ᠲᠡᠷᠢᠭᠦᠨ ᠨᠢᠭᠤᠷ>ᠰᠢᠨ᠎ᠡ ᠬᠦᠳᠡᠭᠡ>ᠠᠮᠢ ᠠᠬᠤᠢ

2026-11-03 10:40:48

ᠵᠣᠬᠢᠶᠠᠭ᠍ᠴᠢ᠄ ᠡᠷᠳᠡᠨᠢᠬᠤᠸᠠᠷ ᠣᠩᠱᠢᠭ᠍ᠰᠠᠨ ᠣᠳᠠᠭ᠎ᠠ᠄ 3

ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠤᠢᠯᠠᠭᠠᠭᠰᠠᠨ ᠶ᠋ᠢᠡᠷ᠂ ᠮᠠᠨ ᠤ᠋ ᠤᠷᠤᠨ 《ᠤᠷᠭᠤᠭᠠᠳ ᠮᠢᠩᠭᠠᠨ ᠵᠢᠯ᠂ ᠤᠨᠠᠭᠠᠳ ᠮᠢᠩᠭᠠᠨ ᠵᠢᠯ᠂ ᠦᠵᠢᠷᠡᠭᠡᠳ ᠮᠢᠩᠭᠠᠨ ᠵᠢᠯ》 ᠪᠤᠯᠬᠤ ᠲᠤᠤᠷᠠᠢ ᠶ᠋ᠢᠨ ᠵᠤᠷᠢᠭ ᠰᠠᠨᠠᠭ᠎ᠠ ᠪᠡᠷ ᠪᠡᠯᠭᠡᠳᠡᠯ ᠪᠤᠯᠭᠠᠭᠰᠠᠨ 《 ᠭᠤᠪᠢ ᠨᠤᠳᠤᠭ ᠤ᠋ᠨ ᠳᠤᠤᠷᠠᠢ·ᠠᠮᠢ ᠨᠠᠰᠤᠨ  ᠤ᠋ ᠳᠠᠭᠤᠯᠠᠯ 》 ᠭᠤᠤᠯ ᠰᠡᠳᠦᠪᠳᠤ ᠤᠬᠠᠭᠤᠯᠭ᠎ᠠ ᠶ᠋ᠢᠨ ᠠᠵᠢᠯᠯᠠᠭ᠎ᠠ ᠵᠢ ᠢᠳᠡᠪᠬᠢᠳᠠᠢ ᠦᠷᠨᠢᠬᠦᠯᠵᠤ᠂ ᠤᠳᠤᠬᠠᠨ ᠪᠤᠯᠳᠠᠯ᠎ᠠ ᠲᠤᠰ ᠠᠵᠢᠯᠯᠠᠭ᠎ᠠ ᠪᠡᠷ ᠲᠠᠮᠵᠢᠨ ᠪᠦᠬᠦ ᠤᠷᠤᠨ ᠳ᠋ᠤ ᠨᠡᠢᠳᠡ 673 ᠵᠢᠱ᠌ᠢᠶ᠎ᠠ ᠴᠢᠨᠳᠠᠷ ᠪᠠ ᠪᠡᠶ᠎ᠠ ᠶ᠋ᠢᠨ ᠡᠷᠬᠡᠳᠡᠨ ᠶ᠋ᠢᠡᠨ ᠬᠠᠨᠳᠢᠪᠯᠠᠵᠤ᠂956 ᠬᠦᠮᠦᠨ ᠳ᠋ᠤ ᠠᠮᠢᠳᠤ ᠶᠠᠪᠤᠬᠤ ᠶ᠋ᠢᠨ ᠠᠵᠠ ᠵᠢᠷᠭᠠᠯ ᠢ᠋ ᠤᠯᠭᠤᠪᠠ᠃

ᠰᠢᠨ᠎ᠠ ᠨᠢᠬᠡ ᠡᠬᠡᠯᠵᠢ ᠵᠢᠨ 《 ᠭᠤᠪᠢ ᠨᠤᠳᠤᠭ ᠤ᠋ᠨ ᠳᠤᠤᠷᠠᠢ·ᠠᠮᠢ ᠨᠠᠰᠤᠨ ᠤ᠋ ᠳᠠᠭᠤᠯᠠᠯ》 ᠭᠤᠤᠯ ᠰᠡᠳᠦᠪᠳᠤ ᠤᠬᠠᠭᠤᠯᠭ᠎ᠠ ᠶ᠋ᠢᠨ ᠠᠵᠢᠯᠯᠠᠭ᠎ᠠ ᠲᠦᠷᠦᠬᠦᠬᠡᠨ ᠠᠯᠠᠱᠠ ᠠᠢᠮᠠᠭ ᠤ᠋ᠨ ᠡᠵᠡᠨ᠎ᠠ ᠬᠤᠰᠢᠭᠤᠨ ᠳ᠋ᠤ ᠶᠠᠪᠤᠭᠳᠠᠵᠤ᠂ ᠳᠤᠮᠳᠠᠳᠤ ᠤᠯᠤᠰ ᠤ᠋ᠨ ᠬᠦᠮᠦᠨ ᠤ᠋ ᠪᠡᠶ᠎ᠠ ᠶ᠋ᠢᠨ ᠡᠷᠬᠡᠳᠡᠨ ᠶ᠋ᠢᠡᠨ ᠬᠠᠨᠳᠢᠪᠯᠠᠬᠤ ᠠᠵᠢᠯᠯᠠᠭ᠎ᠠ ᠶ᠋ᠢᠨ ᠬᠠᠮᠢᠶᠠᠷᠤᠯᠳᠠ ᠶ᠋ᠢᠨ ᠲᠦᠪ ᠪᠤᠯᠤᠨ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠭᠤᠤᠯᠯᠠᠨ ᠡᠷᠬᠢᠯᠡᠵᠦ᠂ ᠠᠯᠠᠱᠠ ᠠᠢᠮᠠᠭ ᠤ᠋ᠨ ᠤᠯᠠᠭᠠᠨ ᠵᠠᠭᠠᠯᠮᠠᠢᠳᠠᠨ ᠤ᠋ ᠨᠡᠢᠭᠡᠮᠯᠢᠭ᠂ ᠡᠵᠡᠨ᠎ᠠ ᠬᠤᠰᠢᠭᠤᠨ ᠤ᠋ ᠤᠯᠠᠭᠠᠨ ᠵᠠᠭᠠᠯᠮᠠᠢᠳᠠᠨ ᠤ᠋ ᠨᠡᠢᠭᠡᠮᠯᠢᠭ ᠡᠴᠡ ᠬᠠᠮᠵᠢᠨ ᠡᠷᠬᠢᠯᠡᠵᠤ᠂ ᠳᠤᠮᠳᠠᠳᠤ ᠤᠯᠤᠰ ᠤ᠋ᠨ ᠪᠡᠶ᠎ᠠ ᠶ᠋ᠢᠨ ᠡᠷᠬᠡᠳᠡᠨ ᠢ᠋ ᠰᠢᠯᠵᠢᠭᠦᠯᠦᠨ ᠰᠠᠭᠤᠯᠭᠠᠬᠤ ᠦᠢᠯᠡᠰ ᠤ᠋ᠨ ᠬᠦᠭᠵᠢᠭᠦᠯᠦᠯᠳᠡ ᠶ᠋ᠢᠨ ᠰᠠᠭᠤᠷᠢ ᠮᠦᠩᠬᠦᠨ ᠤ᠋ ᠨᠡᠢᠭᠡᠮᠯᠢᠭ ᠡᠴᠡ 《ᠭᠤᠪᠢ ᠨᠤᠳᠤᠭ ᠤ᠋ᠨ ᠳᠤᠤᠷᠠᠢ· ᠠᠮᠢ ᠨᠠᠰᠤᠨ ᠤ᠋ ᠳᠠᠭᠤᠯᠠᠯ》 ᠳᠤᠷᠠᠰᠬᠠᠯ ᠤ᠋ᠨ ᠤᠢ ᠶ᠋ᠢᠨ ᠲᠦᠷᠦᠯ ᠵᠦᠢᠯ ᠳ᠋ᠤ 20 ᠲᠦᠮᠡᠨ ᠲᠦᠭᠦᠷᠢᠭ ᠬᠠᠨᠳᠢᠪᠯᠠᠭᠰᠠᠨ ᠪᠠᠢᠨ᠎ᠠ᠃

ᠠᠵᠢᠯᠯᠠᠭ᠎ᠠ  ᠳ᠋ᠤ 《 ᠠᠮᠢ ᠨᠠᠰᠤ ᠦᠨᠢ ᠮᠦᠩᠭᠡ ᠦᠷᠭᠦᠯᠵᠢᠯᠡᠬᠦ》 ᠭᠤᠤᠯ ᠰᠡᠳᠦᠪ ᠤ᠋ᠨ ᠲᠤᠭᠤᠷᠢᠨ ᠳ᠋ᠤ ᠵᠢᠷᠦᠬᠡ᠂ ᠡᠯᠢᠭᠡ᠂ ᠠᠭᠤᠰᠬᠢ᠂ ᠳᠤᠳᠤᠷ ᠪᠦᠭᠡᠷ᠎ᠠ᠂ ᠨᠢᠳᠤᠨ ᠤ᠋ ᠡᠪᠡᠷᠯᠢᠭ ᠪᠦᠷᠬᠦᠪᠴᠢ ᠵᠡᠷᠭᠡ ᠪᠡᠶ᠎ᠠ ᠶ᠋ᠢᠨ ᠡᠷᠬᠡᠳᠡᠨ ᠶ᠋ᠢᠡᠨ 7 ᠡᠪᠡᠳᠴᠢᠳᠠᠨ ᠳ᠋ᠤ ᠬᠠᠨᠳᠢᠪᠯᠠᠭᠰᠠᠨ 16 ᠨᠠᠰᠤᠳᠠᠢ ᠶᠧ ᠱᠠ ᠶ᠋ᠢᠨ ᠱᠤᠭᠤᠮᠠᠯ ᠢ᠋ ᠪᠤᠰᠬᠠᠬᠤ ᠠᠵᠢᠯᠯᠠᠭ᠎ᠠ᠂ ᠳᠤᠤᠷᠠᠢ ᠶ᠋ᠢᠨ ᠤᠢ ᠶ᠋ᠢᠨ ᠲᠤᠭᠤᠷᠢᠨ ᠤ᠋ ᠨᠡᠢᠳᠡ ᠶ᠋ᠢᠨ ᠠᠰᠠᠷᠠᠮᠵᠢ ᠶ᠋ᠢᠨ ᠬᠤᠷᠳᠤᠨ ᠠᠯᠬᠤᠬᠤ ᠬᠦᠳᠡᠯᠭᠡᠭᠡᠨ ᠵᠢᠴᠢ  《ᠶᠡᠬᠡ ᠭᠤᠪᠢ ᠳ᠋ᠤ ᠦᠯᠢᠭᠡᠷ ᠰᠤᠨᠤᠰᠬᠤᠢ·ᠠᠮᠢ ᠨᠠᠰᠤᠨ ᠤ᠋ ᠳᠤᠷᠠᠰᠤᠮᠵᠢ 》 ᠦᠯᠢᠭᠡᠷ  ᠤ᠋ᠨ ᠴᠤᠭᠯᠠᠭᠠᠨ ᠵᠡᠷᠭᠡ 3 ᠬᠡᠰᠡᠭ ᠠᠭᠤᠯᠭ᠎ᠠ ᠪᠡᠷ ᠶᠠᠪᠤᠭᠳᠠᠵᠤ᠂ 《ᠠᠮᠢ ᠨᠠᠰᠤᠨ ᠤ᠋ ᠬᠦᠮᠦᠵᠢᠯ + ᠠᠮᠢ ᠠᠬᠤᠢ ᠶ᠋ᠢᠨ ᠬᠠᠮᠠᠭᠠᠯᠠᠯᠳᠠ + ᠳᠤᠤᠷᠠᠢ ᠶ᠋ᠢᠨ ᠵᠤᠷᠢᠭ ᠰᠠᠨᠠᠭ᠎ᠠ》  ᠶ᠋ᠢᠨ ᠠᠯᠤᠰ ᠬᠡᠳᠦ ᠶ᠋ᠢᠨ ᠠᠴᠢ ᠬᠤᠯᠪᠤᠭᠳᠠᠯ ᠢ᠋ ᠤᠯᠠᠨ ᠳ᠋ᠤ ᠤᠬᠠᠭᠤᠯᠬᠤ ᠶ᠋ᠢᠨ ᠬᠠᠮᠳᠤ᠂ ᠨᠡᠩ ᠤᠯᠠᠨ ᠬᠦᠮᠦᠨ ᠪᠡᠶ᠎ᠠ ᠶ᠋ᠢᠨ ᠡᠷᠬᠡᠳᠡᠨ ᠶ᠋ᠢᠡᠨ ᠬᠠᠨᠳᠢᠪᠯᠠᠬᠤ ᠠᠵᠢᠯ ᠳ᠋ᠤ ᠤᠷᠤᠯᠴᠠᠵᠤ᠂ ᠶᠡᠬᠡ ᠬᠠᠢᠷ᠎ᠠ ᠶ᠋ᠢ ᠳᠤᠤᠷᠠᠢ ᠮᠤᠳᠤ ᠮᠡᠳᠦ ᠭᠤᠪᠢ ᠨᠤᠳᠤᠭ ᠲᠤ᠌ ᠦᠨᠳᠦᠰᠦᠯᠡᠭᠦᠯᠵᠦ᠂ ᠡᠵᠡᠨ᠎ᠠ ᠨᠤᠳᠤᠭ  ᠢ᠋ ᠪᠦᠬᠦ ᠤᠯᠤᠰ  ᠤ᠋ᠨ ᠪᠡᠶ᠎ᠠ ᠶ᠋ᠢᠨ ᠡᠷᠬᠡᠳᠡᠨ ᠶ᠋ᠢᠡᠨ ᠬᠠᠨᠳᠢᠪᠯᠠᠭᠴᠢ ᠶ᠋ᠢᠨ ᠤᠶᠤᠨ ᠰᠠᠨᠠᠭᠠᠨ ᠤ᠋ ᠭᠡᠷ ᠤᠷᠤᠨ ᠪᠤᠯᠭᠠᠨ ᠴᠤᠭᠴᠠᠯᠠᠬᠤ ᠶ᠋ᠢ ᠤᠷᠢᠶᠠᠯᠠᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面