2026-09-11 10:46:29
— ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ 《ᠰᠦ ᠶ᠋ᠢᠨ ᠦᠢᠯᠡᠰ ᠢ᠋ ᠬᠦᠭᠵᠢᠭᠦᠯᠦᠨ ᠮᠠᠨᠳᠤᠭᠤᠯᠬᠤ ᠢᠨᠵᠸᠨ᠋ᠸᠷᠢᠡᠭ》 ᠤ᠋ᠨ ᠮᠠᠯ ᠠᠵᠤ ᠠᠬᠤᠢ ᠲᠠᠷᠢᠶᠠᠯᠠᠩ ᠳ᠋ᠤ ᠬᠤᠯᠪᠤᠭᠳᠠᠬᠤ ᠲᠦᠷᠦᠯ ᠵᠦᠢᠯ ᠤ᠋ᠨ ᠬᠡᠷᠡᠭᠵᠢᠭᠦᠯᠬᠦ ᠨᠠᠷᠢᠨ ᠳᠦᠷᠢᠮ ᠤ᠋ᠨ ᠭᠤᠤᠯᠳᠠᠯᠭ᠎ᠠ
ᠦᠪᠡᠷᠲᠡᠭᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠡ᠂ ᠵᠠᠰᠠᠭ ᠤ᠋ᠨ ᠤᠷᠳᠤᠨ ᠤ᠋ 《 ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠠ ᠲᠠᠷᠢᠶᠠᠯᠠᠡᠭ ᠤ᠋ᠨ ᠪᠦᠲᠦᠭᠡᠭᠳᠡᠭᠦᠨ ᠤ᠋ ᠦᠢᠯᠡᠳᠪᠦᠷᠢᠯᠡᠯ ᠤ᠋ᠨ ᠰᠠᠭᠤᠷᠢᠨ ᠢ᠋ ᠴᠢᠨᠠᠷ ᠰᠠᠢᠲᠠᠢ ᠪᠦᠲᠦᠭᠡᠨ ᠪᠠᠢᠭᠤᠯᠬᠤ ᠲᠤᠬᠠᠢ ᠰᠠᠨᠠᠯ 》 ᠢ᠋ ᠨᠠᠢᠳᠠᠪᠤᠷᠢᠵᠢᠭᠤᠯᠬᠤ ᠶ᠋ᠢᠨ ᠲᠦᠯᠦᠭᠡ᠂ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠬᠢᠭᠡᠳ ᠡᠳ᠋ ᠤ᠋ᠨ ᠵᠠᠰᠠᠭ ᠤ᠋ᠨ ᠲᠢᠡᠭᠬᠢᠮ ᠡᠴᠡ ᠰᠦ ᠶ᠋ᠢᠨ ᠦᠢᠯᠡᠰ ᠤ᠋ᠨ ᠬᠦᠭᠵᠢᠯᠲᠡ ᠶ᠋ᠢᠨ ᠰᠢᠨ᠎ᠡ ᠪᠠᠢᠳᠠᠯ ᠲᠠᠢ ᠤᠶᠠᠯᠳᠤᠭᠤᠯᠤᠨ᠂《ᠪᠤᠯᠪᠠᠰᠤᠷᠠᠩᠭᠤᠢ ᠪᠦᠭᠡᠳ ᠪᠦᠲᠦᠮᠵᠢᠲᠠᠢ ᠲᠦᠷᠦ ᠶ᠋ᠢᠨ ᠪᠤᠳᠤᠯᠭ᠎ᠠ ᠵᠢ ᠦᠷᠬᠦᠯᠵᠢᠯᠡᠨ ᠬᠡᠷᠡᠭᠵᠢᠭᠦᠯᠵᠦ ᠂ ᠳᠤᠬᠢᠷᠠᠮᠵᠢ ᠦᠭᠡᠢ ᠠᠷᠭ᠎ᠠ ᠬᠡᠮᠵᠢᠶ᠎ᠡ ᠵᠢ ᠲᠤᠬᠢᠷᠠᠭᠤᠯᠤᠨ ᠰᠢᠯᠢᠳᠡᠭᠵᠢᠭᠦᠯᠬᠦ》 ᠵᠠᠷᠴᠢᠮ ᠶ᠋ᠢᠡᠷ 《ᠰᠦ ᠶ᠋ᠢᠨ ᠦᠢᠯᠡᠰ ᠢ᠋ ᠬᠦᠭᠵᠢᠭᠦᠯᠦᠨ ᠮᠠᠨᠳᠤᠭᠤᠯᠬᠤ ᠢᠨᠵᠸᠨ᠋ᠸᠷᠢᠡᠭ》 ᠤ᠋ᠨ ᠮᠠᠯ ᠠᠵᠤ ᠠᠬᠤᠢ ᠲᠠᠷᠢᠶᠠᠯᠠᠡᠭ ᠳ᠋ᠦ ᠬᠤᠯᠪᠤᠭᠳᠠᠬᠤ ᠲᠦᠷᠦᠯ ᠵᠦᠢᠯ ᠢ᠋ ᠬᠡᠷᠡᠭᠵᠢᠭᠦᠯᠬᠦ ᠨᠠᠷᠢᠨ ᠳᠦᠷᠢᠮ ᠤ᠋ᠳ ᠢ᠋ ᠳᠤᠭᠳᠠᠭᠠᠪᠠ᠃ ᠨᠠᠷᠢᠨ ᠳᠦᠷᠢᠮ ᠳ᠋ᠤ ᠮᠠᠯ ᠠᠵᠤ ᠠᠬᠤᠢ ᠲᠠᠷᠢᠶᠠᠯᠠᠩ ᠳ᠋ᠤ ᠬᠤᠯᠪᠤᠭᠳᠠᠭᠰᠠᠨ 11 ᠵᠦᠢᠯ ᠤ᠋ᠨ ᠱᠠᠩᠨᠠᠯ ᠨᠦᠬᠦᠪᠤᠷᠢ ᠶ᠋ᠢ ᠲᠤᠳᠤᠷᠬᠠᠢᠯᠠᠵᠠᠢ᠃
ᠣᠨᠴᠠᠯᠢᠭᠲᠤ᠌ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠲᠠᠯᠠᠪᠠᠶ ᠶ᠋ᠢᠨ ᠨᠦᠬᠦᠪᠤᠷᠢ
ᠨᠠᠷᠢᠨ ᠲᠦᠷᠢᠮ ᠳ᠋ᠤ᠂ ᠰᠢᠨ᠎ᠠ ᠪᠡᠷ ᠪᠠᠢᠭᠤᠯᠤᠭᠰᠠᠨ ᠪᠤᠶᠤ ᠦᠭᠡᠷᠡᠴᠢᠯᠡᠨ ᠪᠠᠢᠭᠤᠯᠵᠤ ᠳᠡᠰ ᠳᠡᠪᠰᠢᠭᠦᠯᠦᠭᠰᠡᠨ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠲᠠᠯᠠᠪᠠᠢ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠰᠠᠭᠠᠯᠢ ᠶ᠋ᠢᠨ ᠢᠮᠠᠭ᠎ᠠ ᠪᠡᠨ ᠰᠢᠨ᠎ᠠ ᠪᠡᠷ 5000 ᠨᠡᠮᠡᠭᠳᠡᠭᠦᠯᠬᠦ ᠪᠦᠷᠢ 200 ᠲᠦᠮᠡᠨ ᠲᠦᠭᠦᠷᠢᠭ ᠤ᠋ᠨ ᠨᠦᠬᠦᠪᠤᠷᠢ ᠤᠯᠭᠤᠵᠤ᠂ ᠬᠠᠮᠤᠭ ᠤ᠋ᠨ ᠶᠡᠬᠡ ᠳ᠋ᠡᠭᠡᠨ 400 ᠲᠦᠮᠡᠨ ᠲᠦᠭᠦᠷᠢᠭ ᠤᠯᠭᠤᠨ᠎ᠠ; 100 — 200 ᠢᠩᠭᠡ ᠲᠡᠵᠢᠭᠡᠬᠦ ᠪᠦᠭᠡᠳ ᠵᠢᠯ ᠤ᠋ᠨ ᠢᠩᠭᠡᠨ ᠰᠦ ᠶ᠋ᠢᠨ ᠭᠠᠷᠤᠯᠳᠠ ᠨᠢ 20 ᠳᠤᠨ ᠬᠦᠷᠬᠦ ᠰᠢᠨ᠎ᠡ ᠪᠡᠷ ᠪᠠᠢᠭᠤᠯᠤᠭᠰᠠᠨ ᠪᠤᠶᠤ ᠦᠬᠡᠷᠡᠴᠢᠯᠡᠨ ᠪᠠᠢᠭᠤᠯᠵᠤ ᠳᠡᠰ ᠳᠡᠪᠰᠢᠭᠦᠯᠦᠭᠰᠡᠨ ᠰᠠᠭᠠᠯᠢ ᠶ᠋ᠢᠨ ᠢᠩᠭᠡ ᠲᠡᠵᠢᠭᠡᠨ ᠦᠷᠡᠵᠢᠭᠦᠯᠬᠦ ᠲᠠᠯᠠᠪᠠᠢ ᠳ᠋ᠤ ᠲᠤᠰ ᠲᠤᠰ 20 ᠲᠦᠮᠡᠨ ᠲᠦᠭᠦᠷᠢᠭ ᠪᠤᠶᠤ 10 ᠲᠦᠮᠡᠨ ᠲᠦᠭᠦᠷᠢᠭ ᠤ᠋ᠨ ᠨᠦᠬᠦᠪᠤᠷᠢ ᠤᠯᠭᠤᠨ᠎ᠠ; 200 ᠡᠴᠡ ᠳᠡᠭᠡᠭᠰᠢ ( 200 ᠶ᠋ᠢ ᠪᠠᠭᠳᠠᠭᠠᠨ᠎ᠠ ) ᠢᠩᠭᠡ ᠲᠡᠵᠢᠭᠡᠬᠦ ᠪᠦᠭᠡᠳ ᠵᠢᠯ ᠤ᠋ᠨ ᠢᠩᠭᠡᠨ ᠰᠦ ᠶ᠋ᠢᠨ ᠭᠠᠷᠤᠯᠳᠠ ᠨᠢ 50 ᠳᠤᠨ ᠬᠦᠷᠬᠦ ᠰᠢᠨ᠎ᠡ ᠪᠡᠷ ᠪᠠᠢᠭᠤᠯᠤᠭᠰᠠᠨ ᠪᠤᠶᠤ ᠦᠬᠡᠷᠡᠴᠢᠯᠡᠨ ᠪᠠᠢᠭᠤᠯᠵᠤ ᠳᠡᠰ ᠳᠡᠪᠰᠢᠭᠦᠯᠦᠭᠰᠡᠨ ᠰᠠᠭᠠᠯᠢ ᠶ᠋ᠢᠨ ᠢᠩᠭᠡ ᠲᠡᠵᠢᠭᠡᠨ ᠦᠷᠡᠵᠢᠭᠦᠯᠬᠦ ᠲᠠᠯᠠᠪᠠᠢ ᠳ᠋ᠤ 40 ᠲᠦᠮᠡᠨ ᠲᠦᠭᠦᠷᠢᠭ ᠪᠤᠶᠤ 20 ᠲᠦᠮᠡᠨ ᠲᠦᠭᠦᠷᠢᠭ ᠤ᠋ᠨ ᠨᠦᠬᠦᠪᠤᠷᠢ ᠤᠯᠭᠤᠨ᠎ᠠ; 50 ᠡᠴᠡ ᠳᠡᠭᠡᠭᠰᠢ ( 50 ᠶ᠋ᠢ ᠪᠠᠭᠳᠠᠭᠠᠨ᠎ᠠ ) ᠭᠡᠭᠦᠦ ᠲᠡᠵᠢᠭᠡᠬᠦ ᠪᠦᠭᠡᠳ ᠵᠢᠯ ᠤ᠋ᠨ ᠭᠡᠭᠦᠦ ᠶ᠋ᠢᠨ ᠰᠦ ᠶ᠋ᠢᠨ ᠭᠠᠷᠤᠯᠲᠠ ᠨᠢ 10 ᠳᠤᠨ ᠬᠦᠷᠬᠦ ᠰᠢᠨ᠎ᠡ ᠪᠡᠷ ᠪᠠᠢᠭᠤᠯᠤᠭᠰᠠᠨ ᠪᠤᠶᠤ ᠦᠬᠡᠷᠡᠴᠢᠯᠡᠨ ᠪᠠᠢᠭᠤᠯᠵᠤ ᠳᠡᠰ ᠳᠡᠪᠰᠢᠭᠦᠯᠦᠭᠰᠡᠨ ᠲᠡᠵᠢᠭᠡᠨ ᠦᠷᠡᠵᠢᠭᠦᠯᠬᠦ ᠲᠠᠯᠠᠪᠠᠢ ᠳ᠋ᠦ ᠲᠤᠰ ᠲᠤᠰ 10 ᠲᠦᠮᠡᠨ ᠲᠦᠭᠦᠷᠢᠭ ᠪᠤᠶᠤ 5 ᠲᠦᠮᠡᠨ ᠲᠦᠭᠦᠷᠢᠭ ᠤ᠋ᠨ ᠨᠦᠬᠦᠪᠦᠷᠢ ᠤᠯᠭᠤᠬᠤ ᠪᠤᠯᠤᠨ᠎ᠠ᠃ ᠤᠨᠴᠠᠯᠠᠨ ᠲᠤᠳᠤᠷᠬᠠᠢᠯᠠᠭᠤᠰᠢᠳᠠᠢ ᠨᠢ᠂ ᠤᠯᠠᠮᠵᠢᠯᠠᠯᠳᠦ ᠰᠠᠭᠠᠯᠢ ᠶ᠋ᠢᠨ ᠦᠨᠢᠶ᠎ᠠ ᠲᠡᠵᠢᠭᠡᠨ ᠦᠷᠡᠵᠢᠭᠦᠯᠬᠦ ᠲᠠᠯᠠᠪᠠᠢ ᠪᠤᠯᠤᠭᠰᠠᠨ ᠴᠤ᠌᠂ ᠣᠨᠴᠠᠯᠢᠭᠲᠤ᠌ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠲᠠᠯᠠᠪᠠᠶ ᠪᠤᠯᠤᠭᠰᠠᠨ ᠴᠤ᠌᠂ ᠳᠤᠭᠳᠠᠭᠠᠯ ᠶᠤᠰᠤᠭᠠᠷ ᠶᠠᠰᠤ ᠴᠢᠨᠠᠷ ᠶ᠋ᠢᠡᠨ ᠳᠡᠭᠡᠭᠰᠢᠯᠡᠭᠦᠯᠵᠦ᠂ ᠰᠠᠭᠠᠯᠢ ᠶ᠋ᠢᠨ ᠮᠠᠯ ᠵᠢᠡᠨ ᠨᠡᠮᠡᠭᠳᠡᠭᠦᠯᠦᠭᠰᠡᠨ ᠪᠠᠢᠪᠠᠯ ᠴᠦᠮ ᠬᠠᠷᠠᠭᠠᠯᠵᠠᠭᠰᠠᠨ ᠪᠡᠯᠡ ᠮᠦᠩᠬᠦᠨ ᠤ᠋ ᠳᠡᠮᠵᠢᠯᠭᠡ ᠤᠯᠬᠤ ᠪᠤᠯᠤᠨ᠎ᠠ᠃
ᠲᠡᠵᠢᠭᠡᠯ ᠪᠤᠷᠳᠤᠭ᠎ᠠ ᠬᠤᠷᠢᠶᠠᠵᠤ ᠨᠦᠭᠡᠴᠡᠯᠡᠬᠦ ᠨᠦᠬᠦᠪᠤᠷᠢ
ᠨᠠᠷᠢᠨ ᠲᠦᠷᠢᠮ ᠳ᠋ᠤ᠂ ᠤᠯᠤᠰ ᠤ᠋ᠨ ᠠᠮᠤ ᠪᠤᠳᠠᠭᠠᠨ ᠤ᠋ ᠲᠠᠷᠢᠮᠠᠯ ᠢ᠋ ᠲᠡᠵᠢᠭᠡᠯ ᠪᠤᠷᠳᠤᠭᠠᠨ ᠤ᠋ ᠲᠠᠷᠢᠮᠠᠯ ᠪᠤᠯᠭᠠᠨ ᠦᠭᠡᠷᠡᠴᠢᠯᠡᠨ ᠪᠠᠢᠭᠤᠯᠬᠤ ᠲᠤᠷᠰᠢᠯᠳᠠ ᠶ᠋ᠢᠨ ᠴᠡᠭ ᠤ᠋ᠨ ᠲᠦᠷᠦᠯ ᠵᠦᠢᠯ ᠳ᠋ᠤ ᠬᠠᠮᠤᠷᠤᠭᠳᠠᠭᠰᠠᠨ ᠦᠭᠡᠢ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠲᠠᠯᠠᠪᠠᠢ ᠪᠠ ᠰᠠᠭᠠᠯᠢᠴᠢᠳ ᠤ᠋ᠨ ᠲᠤᠰᠬᠠᠢ ᠬᠤᠷᠰᠢᠶ᠎ᠠ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠰᠠᠭᠠᠯᠢ ᠶ᠋ᠢᠨ ᠦᠨᠢᠶ᠎ᠠ ᠪᠦᠷᠢ ᠳ᠋ᠤ ᠬᠠᠮᠤᠭ ᠤ᠋ᠨ ᠶᠡᠬᠡ ᠳ᠋ᠡᠭᠡᠨ 5.5 ᠳᠤᠨ ᠬᠦᠭᠡ ᠳᠠᠷᠤᠰᠢ ᠨᠦᠭᠡᠴᠡᠯᠡᠬᠦ ᠪᠠᠷᠢᠮᠵᠢᠶ᠎ᠠ ᠪᠡᠷ᠂ ᠬᠦᠭᠡ ᠳᠠᠷᠤᠰᠢ ᠶ᠋ᠢᠨ ᠡᠷᠳᠡᠨᠢ ᠰᠢᠰᠢ ᠶ᠋ᠢ 1 ᠲᠤᠨ ᠨᠦᠭᠡᠴᠡᠯᠡᠬᠦ ᠪᠦᠷᠢ 50 ᠲᠦᠭᠦᠷᠢᠭ ᠤ᠋ᠨ ᠨᠦᠬᠦᠪᠤᠷᠢ ᠤᠯᠭᠤᠨ᠎ᠠ᠃ ᠰᠠᠭᠠᠯᠢ ᠶ᠋ᠢᠨ ᠢᠮᠠᠭ᠎ᠠ ᠶ᠋ᠢ 5᠄ 1 ᠪᠡᠷ ᠨᠤᠭᠤᠯᠤᠨ ᠪᠤᠳᠤᠵᠤ᠂ ᠰᠠᠭᠠᠯᠢ ᠶ᠋ᠢᠨ ᠭᠡᠭᠦᠦ ᠪᠠ ᠰᠠᠭᠠᠯᠢ ᠶ᠋ᠢᠨ ᠢᠩᠭᠡ ᠶ᠋ᠢ 1᠄ 1 ᠪᠡᠷ ᠨᠤᠭᠤᠯᠤᠨ ᠪᠤᠳᠤᠵᠤ᠂ ᠬᠠᠭᠤᠷᠠᠢ ᠬᠦᠭᠡ ᠡᠪᠡᠰᠦ ᠶ᠋ᠢ 1᠄ 4 ᠪᠡᠷ ᠨᠤᠭᠤᠯᠤᠨ ᠪᠤᠳᠤᠵᠤ᠂ ᠬᠦᠬᠡ ᠳᠠᠷᠤᠰᠢ ᠶ᠋ᠢᠨ ᠴᠠᠷᠭᠠᠰᠤ ᠶ᠋ᠢ 1᠄ 2 ᠢᠶᠡᠷ ᠨᠤᠭᠤᠯᠤᠨ ᠪᠤᠳᠤᠨ᠎ᠠ᠃ ᠡᠭᠦᠨ ᠳ᠋ᠤ ᠦᠪᠡᠷᠳᠡᠭᠡᠨ ᠵᠠᠰᠠᠬᠤ ᠤᠷᠤᠨ ᠤ᠋ ᠡᠳ᠋ ᠤ᠋ᠨ ᠵᠠᠰᠠᠭ ᠡᠴᠡ 30 ᠲᠦᠭᠦᠷᠢᠭ ᠢ᠋ ᠨᠢ ᠬᠠᠷᠢᠭᠤᠴᠠᠵᠤ᠂ ᠡᠯ᠎ᠠ ᠠᠢᠮᠠᠭ ᠬᠤᠳᠠ᠂ ᠬᠤᠰᠢᠭᠤ ᠰᠢᠶᠠᠨ ᠤ᠋ ᠡᠳ᠋ ᠤ᠋ᠨ ᠵᠠᠰᠠᠭ ᠡᠴᠡ ᠪᠤᠳᠠᠳᠤ ᠪᠠᠢᠳᠠᠯ ᠶ᠋ᠢᠡᠨ ᠦᠨᠳᠦᠰᠦᠯᠡᠨ 20 ᠲᠦᠭᠦᠷᠢᠭ ᠢ᠋ ᠨᠢ ᠬᠤᠪᠢᠶᠠᠵᠤ ᠬᠠᠷᠢᠭᠤᠴᠠᠨ᠎ᠠ᠃
ᠰᠦᠯ ᠰᠠᠢᠲᠠᠢ ᠴᠠᠷᠭᠠᠰᠤ ᠲᠠᠷᠢᠭᠰᠠᠨ ᠨᠦᠬᠦᠪᠦᠷᠢ
ᠨᠠᠷᠢᠨ ᠲᠦᠷᠢᠮ ᠳ᠋ᠤ᠂ ᠤᠷᠤᠨ ᠤ᠋ ᠳᠤᠳᠤᠭᠠᠳᠤ ᠶ᠋ᠢᠨ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠲᠠᠯᠠᠪᠠᠢ ᠲᠠᠢ ᠬᠤᠳᠠᠯᠳᠤᠨ ᠠᠪᠬᠤ ᠪᠠ ᠪᠤᠷᠤᠯᠠᠭᠤᠯᠬᠤ ᠭᠡᠷ᠎ᠠ ᠳᠤᠭᠳᠠᠭᠰᠠᠨ᠂ ᠬᠠᠷᠢᠴᠠᠩᠭᠤᠢ ᠪᠡᠷ ᠲᠦᠪᠯᠡᠷᠡᠨ ᠦᠷᠭᠦᠯᠵᠢᠯᠡᠭᠰᠡᠨ 300 ᠮᠤ᠌ ᠡᠴᠡ ᠳᠡᠭᠡᠭᠰᠢᠬᠢ ᠴᠠᠷᠭᠠᠰᠤ ᠶ᠋ᠢ ᠪᠠᠷᠢᠮᠵᠢᠶᠠᠵᠢᠭᠤᠯᠤᠨ ᠲᠠᠷᠢᠭᠰᠠᠨ ᠡᠵᠡᠩᠨᠡᠯᠳᠡ ᠶ᠋ᠢᠨ ᠭᠤᠤᠯ ᠴᠤᠭᠴᠠ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ ᠰᠢᠯᠭᠠᠨ ᠪᠠᠢᠴᠠᠭᠠᠯᠳᠠ ᠳ᠋ᠤ ᠬᠢᠷᠢ ᠲᠡᠩᠴᠡᠪᠡᠯ᠂ 3 ᠵᠢᠯ ᠤ᠋ᠨ ᠲᠤᠳᠤᠷ᠎ᠠ ᠬᠤᠶᠠᠷ ᠤᠳᠠᠭ᠎ᠠ ᠬᠤᠪᠢᠶᠠᠨ ᠮᠤ᠌ ᠪᠦᠷᠢ ᠳ᠋ᠦ 1000 ᠲᠦᠭᠦᠷᠢᠭ ᠤ᠋ᠨ ᠪᠠᠷᠢᠮᠵᠢᠶ᠎ᠠ ᠪᠡᠷ ᠨᠦᠬᠦᠪᠦᠷᠢ ᠤᠯᠭᠤᠬᠤ ᠪᠤᠯᠤᠨ᠎ᠠ᠃
ᠬᠦᠢᠰᠦ ᠶ᠋ᠢᠨ ᠢᠯᠭᠠᠯ ᠢ᠋ ᠡᠵᠡᠮᠳᠡᠭᠰᠡᠨ ᠬᠦᠪᠤᠷᠡᠯ ᠢ᠋ ᠬᠡᠷᠡᠭᠯᠡᠭᠰᠡᠨ ᠨᠦᠬᠦᠪᠤᠷᠢ
ᠨᠠᠷᠢᠨ ᠲᠦᠷᠢᠮ ᠳ᠋ᠤ᠂ ᠭᠦᠢᠰᠦ ᠶ᠋ᠢᠨ ᠢᠯᠭᠠᠯ ᠢ᠋ ᠡᠵᠡᠮᠳᠡᠭᠰᠡᠨ ᠬᠦᠪᠤᠷᠠᠯ ᠢ᠋ ᠬᠡᠷᠡᠭᠯᠡᠭᠰᠡᠨ ᠪᠦᠬᠡᠳ ᠭᠡᠭᠡᠯ ᠳᠤᠭᠳᠠᠭᠰᠠᠨ ᠨᠤᠷᠮ᠎ᠠ ᠨᠢ 40% ᠶ᠋ᠢ ᠳᠠᠪᠠᠭᠰᠠᠨ ᠰᠠᠭᠠᠯᠢ ᠶ᠋ᠢᠨ ᠦᠨᠢᠶ᠎ᠠ ᠶ᠋ᠢ ᠬᠡᠪᠴᠢᠶᠠᠵᠢᠭᠦᠯᠦᠨ ᠲᠡᠵᠢᠭᠡᠨ ᠦᠷᠡᠵᠢᠭᠦᠯᠬᠦ ᠲᠠᠯᠠᠪᠠᠢ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠭᠦᠢᠰᠦ ᠶ᠋ᠢᠨ ᠢᠯᠭᠠᠯ ᠢ᠋ ᠡᠵᠡᠮᠳᠡᠭᠰᠡᠨ ᠬᠦᠪᠤᠷᠠᠯ ᠢ᠋ ᠬᠡᠷᠡᠭᠯᠡᠭᠰᠡᠨ ᠪᠦᠬᠡᠳ ᠬᠡᠭᠡᠯ ᠳᠤᠭᠳᠠᠭᠰᠠᠨ ᠦᠨᠢᠶ᠎ᠡ ᠶ᠋ᠢᠨ ᠭᠧᠨ ᠤ᠋ ᠪᠦᠯᠦᠭ ᠤ᠋ᠨ ᠰᠤᠩᠭᠤᠯᠳᠠ ᠶ᠋ᠢᠨ ᠶᠡᠷᠦᠩᠬᠡᠢᠯᠡᠭᠰᠡᠨ ᠵᠢᠭᠠᠯᠳᠠ ᠲᠤᠭ᠎ᠠ ᠶ᠋ᠢ ᠨᠢ ᠦᠨᠳᠦᠰᠦᠯᠡᠨ 1500 ᠲᠦᠭᠦᠷᠢᠭ᠂ 2500 ᠲᠦᠭᠦᠷᠢᠭ ᠪᠠ 3500 ᠲᠦᠭᠦᠷᠢᠭ ᠤ᠋ᠨ ᠪᠠᠷᠢᠮᠵᠢᠶ᠎ᠡ ᠪᠡᠷ ᠳᠡᠰ ᠬᠤᠪᠢᠶᠠᠨ ᠨᠦᠬᠦᠪᠦᠷᠢ ᠤᠯᠭᠤᠬᠤ ᠪᠤᠯᠤᠨ᠎ᠠ᠃
ᠦᠢᠯᠡᠳᠪᠦᠷᠢᠯᠡᠯ ᠤ᠋ᠨ ᠴᠢᠳᠠᠪᠬᠢ ᠵᠢ ᠰᠢᠯᠭᠠᠨ ᠲᠣᠭᠲᠠᠭᠠᠭᠰᠠᠨ ᠨᠦᠬᠦᠪᠤᠷᠢ
ᠨᠠᠷᠢᠨ ᠲᠦᠷᠢᠮ ᠳ᠋ᠤ᠂ ᠬᠦᠳᠡᠭᠡ ᠠᠵᠤ ᠠᠬᠤᠢ ᠬᠦᠳᠡᠭᠡ ᠲᠤᠰᠬᠤᠨ ᠤ᠋ ᠶᠠᠮᠤᠨ ᠤ᠋ ᠰᠢᠯᠭᠠᠨ ᠪᠠᠢᠴᠠᠭᠠᠯᠳᠠ ᠳ᠋ᠤ ᠬᠢᠷᠢ ᠲᠡᠩᠴᠡᠭᠰᠡᠨ᠂ ᠡᠵᠡᠩᠨᠡᠯᠳᠡ ᠬᠡᠪ ᠤ᠋ᠨ᠂ ᠬᠦᠨᠳᠤ ᠶᠡᠬᠡ ᠠᠮᠦᠷ ᠲᠦᠪᠰᠢᠨ ᠤ᠋ ᠬᠡᠷᠡᠭ ᠡᠭᠦᠰᠦᠭᠰᠡᠨ ᠦᠭᠡᠢ ᠦᠢᠯᠡᠳᠪᠦᠷᠢᠯᠡᠯ ᠤ᠋ᠨ ᠴᠢᠳᠠᠪᠬᠢ ᠵᠢ ᠰᠢᠯᠭᠠᠨ ᠲᠣᠭᠲᠠᠭᠠᠬᠤ ᠲᠦᠪ(DHI) ᠲᠤ᠌ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠤᠷᠤᠨ ᠤ᠋ ᠲᠤᠳᠤᠭᠠᠳᠤ ᠶ᠋ᠢᠨ ᠲᠡᠵᠢᠭᠡᠨ ᠦᠷᠡᠵᠢᠭᠦᠯᠬᠦ ᠲᠠᠯᠠᠪᠠᠢ ᠶ᠋ᠢᠨ ᠰᠠᠭᠠᠯᠢ ᠶ᠋ᠢᠨ ᠦᠨᠢᠶ᠎ᠠ ᠶ᠋ᠢᠨ ᠰᠦ ᠰᠢᠭᠦᠷᠡᠭᠦᠯᠬᠦ ᠬᠤᠭᠤᠴᠠᠭᠠᠨ ᠤ᠋ ᠬᠦᠴᠦᠨ ᠪᠦᠬᠦᠢ ᠲᠤᠭ᠎ᠠ ᠪᠠᠷᠢᠮᠳᠠ ᠶ᠋ᠢ ᠳᠡᠪᠰᠢᠭᠦᠯᠦᠭᠰᠡᠨ ᠰᠢᠯᠭᠠᠨ ᠲᠣᠭᠲᠠᠭᠠᠬᠤ ᠲᠦᠪ ᠲᠤ᠌ ᠰᠢᠯᠭᠠᠨ ᠳᠤᠭᠳᠠᠭᠠᠭᠰᠠᠨ ᠦᠨᠢᠶ᠎ᠠ ᠪᠦᠷᠢ ᠳ᠋ᠤ 70 ᠲᠦᠭᠦᠷᠢᠭ ᠤ᠋ᠨ ᠪᠠᠷᠢᠮᠵᠢᠶ᠎ᠠ ᠪᠡᠷ ᠨᠦᠬᠦᠪᠦᠷᠢ ᠤᠯᠭᠤᠬᠤ ᠪᠤᠯᠤᠨ᠎ᠠ᠃
ᠪᠤᠬ᠎ᠠ ᠪᠤᠢᠵᠢᠭᠤᠯᠤᠭᠰᠠᠨ ᠱᠠᠩᠨᠠᠯ
ᠨᠠᠷᠢᠨ ᠲᠦᠷᠢᠮ ᠳ᠋ᠤ᠂ ᠤᠷᠤᠨ ᠤ᠋ ᠳᠤᠳᠤᠭᠠᠳᠤ ᠳ᠋ᠤ ᠳᠠᠩᠰᠠᠯᠠᠭᠤᠯᠤᠭᠰᠠᠨ᠂ ᠬᠡᠪ ᠤ᠋ᠨ ᠡᠵᠡᠩᠨᠡᠯᠳᠡ ᠦᠷᠨᠢᠭᠦᠯᠦᠭᠡᠳ 3 ᠵᠢᠯ ᠪᠤᠯᠤᠭᠰᠠᠨ ᠰᠠᠭᠠᠯᠢ ᠶ᠋ᠢᠨ ᠦᠨᠢᠶ᠎ᠠ ᠶ᠋ᠢᠨ ᠡᠭᠦᠯᠳᠡᠷ ᠪᠤᠢᠵᠢᠭᠤᠯᠬᠤ ᠠᠵᠤ ᠠᠬᠤᠢᠯᠠᠯ(ᠤᠯᠤᠰ ᠤ᠋ᠨ ᠳᠡᠰ ᠤ᠋ᠨ ᠪᠤᠬ᠎ᠠ ᠲᠡᠵᠢᠭᠡᠬᠦ ᠦᠷᠳᠡᠭᠡ ) ᠢ᠋ ᠱᠠᠩᠨᠠᠬᠤ ᠪᠡᠷ ᠲᠤᠭᠳᠠᠵᠠᠢ᠃ ᠡᠬᠦᠨ ᠳ᠋ᠤ᠂ ᠠᠩᠬ᠎ᠠ ᠤᠳᠠᠭ᠎ᠠ ᠤᠯᠤᠰ ᠤ᠋ᠨ ᠳᠡᠰ ᠤ᠋ᠨ ᠦᠷᠳᠡᠭᠡ ᠪᠤᠯᠤᠭᠰᠠᠨ᠂ ᠦᠨᠡᠯᠡᠯᠲᠡ ᠰᠠᠢᠲᠠᠢ ᠪᠤᠬ᠎ᠠ ᠲᠡᠵᠢᠭᠡᠬᠦ ᠦᠷᠳᠡᠭᠡ ᠳ᠋ᠤ 100 ᠲᠦᠮᠡᠨ ᠲᠦᠭᠦᠷᠢᠭ ᠤ᠋ᠨ ᠦᠨᠳᠦᠰᠦᠨ ᠱᠠᠡᠭᠨᠠᠯ ᠤᠯᠭᠤᠨ᠎ᠠ; ᠠᠵᠤ ᠠᠬᠤᠢᠯᠠᠯ ᠤ᠋ᠨ ᠦᠪᠡᠰᠦᠪᠡᠨ ᠪᠤᠢᠵᠢᠭᠤᠯᠤᠭᠰᠠᠨ᠂ ᠠᠩᠬ᠎ᠠ ᠤᠳᠠᠭ᠎ᠠ ᠪᠦᠬᠦ ᠤᠯᠤᠰ ᠤ᠋ᠨ ᠵᠠᠭᠤᠨ ᠬᠦᠴᠦᠷᠬᠡᠭ ᠤ᠋ᠨ ᠡᠮᠦᠨ᠎ᠡ 50 ᠳ᠋ᠦ ᠤᠷᠤᠭᠰᠠᠨ ᠡᡁᠸᠰᠲ᠋ᠠᠨ ᠪᠤᠬ᠎ᠠ ᠪᠦᠷᠢ ᠳ᠋ᠦ 100 ᠲᠦᠮᠡᠨ ᠲᠦᠭᠦᠷᠢᠭ ᠤ᠋ᠨ ᠱᠠᠩᠨᠠᠯ ᠤᠯᠭᠤᠵᠤ᠂ 51 — 100 ᠳ᠋ᠤᠭᠠᠷ ᠲᠤ᠌ ᠵᠢᠭᠰᠠᠭᠰᠠᠨ ᠡᡁᠸᠰᠲ᠋ᠠᠨ ᠪᠤᠬ᠎ᠠ ᠪᠦᠷᠢ ᠳ᠋ᠦ 50 ᠲᠦᠮᠡᠨ ᠲᠦᠭᠦᠷᠢᠭ ᠤ᠋ᠨ ᠱᠠᠡᠭᠨᠠᠯ ᠤᠯᠭᠤᠨ᠎ᠠ; ᠠᠵᠤ ᠠᠬᠤᠢᠯᠠᠯ ᠤ᠋ᠨ ᠦᠪᠡᠰᠦᠪᠡᠨ ᠪᠤᠢᠵᠢᠭᠤᠯᠤᠭᠰᠠᠨ᠂ ᠰᠢᠮᠸᠨ᠋ᠳ᠋ᠠᠷ ᠪᠠ ᠭᠤᠷᠪᠠᠨ ᠭᠤᠤᠯ ᠤ᠋ᠨ ᠦᠬᠡᠷ ᠤ᠋ᠨ ᠰᠢᠯᠢᠳᠡᠭ ᠡᠭᠦᠯᠳᠡᠷ ᠤ᠋ᠨ ᠪᠤᠬ᠎ᠠ ᠳ᠋ᠦ ᠴᠤ᠌ ᠬᠠᠷᠠᠭᠠᠯᠵᠠᠭᠰᠠᠨ ᠪᠠᠷᠢᠮᠵᠢᠶ᠎ᠡ ᠪᠡᠷ ᠱᠠᠡᠭᠨᠠᠯ ᠤᠯᠭᠤᠬᠤ ᠪᠤᠯᠤᠨ᠎ᠠ᠃
ᠭᠤᠤᠯᠯᠠᠬᠤ ᠡᠭᠦᠯᠳᠡᠷ ᠪᠣᠶ᠋ᠢᠵᠢᠭᠤᠯᠬᠤ ᠲᠠᠯᠠᠪᠠᠶ ᠪᠠᠢᠭᠤᠯᠤᠭᠰᠠᠨ ᠨᠥᠬᠥᠪᠥᠷᠢ
ᠨᠠᠷᠢᠨ ᠲᠦᠷᠢᠮ ᠳ᠋ᠤ᠂ 2026 ᠤᠨ ᠡᠴᠡ ᠨᠠᠭᠠᠰᠢ ᠤᠯᠤᠰ ᠤ᠋ᠨ ᠳᠡᠰ ᠪᠤᠶᠤ ᠦᠪᠡᠷᠳᠡᠭᠡᠨ ᠵᠠᠰᠠᠬᠤ ᠤᠷᠤᠨ ᠤ᠋ ᠳᠡᠰ ᠤ᠋ᠨ ᠭᠤᠤᠯᠯᠠᠬᠤ ᠡᠭᠦᠯᠳᠡᠷ ᠪᠣᠶ᠋ᠢᠵᠢᠭᠤᠯᠬᠤ ᠲᠠᠯᠠᠪᠠᠢ ᠪᠡᠷ ᠦᠨᠡᠯᠡᠭᠳᠡᠭᠰᠡᠨ ᠭᠤᠤᠯ ᠴᠤᠭᠴᠠ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠠᠩᠬ᠎ᠠ ᠤᠳᠠᠭ᠎ᠠ ᠤᠯᠤᠰ ᠤ᠋ᠨ ᠳᠡᠰ ᠪᠤᠶᠤ ᠦᠪᠡᠷᠳᠡᠭᠡᠨ ᠵᠠᠰᠠᠬᠤ ᠤᠷᠤᠨ ᠤ᠋ ᠳᠡᠰ ᠤ᠋ᠨ ᠰᠠᠭᠠᠯᠢ ᠶ᠋ᠢᠨ ᠮᠠᠯ ᠤ᠋ᠨ ᠭᠤᠤᠯᠯᠠᠬᠤ ᠡᠭᠦᠯᠳᠡᠷ ᠪᠣᠶ᠋ᠢᠵᠢᠭᠤᠯᠬᠤ ᠲᠠᠯᠠᠪᠠᠢ ᠪᠡᠷ ᠦᠨᠡᠯᠡᠭᠳᠡᠭᠰᠡᠨ ᠭᠤᠤᠯ ᠴᠤᠭᠴᠠ ᠳ᠋ᠤ ᠨᠢᠭᠡ ᠯᠡ ᠤᠳᠠᠭ᠎ᠠ ᠶ᠋ᠢᠨ ᠴᠢᠨᠠᠷᠲᠠᠶ ᠪᠡᠷ 80 — 120 ᠲᠦᠮᠡᠨ ᠲᠥᠭᠥᠷᠢᠭ ᠤ᠋ᠨ ᠱᠠᠩᠨᠠᠯ ᠣᠯᠭᠣᠬᠤ ᠶ᠋ᠢᠨ ᠬᠠᠮᠲᠤ ᠳᠠᠷᠠᠭ᠎ᠠ ᠵᠢᠯ ᠡᠴᠡ ᠨᠢ ᠰᠠᠭᠠᠯᠢ ᠶ᠋ᠢᠨ ᠦᠨᠢᠶ᠎ᠠ ᠪᠦᠷᠢ ᠳ᠋ᠤ 500 ᠲᠦᠭᠦᠷᠢᠭ᠂ ᠰᠠᠭᠠᠯᠢ ᠶ᠋ᠢᠨ ᠢᠮᠠᠭ᠎ᠠ ᠪᠦᠷᠢ ᠳ᠋ᠤ 200 ᠲᠦᠭᠦᠷᠢᠭ ᠤ᠋ᠨ ᠪᠠᠷᠢᠮᠵᠢᠶ᠎ᠠ ᠪᠡᠷ ᠡᠭᠦᠯᠳᠡᠷ ᠪᠣᠶ᠋ᠢᠵᠢᠭᠤᠯᠤᠭᠰᠠᠨ ᠪᠠᠢᠳᠠᠯ ᠢ᠋ ᠰᠢᠯᠭᠠᠨ ᠲᠣᠭᠲᠠᠭᠠᠭᠰᠠᠨ ᠨᠥᠬᠥᠪᠥᠷᠢ ᠵᠢ ᠦᠷᠬᠦᠯᠵᠢ ᠶ᠋ᠢᠨ ᠴᠢᠨᠠᠷᠲᠠᠢ ᠪᠡᠷ ᠤᠯᠭᠤᠨ᠎ᠠ᠃ ᠪᠠᠰᠠ ᠳᠡᠰ ᠬᠤᠪᠢᠶᠠᠨ ᠬᠢᠵᠠᠭᠠᠷ ᠳᠤᠭᠳᠠᠭᠠᠭᠰᠠᠨ ᠭᠧᠨ ᠤ᠋ ᠰᠢᠯᠭᠠᠨ ᠪᠠᠢᠴᠠᠭᠠᠯᠳᠠ ᠶ᠋ᠢᠨ ᠨᠦᠬᠦᠪᠤᠷᠢ ᠤᠯᠭᠤᠨ᠎ᠠ᠃
ᠵᠢᠭᠡᠯᠡᠯᠭᠡ ᠶ᠋ᠢᠨ ᠳᠠᠮ ᠬᠦᠦ ᠮᠦᠩᠬᠦ ᠶ᠋ᠢᠨ ᠨᠦᠬᠦᠪᠤᠷᠢ
ᠨᠠᠷᠢᠨ ᠲᠦᠷᠢᠮ ᠳ᠋ᠤ᠂ ᠰᠠᠭᠠᠯᠢ ᠶ᠋ᠢᠨ ᠮᠠᠯ ᠲᠡᠵᠢᠭᠡᠨ ᠦᠷᠡᠵᠢᠭᠦᠯᠬᠦ ᠡᠯ᠎ᠠ ᠲᠦᠷᠦᠯ ᠤ᠋ᠨ ᠭᠤᠤᠯ ᠴᠤᠭᠴᠠ ᠳ᠋ᠤ ᠵᠢᠬᠡᠯᠡᠯᠬᠡ ᠵᠢᠨ ᠲᠡᠮ ᠬᠦᠤ ᠮᠦᠩᠬᠦ ᠵᠢᠨ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠬᠦᠬᠡ ᠳᠠᠷᠤᠰᠢ ᠶ᠋ᠢᠨ ᠡᠷᠳᠡᠨᠢ ᠰᠢᠰᠢ᠂ ᠬᠦᠬᠡ ᠳᠠᠷᠤᠰᠢ ᠶ᠋ᠢᠨ ᠴᠠᠷᠭᠠᠰᠤ᠂ ᠬᠠᠭᠤᠷᠠᠢ ᠴᠠᠷᠭᠠᠰᠤ᠂ ᠬᠠᠭᠤᠷᠠᠢ ᠲᠡᠵᠢᠭᠡᠯ ᠤ᠋ᠨ ᠪᠤᠷᠤᠭ᠂ ᠨᠠᠷᠢᠯᠢᠭ ᠪᠤᠯᠪᠠᠰᠤᠷᠠᠭᠤᠯᠤᠭᠰᠠᠨ ᠲᠡᠵᠢᠭᠡᠯ ᠪᠤᠷᠳᠤᠭ᠎ᠠ ᠵᠡᠷᠭᠡ ᠲᠡᠵᠢᠭᠡᠯ ᠡᠪᠡᠰᠦ ᠪᠤᠷᠳᠤᠭ᠎ᠠ ᠬᠤᠳᠠᠯᠳᠤᠨ ᠠᠪᠤᠭᠰᠠᠨ ᠵᠢᠭᠡᠯᠡᠯᠭᠡ ᠶ᠋ᠢᠨ ᠤᠨ ᠤ᠋ ᠬᠦᠦ ᠮᠦᠩᠬᠦ ᠶ᠋ᠢ ᠳ᠋ᠦᠡᠭᠨᠡᠨ ᠪᠤᠳᠤᠬᠤ ᠳ᠋ᠠᠭᠠᠨ ᠲᠤᠬᠠᠢ ᠶ᠋ᠢᠨ ᠡᠳᠦᠷ ᠤ᠋ᠨ LPR ᠵᠠᠬ᠎ᠠ ᠳᠡᠯᠭᠡᠭᠦᠷ ᠤ᠋ᠨ ᠬᠦᠦ ᠨᠤᠷᠮ᠎ᠠ ᠶ᠋ᠢᠨ 70% ᠪᠡᠷ ᠳᠠᠮ ᠬᠦᠦ ᠮᠦᠡᠭᠬᠦ ᠶ᠋ᠢᠨ ᠨᠦᠬᠦᠪᠤᠷᠢ ᠤᠯᠭᠤᠵᠤ ᠂ ᠪᠤᠳᠠᠳᠠᠢ ᠬᠦᠦ ᠨᠤᠷᠮ᠎ᠠ ᠨᠢ LPR ᠡᠴᠡ ᠳᠤᠤᠷ᠎ᠡ ᠪᠤᠯ ᠪᠤᠳᠠᠳᠠᠢ ᠬᠦᠦ ᠨᠤᠷᠮ᠎ᠠ ᠶ᠋ᠢᠨ 70% ᠪᠡᠷ ᠳᠠᠮ ᠬᠦᠦ ᠮᠦᠡᠭᠬᠦ ᠶ᠋ᠢᠨ ᠨᠦᠬᠦᠪᠤᠷᠢ ᠤᠯᠭᠤᠨ᠂ ᠭᠤᠤᠯ ᠴᠤᠭᠴᠠ ᠨᠢᠭᠡᠪᠤᠷᠢ ᠶ᠋ᠢᠨ ᠤᠨ ᠤ᠋ ᠳᠠᠮ ᠬᠦᠦ ᠮᠦᠡᠭᠬᠦ ᠶ᠋ᠢᠨ ᠨᠦᠬᠦᠪᠤᠷᠢ ᠤᠯᠭᠤᠬᠤ ᠵᠢᠭᠡᠯᠡᠯᠭᠡ ᠶ᠋ᠢᠨ ᠬᠡᠮᠵᠢᠶ᠎ᠠ ᠵᠢ ᠬᠠᠮᠤᠭ ᠤ᠋ᠨ ᠶᠡᠬᠡ ᠳ᠋ᠡᠭᠡᠨ 200 ᠲᠦᠮᠡᠨ ᠲᠦᠭᠦᠷᠢᠭ ᠡᠴᠡ ᠳᠠᠪᠠᠭᠤᠯᠬᠤ ᠦᠭᠡᠢ᠃
ᠬᠦᠢᠰᠦ ᠶ᠋ᠢᠨ ᠢᠯᠭᠠᠯ ᠢ᠋ ᠡᠵᠡᠮᠳᠡᠭᠰᠡᠨ ᠢᠴᠡᠭᠡᠯ ᠦᠷ᠎ᠡ ᠵᠢ ᠬᠡᠷᠡᠭᠯᠡᠭᠰᠡᠨ ᠨᠦᠬᠦᠪᠤᠷᠢ
ᠨᠠᠷᠢᠨ ᠲᠦᠷᠢᠮ ᠳ᠋ᠤ ᠂ ᠬᠦᠢᠰᠦ ᠶ᠋ᠢᠨ ᠢᠯᠭᠠᠯ ᠢ᠋ ᠡᠵᠡᠮᠳᠡᠭᠰᠡᠨ ᠢᠴᠡᠭᠡᠯ ᠦᠷ᠎ᠡ ᠵᠢ ᠬᠡᠷᠡᠭᠯᠡᠭᠰᠡᠨ ᠰᠠᠭᠠᠯᠢ ᠶ᠋ᠢᠨ ᠦᠨᠢᠶ᠎ᠠ ᠶ᠋ᠢ ᠬᠡᠪᠴᠢᠶᠠᠵᠢᠭᠦᠯᠦᠨ ᠲᠡᠵᠢᠭᠡᠨ ᠦᠷᠡᠵᠢᠭᠦᠯᠬᠦ ᠲᠠᠯᠠᠪᠠᠢ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠬᠦᠢᠰᠦ ᠶ᠋ᠢᠨ ᠢᠯᠭᠠᠯ ᠢ᠋ ᠡᠵᠡᠮᠳᠡᠭᠰᠡᠨ ᠢᠴᠡᠭᠡᠯ ᠦᠷ᠎ᠠ ᠶ᠋ᠢ ᠬᠡᠷᠡᠭᠯᠡᠭᠰᠡᠨ ᠪᠦᠬᠡᠳ ᠬᠡᠭᠡᠯ ᠳᠤᠭᠳᠠᠵᠤ ᠲᠤᠭᠤᠯᠯᠠᠭᠰᠠᠨ ᠰᠠᠭᠠᠯᠢ ᠶ᠋ᠢᠨ ᠦᠨᠢᠶ᠎ᠡ ᠪᠦᠷᠢ ᠳ᠋ᠦ 120 ᠲᠦᠭᠦᠷᠢᠭ ᠤ᠋ᠨ ᠨᠦᠬᠦᠪᠦᠷᠢ ᠤᠯᠭᠤᠬᠤ ᠪᠤᠯᠤᠨ᠎ᠠ᠃
ᠣᠷᠣᠨ ᠨᠤᠲᠤᠭ ᠤ᠋ᠨ ᠣᠨᠴᠠᠯᠢᠭᠲᠤ᠌ ᠴᠠᠭᠠᠨ ᠢᠳᠡᠭᠡᠨ ᠤ᠋ ᠠᠵᠤ ᠦᠢᠯᠡᠰ ᠢ᠋ ᠲᠠᠰ ᠳᠡᠪᠰᠢᠭᠦᠯᠦᠭᠰᠡᠨ ᠱᠠᠩᠨᠠᠯ
ᠨᠠᠷᠢᠨ ᠲᠦᠷᠢᠮ ᠳ᠋ᠤ᠂ 2026 ᠤᠨ ᠡᠴᠡ ᠨᠠᠭᠠᠰᠢ ᠰᠢᠨ᠎ᠡ ᠪᠡᠷ ᠪᠠᠶ᠋ᠢᠭᠤᠯᠤᠭᠰᠠᠨ ᠪᠤᠶᠤ ᠳᠡᠰ ᠳᠡᠪᠰᠢᠭᠦᠯᠦᠭᠡᠳ SC ᠭᠡᠷᠡᠴᠢᠯᠡᠯ ᠤᠯᠤᠭᠰᠠᠨ ᠴᠠᠭᠠᠨ ᠢᠳᠡᠭᠡᠨ ᠪᠤᠯᠪᠠᠰᠤᠷᠠᠭᠤᠯᠬᠤ ᠠᠵᠤ ᠠᠬᠤᠢᠯᠠᠯ ᠵᠢᠴᠢ ᠠᠵᠤ ᠦᠢᠯᠡᠰ ᠤ᠋ᠨ ᠬᠦᠷᠢᠶᠡᠯᠡᠩ ᠲᠤᠭᠤᠷᠢᠭ ᠲᠤ᠌ ᠤᠷᠤᠵᠤ ᠰᠠᠭᠤᠷᠢᠰᠢᠭᠰᠠᠨ ᠣᠷᠣᠨ ᠨᠤᠲᠤᠭ ᠤ᠋ᠨ ᠣᠨᠴᠠᠯᠢᠭᠲᠤ᠌ ᠴᠠᠭᠠᠨ ᠢᠳᠡᠭᠡᠨ ᠪᠤᠯᠪᠠᠰᠤᠷᠠᠭᠤᠯᠬᠤ ᠵᠢᠵᠢᠭ ᠦᠢᠯᠡᠳᠭᠡᠯ ᠤ᠋ᠨ ᠭᠠᠵᠠᠷ ᠲᠦ᠍ ᠱᠠᠩᠨᠠᠯ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠠᠵᠤ ᠠᠬᠤᠢᠯᠠᠯ ᠪᠦᠷᠢ ᠳ᠋ᠤ ᠨᠢᠭᠡ ᠯᠡ ᠤᠳᠠᠭ᠎ᠠ ᠶ᠋ᠢᠨ ᠴᠢᠨᠠᠷᠲᠠᠶ ᠪᠡᠷ 50 ᠲᠦᠮᠡᠨ ᠲᠥᠭᠥᠷᠢᠭ ᠤ᠋ᠨ ᠱᠠᠩᠨᠠᠯ ᠤᠯᠭᠤᠵᠤ᠂ ᠤᠷᠤᠨ ᠨᠤᠳᠤᠭ ᠤ᠋ᠨ ᠣᠨᠴᠠᠯᠢᠭᠲᠤ᠌ ᠴᠠᠭᠠᠨ ᠢᠳᠡᠭᠡᠨ ᠪᠤᠯᠪᠠᠰᠤᠷᠠᠭᠤᠯᠬᠤ ᠵᠢᠵᠢᠭ ᠦᠢᠯᠡᠳᠬᠡᠯ ᠤ᠋ᠨ ᠭᠠᠵᠠᠷ ᠲᠤ᠌ ᠨᠢᠭᠡ ᠯᠡ ᠤᠳᠠᠭᠠᠶ᠋ᠢᠨ ᠴᠢᠨᠠᠷᠲᠠᠢ ᠪᠡᠷ 10 ᠲᠦᠮᠡᠨ ᠲᠥᠭᠥᠷᠢᠭ ᠤ᠋ᠨ ᠱᠠᠩᠨᠠᠯ ᠤᠯᠭᠤᠬᠤ ᠪᠤᠯᠤᠨ᠎ᠠ᠃
ᠲᠡᠵᠢᠭᠡᠨ ᠦᠷᠡᠵᠢᠭᠦᠯᠬᠦ ᠪᠠ ᠡᠳ᠋ᠰᠢᠭᠦᠯᠦᠨ ᠪᠤᠯᠪᠠᠰᠤᠷᠠᠭᠤᠯᠬᠤ ᠶ᠋ᠢ ᠨᠢᠭᠡ ᠴᠤᠭᠴᠠᠵᠢᠭᠤᠯᠤᠭᠰᠠᠨ ᠨᠦᠬᠦᠪᠤᠷᠢ
ᠨᠠᠷᠢᠨ ᠲᠦᠷᠢᠮ ᠳ᠋ᠤ᠂ 2026 ᠤᠨ ᠡᠴᠡ ᠨᠠᠭᠠᠰᠢ ᠪᠠᠷᠢᠮᠵᠢᠶᠠᠵᠢᠭᠰᠠᠨ ᠴᠠᠭᠠᠨ ᠢᠳᠡᠭᠡᠨ ᠪᠤᠯᠪᠠᠰᠤᠷᠠᠭᠤᠯᠬᠤ ᠦᠢᠯᠡᠳᠪᠤᠷᠢ ᠶ᠋ᠢ ᠰᠢᠨ᠎ᠠ ᠪᠡᠷ ᠪᠠᠢᠭᠤᠯᠤᠭᠰᠠᠨ ᠪᠤᠶᠤ ᠦᠭᠡᠷᠡᠴᠢᠯᠡᠵᠦ ᠦᠷᠭᠡᠳᠭᠡᠨ ᠪᠠᠢᠭᠤᠯᠤᠭᠰᠠᠨ ᠲᠡᠵᠢᠭᠡᠨ ᠦᠷᠡᠵᠢᠭᠦᠯᠬᠦ ᠲᠠᠯᠠᠪᠠᠢ ᠳ᠋ᠤ ᠨᠦᠬᠦᠪᠤᠷᠢ ᠤᠯᠭᠤᠬᠤ ᠪᠡᠷ ᠲᠤᠭᠳᠠᠵᠠᠢ᠃ ᠡᠬᠦᠨ ᠳ᠋ᠤ᠂ ᠦᠢᠯᠡᠳᠪᠤᠷᠢᠯᠡᠯ ᠤ᠋ᠨ ᠴᠢᠳᠠᠪᠤᠷᠢ ᠨᠢ ᠰᠢᠨ᠎ᠠ ᠪᠡᠷ 1 ᠲᠤᠨ ᠨᠡᠮᠡᠭᠳᠡᠭᠦ ᠪᠦᠷᠢ 1000 ᠲᠦᠭᠦᠷᠢᠭ ᠤ᠋ᠨ ᠨᠦᠬᠦᠪᠤᠷᠢ ᠤᠯᠭᠤᠵᠤ᠂ ᠨᠢᠭᠡ ᠭᠤᠤᠯ ᠴᠤᠭᠴᠠ ᠳ᠋ᠤ ᠬᠠᠮᠤᠭ ᠤ᠋ᠨ ᠶᠡᠬᠡ ᠳ᠋ᠡᠭᠡᠨ 500 ᠲᠦᠮᠡᠨ ᠲᠦᠭᠦᠷᠢᠭ ᠤ᠋ᠨ ᠨᠦᠬᠦᠪᠤᠷᠢ ᠤᠯᠭᠤᠨ᠎ᠠ᠃ ᠪᠠᠰᠠ ᠫᠠᠰᠲ᠋ᠧᠷ ᠤ᠋ᠨ ᠪᠠᠺᠲ᠋ᠧᠷᠢ ᠤᠰᠠᠳᠬᠠᠬᠤ ᠠᠷᠭ᠎ᠠ ᠪᠡᠷ ᠠᠷᠢᠭᠤᠳᠬᠠᠭᠰᠠᠨ ᠰᠦ᠂ ᠳᠤᠤᠷ᠎ᠠ ᠳᠤᠯᠠᠭᠠᠨ ᠶ᠋ᠢᠡᠷ ᠢᠰᠭᠡᠭᠰᠡᠨ ᠰᠦ᠂ ᠤᠨᠴᠠᠯᠢᠭᠲᠦ ᠪᠢᠰᠢᠯᠠᠭ ᠵᠡᠷᠭᠡ ᠴᠢᠨᠠᠷ ᠰᠠᠢᠲᠠᠢ ᠪᠦᠲᠦᠭᠡᠭᠳᠡᠭᠦᠨ ᠤ᠋ ᠦᠢᠯᠡᠳᠪᠦᠷᠢᠯᠡᠯ ᠢ᠋ ᠭᠤᠤᠯᠳᠠᠯᠭ᠎ᠠ ᠲᠠᠢ ᠲᠡᠳᠭᠦᠬᠦ ᠪᠤᠯᠤᠨ᠎ᠠ᠃
ᠡᠳᠡᠭᠡᠷ ᠱᠠᠩᠨᠠᠯ ᠨᠦᠬᠦᠪᠤᠷᠢ ᠶ᠋ᠢ ᠬᠠᠷᠢᠶ᠎ᠠ ᠬᠤᠰᠢᠭᠤ ᠰᠢᠶᠠᠨ ᠤ᠋ ᠮᠠᠯ ᠠᠵᠤ ᠠᠬᠤᠢ ᠲᠠᠷᠢᠶᠠᠯᠠᠩ ᠢ᠋ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠡᠴᠡ ᠡᠷᠡᠮᠡᠯᠵᠡᠨ ᠠᠪᠴᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃