᠦ᠎ᠳᠤ ᠪᠠᠰᠠ ᠰᠦᠯᠢᠶᠣᠣ ᠣᠭᠣᠲᠠ ᠬᠡᠷᠡᠭᠰᠡᠨ᠎ᠡ᠃ ᠴᠢᠨᠠᠬᠰᠢᠯᠠᠨ ᠲᠦᠷᠭᠡᠨ ᠬᠦᠷᠭᠡᠯᠲᠡ ᠪᠡᠷ ᠢᠷᠡᠭᠰᠡᠨ ᠬᠣᠭᠣᠯᠠ ᠵᠠᠭᠣᠰᠢ ᠴᠦ᠍ ᠰᠦᠯᠢᠶᠣᠣ ᠪᠦᠲᠦᠭᠡᠭᠲᠡᠬᠦᠨ ᠶ᠋ᠢᠡᠷ  ᠪᠣᠭᠣᠵᠦ ᠪᠠᠬᠯᠠᠬᠰᠠᠨ ᠪᠠᠢᠲᠠᠬ᠃

《ᠰᠠᠢᠨ ᠮᠠᠭᠣ ᠬᠣᠶᠠᠷ ᠲᠠᠯ᠎ᠠ ᠲᠠᠢ᠂ ᠰᠠᠭᠠᠬ ᠭᠣᠷᠪᠠᠨ ᠲᠠᠯ᠎ᠠ ᠲᠠᠢ》 ᠭᠡᠵᠦ ᠠᠷᠠᠳ᠎ᠤᠨ ᠦᠭᠡᠨ᠎ᠳᠤ ᠶᠠᠷᠢᠲᠠᠬ᠃ ᠰᠦᠯᠢᠶᠣᠣ ᠨᠢ ᠨᠢᠭᠡ ᠲᠠᠯ᠎ᠠ ᠪᠡᠷ ᠡᠳᠦᠷ ᠲᠣᠲᠣᠮ᠎ᠤᠨ ᠠᠮᠢᠲᠣᠷᠠᠯ᠎ᠳᠤ ᠲᠦᠬᠦᠮ ᠨᠦᠬᠦᠴᠡᠯ ᠣᠯᠭᠣᠬᠰᠠᠨ ᠭᠡᠲᠡᠭ ᠪᠣᠯᠪᠠᠴᠣ ᠲᠡᠬᠦᠨ᠎ᠤ ᠦᠷᠭᠡᠨ ᠬᠡᠷᠡᠭᠯᠡᠯᠲᠡ ᠨᠢ ᠪᠠᠰᠠ ᠬᠦᠮᠦᠨ ᠲᠦᠷᠦᠯᠬᠢᠲᠡᠨ᠂ ᠠᠮᠢᠲᠠᠨ ᠣᠷᠭᠣᠮᠠᠯ ᠪᠠ ᠣᠷᠴᠢᠨ ᠲᠣᠭᠣᠷᠢᠨ ᠎ᠳᠤ ᠬᠠᠲᠠᠭᠣ ᠰᠢᠯᠭᠠᠯᠲᠠ ᠪᠣᠯᠵᠦ᠂ ᠬᠣᠣᠷ ᠨᠦᠯᠦᠭᠡ ᠨᠢ ᠭᠡᠲᠡᠷᠬᠦ ᠪᠠᠨ ᠲᠣᠰᠠ ᠦᠢᠯᠡᠲᠦᠯ ᠡᠴᠡ ᠪᠠᠨ ᠲᠠᠪᠠᠮᠠᠭᠠᠢᠷᠠᠬᠣ᠎ᠳᠤ ᠬᠦᠷᠦᠭᠰᠡᠨ ᠶᠣᠮ᠃ ᠵᠠᠭᠣᠴᠢᠯᠠᠭᠣᠷ  ᠲᠦ᠍ ᠮᠡᠲᠡᠭᠡᠯᠡᠭᠰᠡᠨ ᠎ᠢ ᠦᠨᠳᠦᠰᠦᠯᠡᠪᠡᠯ᠂ ᠣᠯᠠᠨ ᠣᠯᠣᠰ ᠎ᠤᠨ ᠬᠣᠯᠪᠣᠭᠠᠲᠣ ᠪᠠᠢᠭᠣᠯᠭ᠎ᠠ᠎ᠶᠢᠨ ᠬᠣᠯᠪᠣᠬᠲᠠᠯ ᠪᠦᠬᠦᠢ ᠮᠡᠳᠡᠬᠦᠯᠦᠯᠲᠡ᠎ᠳᠤ ᠢᠯᠡᠷᠡᠬᠦᠯᠦᠭᠰᠡᠨ ᠶ᠋ᠢᠡᠷ ᠪᠦᠬᠦ ᠪᠦᠮᠪᠦᠷᠴᠡᠭ᠎ᠤᠨ ᠰᠦᠯᠢᠶᠣᠣ ᠪᠦᠲᠦᠭᠡᠭᠲᠡᠬᠦᠨ ᠡᠴᠡ ᠲᠠᠬᠢᠨ ᠠᠰᠢᠬᠯᠠᠵᠦ ᠬᠡᠷᠡᠭᠯᠡᠵᠦ ᠪᠠᠢᠭ᠎ᠠ ᠨᠢ ᠠᠷᠠᠢ ᠠᠷᠪᠠᠨ ᠬᠣᠪᠢ᠎ᠶᠢᠨ ᠨᠢᠭᠡ᠎ᠳᠤ ᠬᠦᠷᠬᠦ ᠦᠭᠡᠢ ᠠᠵᠢ᠃ ᠰᠦᠯᠢᠶᠣᠣ ᠡᠴᠡ ᠵᠠᠲᠠᠷᠠᠭᠣᠯᠣᠬᠰᠠᠨ ᠪᠣᠲᠠᠰ ᠨᠢ ᠢᠲᠡᠭᠡᠨ ᠣᠮᠲᠠᠭᠠᠨ ᠪᠣᠶᠣ ᠠᠮᠢᠰᠬᠣᠯ ᠶ᠋ᠢᠡᠷ ᠲᠠᠮᠵᠢᠨ ᠬᠦᠮᠦᠨ᠎ᠤ ᠪᠡᠶ᠎ᠡ᠎ᠳᠤ ᠣᠷᠣᠵᠦ᠂ ᠬᠣᠲᠣᠭᠣᠲᠣ ᠭᠡᠲᠡᠰᠦ᠎ᠶᠢ ᠭᠡᠮᠲᠦᠭᠡᠲᠡᠭ᠃ ᠮᠠᠯ ᠣᠨᠣᠭ᠎ᠠ ᠰᠦᠯᠢᠶᠣᠣ ᠪᠦᠷᠬᠦᠪᠴᠢ᠎ᠶᠢ ᠢᠲᠡᠪᠡᠯ ᠬᠦᠨᠲᠦ ᠨᠣᠴᠢᠲᠠᠢ ᠰᠢᠩᠭᠡᠭᠡᠯᠲᠡ᠎ᠶᠢᠨ ᠰᠢᠰᠲ᠋ᠸᠮ᠎ᠤᠨ ᠡᠪᠡᠳᠴᠢᠨ ᠳ᠋ᠦ ᠨᠡᠷᠪᠡᠭᠲᠡᠲᠡᠭ᠃ ᠠᠬᠣᠢ ᠠᠮᠢᠲᠣᠷᠠᠯ ᠲᠣᠮᠲᠠ ᠰᠦᠯᠢᠶᠣᠣ ᠣᠭᠣᠲᠠ᠎ᠶᠢ ᠬᠣᠷᠢᠶᠠᠨ ᠠᠪᠴᠣ ᠲᠠᠬᠢᠨ ᠠᠰᠢᠬᠯᠠᠬᠣ ᠨᠣᠷᠮ᠎ᠠ ᠮᠠᠰᠢ ᠲᠣᠣᠷ᠎ᠠ ᠪᠠᠢᠵᠦ᠂ ᠰᠦᠯᠢᠶᠣᠣ ᠬᠠᠶᠠᠬᠲᠠᠮᠠᠯ᠎ᠢ ᠰᠢᠲᠠᠭᠠᠪᠠᠯ ᠶᠡᠬᠡ ᠬᠡᠮᠵᠢᠶᠡᠨ᠎ᠤ ᠬᠣᠣᠷᠲᠣ ᠬᠡᠢ ᠢᠯᠭᠠᠷᠠᠭᠣᠯᠵᠦ ᠣᠷᠴᠢᠨ ᠲᠣᠭᠣᠷᠢᠨ᠎ᠢ ᠪᠣᠬᠢᠷᠲᠣᠭᠣᠯᠲᠠᠬ᠃ ᠡᠨᠳᠡ ᠲᠡᠨᠲᠡ ᠲᠣᠷᠠᠪᠠᠷ ᠬᠠᠶᠠᠬᠲᠠᠬᠰᠠᠨ ᠰᠦᠯᠢᠶᠣᠣ ᠪᠦᠲᠦᠭᠡᠭᠲᠡᠬᠦᠨ ᠨᠢ ᠵᠠᠭᠣᠨ ᠵᠢᠯ ᠴᠢᠨᠠᠬᠰᠢᠯᠠᠨ ᠮᠢᠩᠭᠠᠨ ᠵᠢᠯ ᠪᠣᠯᠣᠮᠠᠨᠵᠢᠨ ᠰᠠᠶᠢ ᠵᠠᠲᠠᠷᠠᠬᠣ ᠪᠦᠭᠡᠳ ᠡᠬᠦᠨᠴᠡ ᠭᠠᠵᠠᠷ ᠰᠢᠷᠣᠢ᠎ᠶᠢᠨ ᠡᠬᠢ ᠪᠠᠶᠠᠯᠢᠬ᠎ᠢ ᠰᠦᠢᠳᠭᠡᠵᠦ᠂ ᠬᠦᠷᠦᠰᠦ ᠰᠢᠷᠣᠢ᠎ᠶᠢᠨ ᠴᠢᠨᠠᠷ ᠴᠢᠨᠰᠠᠭ᠎ᠠ᠎ᠶᠢ ᠨᠦᠯᠦᠭᠡᠯᠡᠲᠡᠭ ᠭᠡᠨᠡᠮ᠃

ᠠᠭᠣᠣ ᠶᠡᠬᠡ ᠪᠣᠯᠣᠨ ᠠᠲᠠᠬ᠎ᠤᠨ ᠮᠠᠭᠣ᠎ᠶᠢᠨ ᠬᠣᠭᠣᠷᠣᠨᠲᠣ ᠠᠯᠬᠣᠮ ᠲᠡᠳᠦᠢ ᠵᠦᠷᠢᠲᠡᠭ᠃ ᠬᠡᠷᠡᠭᠯᠡᠬᠦ᠎ᠳᠤ ᠬᠢᠯᠪᠠᠷ ᠲᠦᠬᠦᠮ ᠭᠡᠳ ᠰᠦᠯᠢᠶᠣᠣ᠎ᠶᠢᠨ ᠬᠣᠣᠷ ᠨᠦᠯᠦᠭᠡ᠎ᠶᠢ ᠣᠮᠲᠣᠭᠠᠢᠯᠠᠵᠦ ᠦᠯᠦ ᠪᠣᠯᠣᠨ᠎ᠠ᠃ ᠵᠢᠵᠢᠬᠭᠡᠨ ᠰᠦᠯᠢᠶᠣᠣ᠎ᠶᠢᠨ ᠬᠡᠷᠡᠭᠯᠡᠯᠲᠡ᠂ ᠬᠢᠵᠠᠭᠠᠷᠯᠠᠯᠲᠠ ᠪᠣᠯᠣᠨ ᠵᠠᠰᠠᠯᠲᠠ᠎ᠶᠢᠨ ᠴᠠᠭᠠᠨ᠎ᠠ ᠡᠴᠡ ᠪᠢᠳᠡ ᠠᠮᠢ ᠠᠬᠣᠢ ᠣᠷᠴᠢᠨ ᠲᠣᠭᠣᠷᠢᠨ᠎ᠢ ᠬᠠᠮᠠᠭᠠᠯᠠᠬᠣ ᠲᠠᠨᠢᠯᠲᠠ ᠦᠢᠯᠡᠲᠦᠯᠭᠡ᠎ᠶᠢᠨ ᠲᠣᠮᠣ ᠲᠠᠪᠰᠢᠯᠲᠠ᠎ᠶᠢ ᠬᠠᠷᠠᠵᠦ ᠪᠣᠯᠬᠣ ᠶᠣᠮ ᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面