ᠲᠡᠷᠢᠭᠦᠨ ᠨᠢᠭᠤᠷ>ᠰᠢᠨ᠎ᠡ ᠬᠦᠳᠡᠭᠡ>ᠠᠵᠢᠭᠯᠠᠯᠳᠠ ᠵᠠᠳᠠᠯᠣᠯᠳᠠ

2024-12-30 11:05:50

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠬᠠᠷᠢᠭᠤᠴᠠᠭᠰᠠᠨ ᠨᠠᠢᠷᠠᠭᠤᠯᠤᠬᠴᠢ ᠵᠢᠨ ᠰᠡᠳᠬᠢᠯ᠎ᠤᠨ ᠦᠭᠡ

《ᠰᠠᠷᠠᠭᠤᠯ ᠬᠠᠩᠭᠠᠢ ᠰᠡᠮᠡᠷᠡᠭᠡᠳ ᠪᠠᠢᠨ᠎ᠠ / ᠰᠠᠨᠴᠢᠭ ᠤ᠋ᠨ ᠦᠰᠦ ᠪᠤᠭᠤᠷᠤᠯᠳᠤᠭᠠᠳ ᠪᠠᠢᠨ᠎ᠠ / ᠬᠦᠳᠡᠭᠡ ᠶ᠋ᠢᠨ ᠵᠠᠮ ᠰᠤᠨᠤᠯᠵᠠᠭᠠᠳ ᠪᠠᠢᠨ᠎ᠠ / ᠬᠦᠭᠡᠷᠦᠭᠦᠢ ᠵᠢᠷᠦᠬᠡ ᠮᠢᠨᠢ ᠤᠶᠠᠷᠠᠭᠠᠳ ᠪᠠᠢᠨ᠎ᠠ / ᠠᠢ ᠬᠦ᠂ ᠶᠠᠭᠠᠬᠢᠭᠰᠠᠨ ᠴᠤ᠌ ᠬᠤᠷᠳᠤᠨ ᠦᠩᠭᠡᠷᠡᠬᠦ ᠶᠤᠮ ᠳ᠋ᠠ / ᠳᠤᠷᠠᠳᠬᠠᠯ ᠬᠡᠯᠬᠢᠭᠰᠡᠨ ᠤᠨ ᠵᠢᠯ ᠤ᠋ᠳ ᠡ ᠁》 ᠬᠡᠮᠡᠨ ᠳᠠᠭᠤᠯᠠᠳᠠᠭ ᠦᠷᠭᠦᠯᠵᠢᠯᠡᠭᠰᠡᠨ ᠲᠸᠯᠸᠢᠰ ᠵᠦᠴᠦᠭᠡ 《ᠬᠦᠳᠡᠭᠡ ᠰᠢᠯᠢ》 ᠶ᠋ᠢᠨ ᠭᠤᠤᠯ ᠳᠠᠭᠤᠤ 《ᠤᠨ ᠵᠢᠯ ᠤ᠋ᠳ》 ᠢ᠋ ᠪᠢ ᠤᠨ ᠤᠳᠠᠭᠠᠨ ᠭᠠᠷ ᠤᠳᠠᠰᠤᠨ ᠤ᠋ ᠪᠡᠨ ᠬᠤᠩᠬᠤᠨ ᠳᠠᠭᠤᠤ ᠪᠤᠯᠭᠠᠯ᠎ᠠ᠃

ᠠᠶ᠎ᠠ᠂ ᠡᠳᠦᠷ ᠬᠤᠭᠤᠴᠠᠭ᠎ᠠ ᠭᠡᠭᠴᠢ ᠨᠡᠭᠡᠷᠡᠨ ᠬᠤᠷᠳᠤᠨ ᠦᠩᠭᠡᠷᠡᠵᠦ ᠪᠠᠢᠨ᠎ᠠ᠃ ᠨᠢᠭᠡ ᠮᠡᠳᠡᠭᠦᠨ᠎ᠠ 2024 ᠤᠨ ᠪᠠᠰᠠ ᠦᠩᠭᠡᠷᠡᠨ ᠤᠳᠴᠤ᠂ 《ᠰᠢᠨ᠎ᠠ ᠬᠦᠳᠡᠭᠡ》 ᠲᠤᠰᠬᠠᠢ ᠬᠡᠪᠯᠡᠯ ᠴᠤ᠌ ᠤᠨ ᠤᠨ᠎ᠤ ᠦᠯᠢᠭᠡᠷ ᠵᠢᠡᠨ ᠬᠠᠭᠤᠴᠢᠯᠠᠭᠠᠳ ᠲᠡᠦᠬᠡ ᠶ᠋ᠢᠨ ᠬᠠᠭᠤᠳᠠᠰᠤᠨ ᠳ᠋ᠤ ᠦᠯᠡᠳᠡᠵᠦ ᠪᠠᠢᠨ᠎ᠠ᠃ ᠮᠠᠨ᠎ᠤ ᠮᠡᠳᠡᠭᠡᠯᠡᠯ᠎ᠳᠤ ᠠᠩᠬᠠᠷᠤᠯ ᠵᠢᠡᠨ ᠬᠠᠨᠳᠤᠭᠤᠯᠤᠭᠰᠠᠨ ᠲᠠ ᠨᠠᠷ ᠲᠠᠭᠠᠨ ᠪᠠᠶᠠᠷᠯᠠᠯ᠎ᠠ᠃ — ᠡᠷᠳᠡᠨᠢᠬᠤᠸᠠᠷ

2024 ᠤᠨ᠎ᠤ ᠮᠡᠳᠡᠭᠡᠯᠡᠯ᠎ᠤᠨ ᠦᠯᠢᠭᠡᠷ

2024 ᠤᠨ ᠤ᠋ 《ᠰᠢᠨ᠎ᠠ ᠬᠦᠳᠡᠭᠡ》 ᠲᠤᠰᠬᠠᠢ ᠬᠡᠪᠯᠡᠯ ᠳ᠋ᠡᠭᠡᠨ ᠪᠢᠳᠡ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠮᠠᠯᠴᠢᠨ ᠲᠠᠷᠢᠶᠠᠴᠢᠨ ᠶ᠋ᠢᠡᠷ ᠭᠤᠤᠯ ᠠᠩᠬᠠᠷᠤᠯ ᠤ᠋ᠨ ᠴᠡᠭ ᠪᠤᠯᠭᠠᠨ᠂ 《〈ᠠᠶᠠᠭ᠎ᠠ ᠱᠦᠯᠤ〉 ᠶ᠋ᠢᠨ ᠲᠤᠬᠠᠢ ᠠᠰᠠᠭᠤᠯᠳᠠ ᠬᠠᠷᠢᠭᠤᠯᠳᠠ》᠂《ᠲᠠᠷᠢᠶᠠᠨ ᠭᠠᠵᠠᠷ ᠰᠢᠮᠡᠵᠢᠯ᠎ᠠ ᠡᠯᠡᠰᠦ ᠲᠤᠭᠤᠰᠤ ᠳᠠᠷᠤᠭᠳᠠᠯ᠎ᠠ ᠡᠯᠪᠡᠭ ᠬᠤᠷᠢᠶᠠᠯᠳᠠ ᠤᠯᠤᠯ᠎ᠠ》᠂ 《ᠤᠷᠳᠤᠨ᠎ᠠ ᠬᠠᠢᠯᠤᠭᠰᠠᠨ ᠤᠳᠤ ᠦᠶ᠎ᠠ ᠶ᠋ᠢᠨ ᠮᠠᠯ ᠠᠵᠤ ᠠᠬᠤᠢ ᠶ᠋ᠢᠨ ᠭᠤᠷᠮᠤᠰᠤᠨ ᠲᠤᠤᠯᠢᠰ》 ᠵᠡᠷᠭᠡ ᠭᠦᠨᠴᠡ ᠮᠡᠳᠡᠭᠡᠯᠡᠯ᠂ 《ᠪᠡᠯᠴᠢᠭᠡᠷ ᠤ᠋ᠨ ᠮᠠᠯ ᠠᠵᠤ ᠠᠬᠤᠢ ᠶ᠋ᠢᠨ ᠬᠦᠭᠵᠢᠯᠳᠡ ᠶ᠋ᠢᠨ 10 ᠰᠢᠨ᠎ᠠ ᠵᠠᠭᠪᠤᠷ》᠂ 《ᠤᠳᠤ ᠦᠶ᠎ᠠ ᠶ᠋ᠢᠨ ᠲᠦᠬᠦᠭᠡᠷᠦᠮᠵᠢᠳᠦ ᠮᠠᠯ ᠠᠵᠤ ᠠᠬᠤᠢ ᠶ᠋ᠢᠨ ᠪᠦᠲᠦᠭᠡᠨ ᠪᠠᠢᠭᠤᠯᠤᠯᠳᠠ ᠶ᠋ᠢᠨ ᠲᠤᠬᠠᠢ ᠰᠢᠷᠢᠰ ᠲᠠᠢᠯᠤᠮᠵᠢ》 ᠵᠡᠷᠭᠡ ᠭᠤᠤᠯᠳᠠᠯᠭ᠎ᠠ ᠲᠠᠢ ᠮᠡᠳᠡᠭᠡᠯᠡᠯ ᠤ᠋ᠳ ᠢ᠋ ᠨᠡᠢᠳᠡᠯᠡᠵᠦ᠂ ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠳᠠ ᠶ᠋ᠢᠨ ᠪᠠᠶᠠᠷ ᠲᠤ᠌ ᠵᠤᠷᠢᠭᠤᠯᠤᠨ 《ᠡᠯᠪᠡᠭ ᠬᠤᠷᠢᠶᠠᠯᠳᠠ ᠶ᠋ᠢᠨ ᠪᠠᠶᠠᠨ ᠨᠠᠮᠤᠷ》 ᠭᠡᠬᠦ ᠲᠤᠰᠬᠠᠢ ᠮᠡᠳᠡᠭᠡᠯᠡᠯ ᠢ᠋ ᠲᠦᠰᠦᠪᠯᠡᠨ᠂ 《ᠲᠠᠯ᠎ᠠ ᠨᠤᠳᠤᠭ ᠤ᠋ᠨ 〈ᠰᠢᠨ᠎ᠠ ᠮᠠᠯᠴᠢᠨ〉》᠂ 《ᠠᠯᠠᠱᠠ ᠶ᠋ᠢᠨ ᠮᠠᠯᠴᠢᠳ ᠤᠳᠤᠷ ᠤ᠋ᠨ ᠲᠡᠮᠡᠭᠡᠳ ᠶ᠋ᠢᠡᠨ ᠬᠤᠷᠢᠶᠠᠯ᠎ᠠ》 ᠵᠡᠷᠭᠡ ᠰᠤᠨᠢᠷᠬᠠᠯᠳᠠᠢ ᠰᠠᠢᠬᠠᠨ ᠵᠢᠷᠤᠭᠳᠤ ᠮᠡᠳᠡᠭᠡᠯᠡᠯ ᠢ᠋ ᠨᠡᠢᠳᠡᠯᠡᠭᠰᠡᠨ ᠪᠠᠢᠨ᠎ᠠ᠃

2025 ᠤᠨ᠎ᠤ ᠮᠡᠳᠡᠭᠡᠯᠡᠯ᠎ᠤᠨ ᠠᠶᠠᠨ

2025 ᠤᠨ ᠳ᠋ᠤ 《ᠰᠢᠨ᠎ᠠ ᠬᠦᠳᠡᠭᠡ》 ᠲᠤᠰᠬᠠᠢ ᠬᠡᠪᠯᠡᠯ ᠦᠷᠭᠦᠯᠵᠢᠯᠡᠨ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠮᠠᠯᠴᠢᠨ ᠲᠠᠷᠢᠶᠠᠴᠢᠨ ᠶ᠋ᠢᠡᠷ ᠭᠤᠤᠯ ᠠᠩᠬᠠᠷᠤᠯ ᠤ᠋ᠨ ᠴᠡᠭ ᠪᠤᠯᠭᠠᠨ᠂ ᠬᠦᠳᠡᠭᠡ ᠲᠤᠰᠬᠤᠨ ᠶ᠋ᠢᠡᠨ ᠬᠦᠭᠵᠢᠭᠦᠯᠦᠨ ᠮᠠᠨᠳᠤᠭᠤᠯᠵᠤ ᠪᠠᠢᠭ᠎ᠠ ᠠᠮᠢᠳᠤ ᠪᠤᠳᠠᠳᠠᠢ ᠦᠯᠢᠭᠡᠷ ᠵᠢᠱ᠌ᠢᠶ᠎ᠠ᠂ ᠦᠨᠳᠦᠰᠦᠨ ᠱᠠᠳᠤᠨ ᠳ᠋ᠤ ᠤᠢᠷᠠᠳᠤᠭᠰᠠᠨ᠂ ᠮᠠᠯᠴᠢᠨ ᠲᠠᠷᠢᠶᠠᠴᠢᠨ ᠳ᠋ᠠᠭᠠᠨ ᠤᠢᠷᠠᠳᠤᠭᠰᠠᠨ᠂ ᠮᠠᠯᠵᠢᠬᠤ ᠲᠠᠷᠢᠶᠠᠯᠠᠬᠤ ᠤᠷᠤᠨ᠎ᠤ ᠬᠦᠭᠵᠢᠯᠳᠡ᠎ᠳᠤ ᠬᠤᠯᠪᠤᠭᠳᠠᠭᠰᠠᠨ ᠲᠦᠷᠦ ᠵᠢᠨ ᠪᠤᠳᠤᠯᠭ᠎ᠠ ᠵᠢᠨ ᠲᠠᠢᠯᠤᠮᠵᠢ ᠵᠡᠷᠭᠡ ᠮᠡᠳᠡᠭᠡ ᠮᠡᠳᠡᠭᠡᠯᠡᠯ ᠨᠡᠢᠳᠡᠯᠡᠵᠦ᠂ ᠲᠠᠨᠠᠷ ᠲᠠᠭᠠᠨ ᠰᠤᠨᠢᠨ ᠰᠤᠨᠤᠰᠬᠠᠯ᠂ ᠲᠦᠷᠦ ᠵᠢᠨ ᠪᠤᠳᠤᠯᠭ᠎ᠠ ᠵᠢᠨ ᠦᠢᠯᠡᠴᠢᠯᠡᠭᠡ ᠬᠠᠩᠭᠠᠬᠤ ᠪᠤᠯᠤᠨ᠎ᠠ᠃ ᠦᠷᠬᠦᠯᠵᠢᠯᠡᠨ ᠠᠩᠬᠠᠷᠤᠯ ᠵᠢᠡᠨ ᠬᠠᠨᠳᠤᠭᠤᠯᠤᠭᠠᠷᠠᠢ!


QQ截图20241204104846.png

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面