ᠲᠡᠷᠢᠭᠦᠨ ᠨᠢᠭᠤᠷ>ᠰᠢᠨ᠎ᠡ ᠬᠦᠳᠡᠭᠡ> ᠦᠢᠯᠡᠴᠢᠯᠡᠬᠦ ᠲᠠᠪᠴᠠᠩ

2026-11-24 17:11:18

ᠵᠣᠬᠢᠶᠠᠭ᠍ᠴᠢ᠄ ᠸᠠᠩ ᠱᠸ᠋ ᠲᠢᠶᠠᠨ ᠣᠩᠱᠢᠭ᠍ᠰᠠᠨ ᠣᠳᠠᠭ᠎ᠠ᠄ 3

《ᠥᠪᠥᠷ ᠮᠣᠩᠭᠣᠯ᠎ᠤᠨ ᠮᠦᠽᠧᠶ》 ᠥᠷᠲᠡᠭᠡ᠎ᠶᠢ 《ᠥᠪᠥᠷ ᠮᠣᠩᠭᠣᠯ᠎ᠤᠨ ᠲᠣᠮᠣ ᠲᠢᠶᠠᠲ᠋ᠷ》 ᠥᠷᠲᠡᠭᠡ ᠭᠡᠵᠦ᠍ ᠬᠠᠯᠠᠨ᠎ᠠ᠂ 《ᠪᠠᠶᠠᠨ (ᠨᠢᠰᠬᠡᠯ᠎ᠦᠨ ᠪᠠᠭᠤᠳᠠᠯ)》 ᠥᠷᠲᠡᠭᠡ᠎ᠶᠢ 《ᠴᠠᠭᠠᠨ ᠰᠤᠪᠤᠷᠭ᠎ᠠ》 ᠥᠷᠲᠡᠭᠡ ᠭᠡᠵᠦ᠍ ᠬᠠᠯᠠᠨ᠎ᠠ


11 ᠰᠠᠷ᠎ᠠ᠎ᠶᠢᠨ 20᠎ᠤ ᠡᠳᠦᠷ᠂ ᠰᠤᠷᠪᠤᠯᠵᠢᠯᠠᠭᠴᠢ ᠬᠥᠬᠡᠬᠣᠲᠠ᠎ᠶᠢᠨ ᠵᠠᠮ ᠬᠠᠷᠢᠯᠴᠠᠭᠠᠨ᠎ᠤ ᠪᠠᠯᠠ ᠣᠷᠣᠭᠤᠯᠤᠯᠲᠠ᠎ᠶᠢᠨ ᠪᠥᠲᠥᠭᠡᠨ ᠪᠠᠶ᠋ᠢᠭᠤᠯᠤᠯᠲᠠ᠎ᠶᠢᠨ ᠪᠦᠯᠦᠭᠯᠡᠯ ᠺᠣᠮᠫᠠᠨᠢ᠎ᠠᠴᠠ ᠣᠶ᠋ᠢᠯᠠᠭᠠᠭᠰᠠᠨ᠎ᠢᠶᠠᠷ᠂ 2026 ᠣᠨ᠎ᠤ 11 ᠰᠠᠷ᠎ᠠ᠎ᠶᠢᠨ 26᠎ᠤ ᠡᠳᠦᠷ᠎ᠡᠴᠡ ᠡᠬᠢᠯᠡᠨ᠂ ᠬᠥᠬᠡᠬᠣᠲᠠ᠎ᠶᠢᠨ ᠮᠸᠲᠷᠤ᠋ ᠵᠢᠨ 1 ᠳ᠋ᠤᠭᠡᠷ ᠱᠤᠭᠤᠮ᠎ᠤᠨ 《ᠥᠪᠥᠷ ᠮᠣᠩᠭᠣᠯ᠎ᠤᠨ ᠮᠦᠽᠧᠶ》 ᠥᠷᠲᠡᠭᠡ᠎ᠶᠢ 《ᠥᠪᠥᠷ ᠮᠣᠩᠭᠣᠯ᠎ᠤᠨ ᠲᠣᠮᠣ ᠲᠢᠶᠠᠲ᠋ᠷ》ᠥᠷᠲᠡᠭᠡ ᠭᠡᠵᠦ᠍ ᠬᠠᠯᠠᠵᠤ᠂ 《ᠪᠠᠶᠠᠨ(ᠨᠢᠰᠬᠡᠯ᠎ᠦᠨ ᠪᠠᠭᠤᠳᠠᠯ)》 ᠥᠷᠲᠡᠭᠡ᠎ᠶᠢ 《ᠴᠠᠭᠠᠨ ᠰᠤᠪᠤᠷᠭ᠎ᠠ》 ᠥᠷᠲᠡᠭᠡ ᠭᠡᠵᠦ᠍ ᠬᠠᠯᠠᠬᠤ᠎ᠪᠠᠷ ᠪᠤᠢ᠃ ᠲᠤᠬᠠᠶ᠎ᠶᠢᠨ ᠦᠶ᠎ᠡ᠎ᠳᠦ ᠲᠡᠷᠭᠡᠨ ᠥᠷᠲᠡᠭᠡᠨ᠎ᠦ ᠪᠢᠯᠧᠲ ᠬᠤᠳᠠᠯᠳᠤᠬᠤ ᠠᠦ᠋ᠲ᠋ᠣ᠋ ᠮᠠᠰᠢᠨ᠂ ᠷᠠᠳᠢᠣ᠋ ᠨᠡᠪᠲᠡᠷᠡᠭᠦᠯᠭᠡ᠂ ᠵᠢᠯᠤᠭᠤᠳᠤᠮᠵᠢ ᠵᠢᠨ ᠢᠯᠡᠳᠬᠡᠮᠵᠢ ᠲᠡᠮᠳᠡᠭ ᠵᠡᠷᠭᠡ᠎ᠳᠦ ᠴᠦᠮ ᠲᠣᠬᠢᠷᠠᠭᠤᠯᠤᠯᠲᠠ ᠬᠢᠨ᠎ᠠ᠃ ᠡᠨᠡ ᠤᠳᠠᠭ᠎ᠠ ᠵᠢᠨ ᠨᠡᠷ᠎ᠡ ᠬᠠᠯᠠᠬᠤ᠎ᠶᠢᠨ ᠵᠣᠷᠢᠯᠭ᠎ᠠ ᠨᠢ ᠬᠣᠲᠠ᠎ᠶᠢᠨ ᠣᠯᠠᠨ ᠨᠡᠶ᠋ᠢᠲᠡ᠎ᠶᠢᠨ ᠲᠥᠬᠥᠭᠡᠷᠦᠮᠵᠢ᠎ᠶᠢ ᠨᠡᠭᠦᠯᠭᠡᠬᠦ᠌ ᠪᠠ ᠨᠢᠰᠬᠡᠯ᠎ᠦᠨ ᠪᠠᠭᠤᠳᠠᠯ ᠰᠢᠯᠵᠢᠬᠦ᠌᠎ᠡᠴᠡ ᠪᠣᠯᠤᠭᠰᠠᠨ 《ᠨᠡᠷ᠎ᠡ᠎ᠲᠡᠢ ᠪᠠᠨ ᠨᠡᠶ᠋ᠢᠴᠡᠬᠦ᠌ ᠥᠬᠡᠶ》 ᠠᠰᠠᠭᠤᠳᠠᠯ᠎ᠢ ᠠᠷᠢᠯᠭᠠᠵᠤ᠂ ᠮᠸᠲᠷᠤ᠋ ᠵᠢᠨ ᠵᠢᠯᠤᠭᠤᠳᠤᠮᠵᠢ᠎ᠶᠢᠨ ᠣᠨᠣᠪᠴᠢ᠎ᠶᠢᠨ ᠬᠡᠮᠵᠢᠶ᠎ᠡ᠎ᠶᠢ ᠳᠡᠭᠡᠭᠰᠢᠯᠡᠭᠦᠯᠬᠦ᠌᠎ᠶᠢᠨ ᠲᠥᠯᠥᠭᠡ ᠶᠤᠮ᠃



ᠬᠤᠶᠠᠷ ᠥᠷᠲᠡᠭᠡᠨ᠎ᠦ ᠨᠡᠷ᠎ᠡ᠎ᠶᠢ ᠬᠠᠯᠠᠬᠤ ᠨᠢ ᠬᠥᠬᠡᠬᠣᠲᠠ᠎ᠶᠢᠨ ᠬᠣᠶᠠᠷ ᠴᠢᠬᠤᠯᠠ ᠶᠡᠬᠡ ᠣᠯᠠᠨ ᠨᠡᠶ᠋ᠢᠲᠡ᠎ᠶᠢᠨ ᠲᠥᠬᠥᠭᠡᠷᠦᠮᠵᠢ᠎ᠶᠢᠨ ᠬᠤᠪᠢᠷᠠᠯᠲᠠ᠎ᠲᠠᠶ ᠵᠣᠬᠢᠴᠠᠯᠳᠤᠵᠤ ᠪᠠᠶ᠋ᠢᠨ᠎ᠠ᠃ ᠡᠭᠦᠨ᠎ᠳᠦ᠂ 《ᠥᠪᠥᠷ ᠮᠣᠩᠭᠣᠯ᠎ᠤᠨ ᠮᠦᠽᠧᠶ》 ᠥᠷᠲᠡᠭᠡ᠎ᠶᠢᠨ ᠨᠡᠷ᠎ᠡ᠎ᠶᠢ ᠬᠠᠯᠠᠬᠤ ᠰᠢᠭᠤᠳ ᠰᠢᠯᠲᠠᠭᠠᠨ ᠪᠣᠯ ᠥᠪᠥᠷ ᠮᠣᠩᠭᠣᠯ᠎ᠤᠨ ᠮᠦᠽᠧᠶ ᠨᠢᠭᠡᠨᠲᠡ ᠪᠦᠬᠦᠯᠢ ᠴᠣᠭᠴᠠ᠎ᠪᠠᠷ᠎ᠢᠶᠠᠨ ᠬᠥᠬᠡᠬᠣᠲᠠ᠎ᠶᠢᠨ ᠵᠡᠭᠦᠨ ᠥᠷᠲᠡᠭᠡ᠎ᠶᠢᠨ ᠣᠶ᠋ᠢᠷᠠᠯᠴᠠᠭ᠎ᠠ ᠨᠡᠭᠦᠵᠦ᠍᠂ ᠤᠤᠯ᠎ᠤᠨ ᠥᠷᠲᠡᠭᠡ᠎ᠶᠢᠨ ᠨᠡᠷ᠎ᠡ᠎ᠳᠦ ᠵᠢᠭᠠᠭᠰᠠᠨ ᠲᠠᠯᠠᠪᠤᠷ ᠨᠢᠭᠡᠨᠲᠡ ᠲᠣᠰ ᠥᠷᠲᠡᠭᠡ᠎ᠶᠢᠨ ᠡᠷᠬᠢᠨ ᠲᠣᠭᠣᠷᠢᠨ᠎ᠳᠤ ᠪᠠᠶ᠋ᠢᠬᠤ ᠥᠬᠡᠶ ᠪᠣᠯᠤᠭᠰᠠᠨ ᠪᠠᠶ᠋ᠢᠨ᠎ᠠ᠃ ᠲᠣᠰ ᠥᠷᠲᠡᠭᠡ᠎ᠶᠢᠨ ᠣᠳᠣᠬᠠᠨ᠎ᠤ ᠡᠷᠬᠢᠨ ᠲᠣᠭᠣᠷᠢᠨ᠎ᠤ ᠬᠠᠮᠤᠭ᠎ᠤᠨ ᠲᠣᠳᠣᠴᠠ ᠪᠥᠬᠥᠶ ᠪᠡᠯᠭᠡ ᠲᠡᠮᠳᠡᠭᠲᠦ᠍ ᠪᠠᠷᠢᠯᠭ᠎ᠠ ᠪᠣᠯ ᠥᠪᠥᠷ ᠮᠣᠩᠭᠣᠯ᠎ᠤᠨ ᠲᠣᠮᠣ ᠲᠢᠶᠠᠲ᠋ᠷ (ᠤᠯᠠᠭᠠᠨ ᠲᠢᠶᠠᠲ᠋ᠷ) ᠪᠠᠶ᠋ᠢᠵᠤ᠂ 《ᠥᠪᠥᠷ ᠮᠣᠩᠭᠣᠯ᠎ᠤᠨ ᠲᠣᠮᠣ ᠲᠢᠶᠠᠲ᠋ᠷ》 ᠵᠢᠠᠷ ᠥᠷᠲᠡᠭᠡᠨ᠎ᠦ ᠨᠡᠷ᠎ᠡ ᠪᠣᠯᠭᠠᠵᠤ᠂ ᠥᠷᠲᠡᠭᠡ ᠴᠡᠭ᠎ᠦᠨ ᠪᠣᠳᠠᠲᠠᠶ ᠭᠠᠵᠠᠷ ᠵᠦᠶ᠎ᠶᠢᠨ ᠪᠠᠶ᠋ᠢᠷᠢ᠎ᠶᠢ ᠨᠠᠩ ᠣᠨᠣᠪᠴᠢᠲᠠᠶ ᠲᠤᠰᠬᠠᠵᠤ᠂ ᠬᠣᠲᠠ᠎ᠶᠢᠨ ᠠᠷᠠᠳ ᠪᠠ ᠵᠢᠭᠤᠯᠴᠢᠯᠠᠭᠰᠠᠳ᠎ᠤᠨ ᠢᠯᠭᠠᠨ ᠲᠠᠨᠢᠬᠤ᠎ᠳᠤ ᠲᠥᠬᠥᠮ ᠦᠵᠡᠭᠦᠯᠬᠦ ᠪᠤᠯᠤᠨ᠎ᠠ᠃



《ᠪᠠᠶᠠᠨ (ᠨᠢᠰᠬᠡᠯ᠎ᠦᠨ ᠪᠠᠭᠤᠳᠠᠯ)》 ᠥᠷᠲᠡᠭᠡ᠎ᠶᠢᠨ ᠨᠡᠷ᠎ᠡ᠎ᠶᠢ ᠬᠠᠯᠠᠬᠤ ᠨᠢ ᠬᠥᠬᠡᠬᠣᠲᠠ᠎ᠶᠢᠨ ᠴᠠᠭᠠᠨ ᠰᠤᠪᠤᠷᠭ᠎ᠠ ᠣᠯᠠᠨ ᠤᠯᠤᠰ᠎ᠤᠨ ᠨᠢᠰᠬᠡᠯ᠎ᠦᠨ ᠪᠠᠭᠤᠳᠠᠯ᠎ᠤᠨ ᠰᠢᠯᠵᠢᠬᠦ᠌᠎ᠲᠡᠶ ᠰᠢᠭᠤᠳ ᠬᠣᠯᠪᠣᠭ᠎ᠠ᠎ᠲᠠᠶ ᠶᠤᠮ᠃ ᠴᠠᠭᠠᠨ ᠰᠤᠪᠤᠷᠭ᠎ᠠ ᠣᠯᠠᠨ ᠤᠯᠤᠰ᠎ᠤᠨ ᠨᠢᠰᠬᠡᠯ᠎ᠦᠨ ᠪᠠᠭᠤᠳᠠᠯ 11 ᠰᠠᠷ᠎ᠠ᠎ᠶᠢᠨ 26᠎ᠤ ᠡᠳᠦᠷ᠎ᠦᠨ ᠲᠡᠭ ᠴᠠᠭ᠎ᠠᠴᠠ ᠡᠬᠢᠯᠡᠨ ᠵᠢᠩᠬᠢᠨᠢ᠎ᠪᠡᠷ ᠠᠵᠢᠯᠯᠠᠬᠤ᠎ᠪᠠᠨ ᠵᠣᠭᠰᠣᠵᠤ᠂ ᠪᠣᠶ ᠪᠥᠬᠥᠶ ᠡᠭᠡᠯᠵᠢ᠎ᠶᠢᠨ ᠨᠢᠰᠬᠡᠯ ᠪᠦᠬᠦᠨ᠎ᠢᠶᠡᠷ᠎ᠢᠶᠡᠨ ᠱᠧᠩ ᠯᠸ ᠰᠢᠨ᠎ᠡ ᠨᠢᠰᠬᠡᠯ᠎ᠦᠨ ᠪᠠᠭᠤᠳᠠᠯ᠎ᠳᠤ ᠰᠢᠯᠵᠢᠵᠦ᠍ ᠠᠵᠢᠯᠯᠠᠬᠤ ᠪᠣᠯᠤᠨ᠎ᠠ᠃ ᠬᠡᠷᠪᠡ ᠮᠸᠲᠷᠤ᠋ ᠵᠢᠨ ᠥᠷᠲᠡᠭᠡᠨ᠎ᠦ ᠨᠡᠷᠡᠰ ᠎ᠲᠤ ᠦᠷᠭᠦᠯᠵᠢᠯᠡᠨ 《ᠨᠢᠰᠬᠡᠯ᠎ᠦᠨ ᠪᠠᠭᠤᠳᠠᠯ》 ᠭᠡᠰᠡᠨ ᠥᠰᠥᠭ᠎ᠢ ᠦᠯᠡᠳᠡᠭᠡᠪᠡᠯ᠂ ᠭᠠᠳᠠᠷ ᠣᠷᠣᠨ᠎ᠤ ᠠᠶᠠᠨᠴᠢᠳ ᠪᠠ ᠲᠣᠰ ᠭᠠᠵᠠᠷ᠎ᠤᠨ ᠪᠠᠶ᠋ᠢᠳᠠᠯ᠎ᠢ ᠰᠠᠶ᠋ᠢᠨ ᠮᠡᠳᠡᠬᠦ᠌ ᠥᠬᠡᠶ ᠠᠶᠠᠨᠴᠢᠳ᠎ᠢ ᠬᠦᠨᠳᠦ ᠨᠣᠴᠢᠲᠠᠶ ᠡᠨᠳᠡᠭᠦᠷᠡᠭᠦᠯᠵᠦ ᠮᠡᠳᠡᠨ᠎ᠡ᠃ ᠥᠷᠲᠡᠭᠡᠨ᠎ᠦ ᠨᠡᠷ᠎ᠡ᠎ᠶᠢ 《ᠴᠠᠭᠠᠨ ᠰᠤᠪᠤᠷᠭ᠎ᠠ》 ᠪᠣᠯᠭᠠᠬᠤ ᠨᠢ᠂ ᠤᠷᠤᠨ ᠭᠡᠪᠴᠢᠶᠠᠨ᠎ᠤ ᠲᠡᠦᠬᠡ ᠵᠢᠨ ᠭᠠᠵᠠᠷ᠎ᠤᠨ ᠨᠡᠷ᠎ᠡ᠎ᠶᠢᠨ ᠳᠤᠷᠠᠳᠬᠠᠯ᠎ᠢ ᠦᠯᠡᠳᠡᠭᠡᠬᠦ ᠪᠥᠭᠡᠳ ᠨᠢᠭᠡᠨᠲᠡ ᠬᠦᠴᠦᠨ ᠥᠬᠡᠶ ᠪᠣᠯᠤᠭᠰᠠᠨ 《ᠨᠢᠰᠬᠡᠯ᠎ᠦᠨ ᠪᠠᠭᠤᠳᠠᠯ》᠎ᠤᠨ ᠴᠢᠳᠠᠮᠵᠢ᠎ᠶᠢᠨ ᠴᠢᠭᠯᠡᠯ᠎ᠢ ᠴᠦ᠍ ᠲᠡᠰᠦᠯᠪᠡ᠃



ᠥᠷᠭᠡᠨ ᠣᠯᠠᠨ ᠠᠶᠠᠨᠴᠢᠳ᠎ᠲᠤ᠌ ᠠᠪᠴᠤ᠌ ᠬᠡᠯᠡᠪᠡᠯ᠂ 11 ᠰᠠᠷ᠎ᠠ᠎ᠶᠢᠨ 26᠎ᠤ ᠡᠳᠦᠷ᠎ᠡᠴᠡ ᠰᠡᠭᠦᠯᠡᠷ ᠭᠠᠳᠠᠭᠰᠢ ᠭᠠᠷᠬᠤ᠎ᠳᠤ ᠥᠷᠲᠡᠭᠡᠨ᠎ᠦ ᠨᠡᠷ᠎ᠡ᠎ᠶᠢᠨ ᠬᠤᠪᠢᠷᠠᠯᠲᠠ᠎ᠶᠢ ᠠᠩᠬᠠᠷᠬᠤ ᠬᠡᠷᠡᠭᠲᠡᠶ᠃ ᠡᠳᠦᠷ ᠲᠤᠲᠤᠮ᠎ᠤᠨ ᠠᠵᠢᠯ᠎ᠳᠤ ᠭᠠᠷᠬᠤ ᠬᠣᠲᠠ᠎ᠶᠢᠨ ᠠᠷᠠᠳ ᠮᠸᠲᠷᠤ᠋ ᠵᠢᠨ ᠬᠣᠶᠠᠷ ᠥᠷᠲᠡᠭᠡ᠎ᠶᠢᠨ ᠳᠠᠭᠤᠳᠠᠯᠭ᠎ᠠ᠎ᠶᠢᠨ ᠳᠠᠳᠬᠠᠯ᠎ᠢᠶᠠᠨ ᠰᠢᠨᠡᠳᠬᠡᠬᠦ᠌ ᠴᠢᠬᠤᠯᠠᠲᠡᠶ; ᠥᠪᠥᠷ ᠮᠣᠩᠭᠣᠯ᠎ᠤᠨ ᠶᠡᠬᠡ ᠲᠢᠶᠠᠲ᠋ᠷ᠎ᠤᠨ ᠤᠢᠷ᠎ᠠ ᠤᠷᠴᠢᠮ ᠬᠥᠷᠬᠥ᠌ ᠠᠶᠠᠨᠴᠢᠳ ᠰᠢᠨ᠎ᠡ ᠥᠷᠲᠡᠭᠡᠨ᠎ᠦ ᠨᠡᠷ᠎ᠡ 《ᠥᠪᠥᠷ ᠮᠣᠩᠭᠣᠯ᠎ᠤᠨ ᠶᠡᠬᠡ ᠲᠢᠶᠠᠲ᠋ᠷ》 ᠥᠷᠲᠡᠭᠡ᠎ᠪᠡᠷ ᠲᠡᠷᠭᠡᠨ᠎ᠡᠴᠡ ᠪᠠᠭᠤᠪᠠᠯ ᠪᠣᠯᠴᠢᠬᠠᠨ᠎ᠠ; ᠤᠤᠯ᠎ᠤᠨ ᠮᠸᠲᠷᠤ᠋᠎ᠳᠤ ᠰᠠᠭᠤᠵᠤ ᠴᠠᠭᠠᠨ ᠰᠤᠪᠤᠷᠭ᠎ᠠ ᠨᠢᠰᠬᠡᠯ᠎ᠦᠨ ᠪᠠᠭᠤᠳᠠᠯ ᠤᠷᠴᠢᠮ᠎ᠳᠤ ᠬᠥᠷᠬᠥ ᠠᠶᠠᠨᠴᠢᠳ᠂ ᠴᠠᠭᠠᠨ ᠰᠤᠪᠤᠷᠭ᠎ᠠ ᠨᠢᠰᠬᠡᠯ᠎ᠦᠨ ᠪᠠᠭᠤᠳᠠᠯ᠎ᠤᠨ ᠠᠵᠢᠯᠯᠠᠬᠤ᠎ᠪᠡᠨ ᠵᠣᠭᠰᠣᠵᠦ᠂ ᠮᠸᠲᠷᠤ᠋ ᠵᠢᠨ 《ᠴᠠᠭᠠᠨ ᠰᠤᠪᠤᠷᠭ᠎ᠠ》 ᠥᠷᠲᠡᠭᠡ᠎ᠨᠢ ᠨᠢᠰᠬᠡᠯ᠎ᠦᠨ ᠪᠠᠭᠤᠳᠠᠯ᠎ᠤᠨ ᠲᠤᠰᠴᠤ᠌ ᠠᠪᠬᠤ ᠴᠢᠳᠠᠮᠵᠢ ᠵᠢ ᠡᠭᠦᠷᠭᠡᠯᠡᠬᠦ᠌᠎ᠪᠡᠨ ᠪᠤᠯᠢᠭᠰᠠᠨ᠎ᠢ ᠠᠩᠬᠠᠷᠤᠯ᠎ᠳᠠᠭᠠᠨ ᠠᠪᠴᠦ᠂ ᠨᠢᠰᠭᠡᠯ᠎ᠳᠤ ᠰᠠᠭᠤᠬᠤ ᠬᠡᠷᠡᠭᠴᠡᠭᠡ ᠲᠡᠢ ᠪᠤᠯ᠂ ᠱᠧᠩ ᠯᠸ ᠰᠢᠨ᠎ᠡ ᠨᠢᠰᠬᠡᠯ᠎ᠦᠨ ᠪᠠᠭᠤᠳᠠᠯ᠎ᠳᠤ ᠬᠥᠷᠬᠥ᠌ ᠪᠤᠰᠤᠳ ᠵᠠᠮ ᠬᠠᠷᠢᠯᠴᠠᠭᠠᠨ᠎ᠤ ᠠᠷᠭ᠎ᠠ ᠮᠠᠶᠢᠭ᠎ᠢ ᠤᠷᠢᠳᠴᠢᠯᠠᠨ ᠲᠥᠯᠥᠪᠵᠢᠭᠦᠯᠬᠦ᠌ ᠴᠢᠬᠤᠯᠠᠲᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面