ᠲᠡᠷᠢᠭᠦᠨ ᠨᠢᠭᠤᠷ>ᠰᠢᠨ᠎ᠡ ᠬᠦᠳᠡᠭᠡ>ᠠᠮᠢ ᠠᠬᠤᠢ

2026-11-06 16:58:45

ᠵᠣᠬᠢᠶᠠᠭ᠍ᠴᠢ᠄ ​ᠨᠠᠮᠤᠭ ᠣᠩᠱᠢᠭ᠍ᠰᠠᠨ ᠣᠳᠠᠭ᠎ᠠ᠄ 3

ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠡ ᠡᠴᠡ ᠤᠢᠯᠠᠭᠠᠭᠰᠠᠨ ᠵᠢᠡᠷ᠂ ᠡᠨᠡ ᠵᠢᠯ ᠡᠴᠡ ᠨᠠᠭᠠᠰᠢ ᠮᠠᠨ ᠤ᠋ ᠤᠷᠤᠨ 《ᠤᠮᠠᠷᠠᠲᠤ ᠵᠢᠨ ᠭᠤᠷᠪᠠᠨ ᠤᠷᠤᠨ》 ᠤ᠋ ᠢᠨᠵᠸᠨ᠋ᠸᠷᠢᠩ ᠤ᠋ᠨ ᠪᠤᠭᠤᠮᠲᠠ ᠰᠢᠪᠲᠤᠯᠬᠤ ᠳᠠᠢᠯᠠᠯᠳᠤᠭᠠᠨ ᠢ᠋ ᠦᠷᠭᠦᠯᠵᠢᠯᠡᠨ ᠰᠠᠢᠲᠤᠷ ᠬᠢᠵᠤ᠂ 《ᠠᠵᠢᠯ ᠤᠭᠤᠯᠲᠠ ᠪᠡᠷ ᠲᠡᠳᠭᠦᠮᠵᠢ ᠶ᠋ᠢ ᠤᠷᠤᠯᠠᠭᠤᠯᠬᠤ》 ᠵᠠᠭᠪᠤᠷ ᠢ᠋ ᠳᠡᠯᠭᠡᠷᠡᠭᠦᠯᠬᠦ ᠪᠡᠷ ᠳᠠᠮᠵᠢᠨ᠂ 4.59 ᠲᠦᠮᠡᠨ ᠮᠠᠯᠴᠢᠨ ᠲᠠᠷᠢᠶᠠᠴᠢᠨ ᠢ᠋ ᠳᠠᠢᠴᠢᠯᠠᠵᠤ ᠡᠯᠡᠰᠦᠷᠬᠡᠭᠵᠢᠯ ᠢ᠋ ᠰᠠᠷᠭᠡᠢᠯᠡᠨ ᠡᠯᠡᠰᠤ ᠶ᠋ᠢ ᠵᠠᠰᠠᠬᠤ ᠠᠵᠢᠯ ᠳ᠋ᠤ ᠤᠷᠤᠯᠴᠠᠭᠤᠯᠵᠤ᠂ ᠨᠡᠢᠲᠡ 3.84 ᠳ᠋ᠦᠩᠰᠢᠭᠤᠷ ᠲᠦᠭᠦᠷᠢᠭ ᠤ᠋ᠨ ᠴᠠᠯᠢᠩ ᠬᠦᠯᠦᠰᠦ ᠤᠯᠭᠤᠵᠦ᠂ ᠤᠯᠠᠨ ᠲᠦᠮᠡᠨ ᠤ᠋ ᠭᠡᠷ ᠤ᠋ᠨ ᠵᠢᠡᠨ ᠡᠭᠦᠳᠡᠨ ᠳ᠋ᠤ ᠠᠵᠢᠯ ᠤᠯᠵᠤ ᠤᠷᠤᠯᠭ᠎ᠠ ᠪᠡᠨ ᠨᠡᠮᠡᠭᠳᠡᠬᠦᠯᠬᠦ ᠳ᠋ᠤ ᠬᠦᠴᠦᠨ ᠨᠡᠮᠡᠷᠢᠯᠡᠪᠡ᠃

ᠰᠢᠯᠢ ᠵᠢᠨ ᠭᠤᠤᠯ ᠠᠢᠮᠠᠭ ᠤ᠋ᠨ ᠠᠪᠠᠭ᠎ᠠ ᠬᠤᠰᠢᠭᠤᠨ ᠤ᠋ ᠴᠠᠭᠠᠨᠨᠠᠭᠤᠷ ᠪᠠᠯᠭᠠᠰᠤᠨ ᠤ᠋ ᠡᠯᠡᠰᠤᠷᠬᠡᠭ ᠭᠠᠵᠠᠷ ᠲᠤ᠌᠂ ᠮᠠᠯᠴᠢᠨ ᠰᠡᠷᠭᠦᠯᠡᠩ 3 ᠵᠢᠯ ᠳᠠᠷᠠᠭᠠᠯᠠᠨ ᠡᠯᠡᠰᠦᠷᠬᠡᠭᠵᠢᠯ ᠢ᠋ ᠰᠠᠷᠭᠡᠢᠯᠡᠨ ᠡᠯᠡᠰᠤ ᠶ᠋ᠢ ᠵᠠᠰᠠᠬᠤ ᠠᠵᠢᠯ ᠳ᠋ᠤ ᠤᠷᠤᠯᠴᠠᠵᠠᠢ᠃ 《ᠤᠤᠯ ᠨᠢ ᠵᠦᠪᠬᠡᠨ ᠬᠤᠨᠢ ᠮᠠᠯᠵᠢᠭᠰᠠᠨ ᠤᠷᠤᠯᠭ᠎ᠠ ᠲᠠᠢ ᠯᠡ ᠪᠠᠢᠵᠤ᠂ ᠤᠳᠤ ᠭᠠᠴᠠᠭᠠᠨ ᠤ᠋ ᠬᠢᠨ ᠲᠠᠢ ᠬᠠᠮᠲᠤ ᠡᠯᠡᠰᠤ ᠶ᠋ᠢ ᠵᠠᠰᠠᠬᠤ ᠠᠵᠢᠯ ᠳ᠋ᠤ ᠤᠷᠤᠯᠴᠠᠵᠤ ᠡᠳᠦᠷ ᠤ᠋ᠨ ᠤᠷᠤᠯᠭ᠎ᠠ ᠠᠲᠠᠭ ᠲᠠᠭᠠᠨ 300 ᠲᠦᠭᠦᠷᠢᠭ ᠪᠠᠢᠵᠤ᠂ ᠬᠠᠮᠤᠭ ᠶᠡᠬᠡ᠎ᠳᠡᠭᠡᠨ 500 ᠲᠦᠭᠦᠷᠢᠭ ᠤᠯᠵᠤ ᠪᠠᠢᠨ᠎ᠠ》 ᠭᠡᠵᠤ ᠲᠡᠷᠡ ᠰᠠᠶᠢᠬᠠᠨ ᠳᠡᠪᠢᠰᠦᠭᠰᠡᠨ ᠡᠪᠡᠰᠤᠨ ᠳᠦᠷᠪᠡᠯᠵᠢ ᠪᠡᠨ ᠬᠠᠷᠠᠵᠤ ᠬᠡᠯᠡᠨ᠎ᠡ; ᠪᠠᠶᠠᠨᠨᠠᠭᠤᠷ ᠬᠤᠲᠠ《ᠤᠮᠠᠷᠠᠲᠤ ᠵᠢᠨ ᠭᠤᠷᠪᠠᠨ ᠤᠷᠤᠨ》 ᠤ᠋ ᠢᠨᠵᠸᠨ᠋ᠸᠷᠢᠩ ᠢ᠋《ᠠᠵᠢᠯ ᠤᠭᠤᠯᠲᠠ ᠪᠡᠷ ᠲᠡᠳᠭᠦᠮᠵᠢ ᠶ᠋ᠢ ᠤᠷᠤᠯᠠᠭᠤᠯᠬᠤ》 ᠬᠦᠷᠢᠶ᠎ᠡ ᠬᠡᠪᠴᠢᠶᠡᠨ ᠳ᠋ᠤ  ᠪᠦᠬᠦᠨ ᠢ᠋ ᠬᠠᠮᠤᠷᠤᠭᠤᠯᠵᠤ᠂ 1.1 ᠲᠦᠮᠡᠨ ᠬᠦᠮᠦᠨ ᠡᠯᠡᠰᠦᠷᠬᠡᠭᠵᠢᠯ ᠢ᠋ ᠰᠠᠷᠭᠡᠢᠯᠡᠨ ᠡᠯᠡᠰᠤ ᠶ᠋ᠢ ᠵᠠᠰᠠᠬᠤ ᠳ᠋ᠤ ᠤᠷᠤᠯᠴᠠᠨ᠂ ᠨᠡᠢᠲᠡ 3.84 ᠳ᠋ᠦᠩᠰᠢᠭᠤᠷ ᠲᠦᠭᠦᠷᠢᠭ ᠤ᠋ᠨ ᠴᠠᠯᠢᠩ ᠬᠦᠯᠦᠰᠦ ᠤᠯᠭᠤᠪᠠ; ᠤᠯᠠᠭᠠᠨᠬᠠᠳᠠ ᠬᠤᠲᠠ ᠵᠢᠨ ᠤᠩᠨᠢᠭᠤᠳ ᠬᠤᠰᠢᠭᠤ ᠵᠢᠨ《ᠠᠵᠢᠯ ᠤᠭᠤᠯᠲᠠ ᠪᠡᠷ ᠲᠡᠳᠭᠦᠮᠵᠢ ᠶ᠋ᠢ ᠤᠷᠤᠯᠠᠭᠤᠯᠬᠤ》 ᠲᠦᠷᠦᠯ ᠵᠦᠢᠯ ᠪᠦᠬᠦ ᠪᠡᠯᠡ ᠮᠦᠩᠭᠦ ᠵᠢᠨ ᠵᠢᠡᠨ 20% ᠶ᠋ᠢ ᠴᠠᠯᠢᠩ ᠬᠦᠯᠦᠰᠦ ᠳ᠋ᠤ ᠵᠠᠷᠤᠴᠠᠭᠤᠯᠪᠠ᠃ 《ᠤᠤᠯ ᠨᠢ ᠲᠦᠷᠭᠡᠨ ᠤ᠋ ᠵᠠᠰᠠᠮᠠᠯ ᠵᠠᠮ ᠤ᠋ᠨ ᠬᠤᠶᠠᠷ ᠬᠠᠵᠠᠭᠤ ᠪᠡᠷ ᠴᠦᠮ ᠡᠯᠡᠰᠤ ᠪᠠᠢᠵᠠᠢ᠂ ᠬᠤᠶᠠᠷᠬᠠᠨ ᠵᠢᠯ ᠤ᠋ᠨ ᠳᠤᠲᠤᠷ᠎ᠠ ᠮᠠᠯᠴᠢᠨ ᠲᠠᠷᠢᠶᠠᠴᠢᠨ ᠤ᠋  ᠲᠠᠷᠢᠬᠰᠠᠨ ᠡᠪᠡᠰᠦ ᠮᠤᠳᠤ ᠡᠳᠡᠭᠡᠷᠡᠭᠡᠳ ᠡᠯᠡᠰᠦ ᠵᠢ ᠬᠤᠷᠢᠭᠯᠠᠴᠢᠬᠠᠪᠠ᠃ ᠤᠯᠠᠨ ᠵᠢᠡᠷ ᠵᠢᠡᠨ ᠭᠡᠷ ᠤ᠋ᠨ ᠵᠢᠡᠨ ᠡᠭᠦᠳᠡᠨ ᠳ᠋ᠡᠬᠢ ᠡᠯᠡᠰᠤ ᠶ᠋ᠢ ᠵᠠᠰᠠᠬᠤ ᠠᠵᠢᠯ ᠳ᠋ᠤ ᠤᠷᠤᠯᠴᠠᠬᠤ ᠢᠳᠡᠪᠬᠢᠵᠢᠯ ᠨᠢ ᠤᠯᠠᠮ ᠡᠴᠡ ᠦᠨᠳᠦᠷ ᠪᠤᠯᠵᠠᠢ》 ᠭᠡᠵᠤ ᠪᠤᠷᠤᠬᠤᠰᠢᠭᠤ ᠪᠠᠯᠭᠠᠰᠤᠨ ᠤ᠋ ᠪᠠᠶᠠᠨ ᠬᠤᠰᠢᠭᠤ ᠭᠠᠴᠠᠭᠠᠨ ᠤ᠋ ᠠᠵᠤ ᠠᠬᠤᠢ ᠵᠢᠨ ᠬᠤᠷᠰᠢᠶ᠎ᠠ ᠵᠢᠨ  ᠬᠡᠷᠡᠭ ᠡᠷᠬᠢᠯᠡᠭᠴᠢᠳ ᠤ᠋ᠨ ᠳᠠᠷᠤᠭ᠎ᠠ ᡁᠢ ᠹᠦ ᠬᠡᠯᠡᠨ᠎ᠡ᠃ ᠲᠤᠰ ᠬᠤᠷᠰᠢᠶ᠎ᠠ 2022 ᠡᠤᠨ ᠳ᠋ᠤ ᠪᠠᠢᠭᠤᠯᠤᠭᠳᠠᠵᠤ᠂ ᠳᠠᠷᠠᠭ᠎ᠠ ᠵᠢᠯ ᠨᠢ ᠳᠠᠷᠤᠢ《ᠠᠵᠢᠯ ᠤᠭᠤᠯᠲᠠ ᠪᠡᠷ ᠲᠡᠳᠭᠦᠮᠵᠢ ᠶ᠋ᠢ ᠤᠷᠤᠯᠠᠭᠤᠯᠬᠤ》ᠲᠦᠷᠦᠯ ᠵᠦᠢᠯ ᠢ᠋ ᠲᠤᠰᠴᠤ᠂ ᠪᠦᠬᠦ ᠭᠠᠴᠠᠭ᠎ᠠ ᠵᠢᠨ 240 ᠭᠠᠷᠤᠢ ᠬᠦᠮᠦᠨ ᠤ᠋ ᠵᠠᠭᠤ ᠢᠯᠡᠭᠦᠦ ᠬᠦᠳᠡᠯᠮᠤᠷᠢ ᠬᠦᠴᠦ ᠶ᠋ᠢ ᠳᠠᠢᠴᠢᠯᠠᠨ ᠨᠤᠲᠤᠭ ᠤᠰᠤᠨ ᠤ᠋ ᠪᠡᠨ ᠡᠯᠡᠰᠤ ᠶ᠋ᠢ ᠵᠠᠰᠠᠬᠤ ᠠᠵᠢᠯ ᠳ᠋ᠤ ᠤᠷᠤᠯᠴᠠᠭᠤᠯᠪᠠ᠃

《ᠤᠮᠠᠷᠠᠲᠤ ᠵᠢᠨ ᠭᠤᠷᠪᠠᠨ ᠤᠷᠤᠨ》 ᠤ᠋ ᠢᠨᠵᠸᠨ᠋ᠸᠷᠢᠩ ᠡᠬᠢᠯᠡᠭᠰᠡᠨ ᠡᠴᠡ ᠨᠠᠭᠠᠰᠢ᠂ ᠦᠪᠦᠷ ᠮᠤᠩᠭᠤᠯ 《ᠠᠵᠢᠯ ᠤᠭᠤᠯᠲᠠ ᠪᠡᠷ ᠲᠡᠳᠭᠦᠮᠵᠢ ᠶ᠋ᠢ ᠤᠷᠤᠯᠠᠭᠤᠯᠬᠤ》 ᠲᠦᠷᠦᠯ ᠵᠦᠢᠯ  ᠵᠢᠨᠷ ᠳᠠᠮᠵᠢᠨ 30 ᠭᠠᠷᠤᠢ ᠳ᠋ᠦᠩᠰᠢᠭᠤᠷ ᠲᠦᠭᠦᠷᠢᠭ ᠤ᠋ᠨ ᠴᠠᠯᠢᠩ ᠬᠦᠯᠦᠰᠦ ᠤᠯᠭᠤᠵᠦ᠂ 23 ᠭᠠᠷᠤᠢ ᠲᠦᠮᠡᠨ ᠮᠠᠯᠴᠢᠨ ᠲᠠᠷᠢᠶᠠᠴᠢᠨ ᠢ᠋ ᠳᠠᠢᠴᠢᠯᠠᠵᠤ ᠠᠵᠢᠯ ᠤᠯᠭᠤᠵᠤ ᠤᠷᠤᠯᠭ᠎ᠠ ᠶ᠋ᠢ ᠨᠢ ᠨᠡᠮᠡᠭᠳᠡᠭᠦᠯᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面