2026-11-10 09:02:52
ᠤᠷᠭᠤᠮᠠᠯ ᠤ᠋ᠨ ᠬᠤᠴᠢᠯᠭ᠎ᠠ ᠵᠢᠨ ᠨᠤᠷᠮ᠎ᠠ 10% ᠬᠦᠷᠬᠦ᠌ ᠦᠭᠡᠢ ᠪᠠᠶ᠋ᠢᠭᠰᠠᠨ ᠡᠴᠠ ᠪᠠᠨ 50% ᠵᠢ ᠳᠠᠪᠠᠪᠠ
ᠤᠡᠭᠰᠢᠯᠭ᠎ᠠ ᠵᠢᠨ ᠬᠦᠳᠤᠯᠤᠮᠵᠢ
ᠬᠡᠰᠢᠭᠳᠡᠨ ᠬᠤᠰᠢᠭᠤᠨ ᠤ᠋ ᠤᠨᠴᠠᠭᠠᠢ ᠬᠦᠨᠳᠦ ᠬᠡᠴᠡᠭᠦᠦ ᠡᠯᠡᠰᠦᠷᠭᠡᠭᠵᠢᠯ ᠨᠢ ᠭᠤᠤᠯᠳᠠᠭᠤ ᠼᠥᠸᠧ ᠼᠤᠤ ᠱᠠᠨ ᠠᠭᠤᠯᠠᠨ ᠳ᠋ᠥ᠍ ᠲᠥᠪᠯᠡᠷᠡᠵᠤ᠂ ᠼᠥᠸᠧ ᠼᠤᠤ ᠱᠠᠨ ᠠᠭᠤᠯᠠ ᠨᠢ ᠤᠯᠠᠭᠠᠨᠬᠠᠳᠠ ᠬᠤᠲᠠ ᠵᠢᠨ ᠡᠯᠡᠰᠦᠷᠬᠡᠭᠵᠢᠯ ᠵᠢᠡᠷ ᠬᠠᠮᠤᠭ ᠤ᠋ᠨ ᠬᠦᠨᠳᠦ ᠨᠣᠴᠢᠲᠠᠢ ᠭᠠᠵᠠᠷ ᠣᠷᠤᠨ ᠪᠤᠯᠵᠤ᠂ ᠤᠷᠭᠤᠮᠠᠯ ᠤ᠋ᠨ ᠬᠤᠴᠢᠯᠭ᠎ᠠ ᠵᠢᠨ ᠨᠤᠷᠮ᠎ᠠ ᠨᠢ 10% ᠳᠦ ᠴᠦ᠍ ᠬᠦᠷᠬᠦ᠌ ᠦᠬᠡᠢ ᠪᠠᠢᠵᠠᠢ᠃ 2023 ᠣᠨ ᠤ᠋ 8 ᠰᠠᠷᠠᠳᠦ᠂ ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠰᠡᠷᠭᠡᠶ᠋ᠢᠯᠡᠵᠦ᠍ ᠡᠯᠡᠰᠤ ᠵᠢ ᠶᠡᠷᠦᠩᠬᠡᠢ᠌ᠯᠡᠨ ᠵᠠᠰᠠᠬᠤ ᠲᠦᠷᠦᠯ ᠵᠦᠢᠯ ᠢ᠋ ᠡᠬᠢᠯᠡᠭᠦᠯᠵᠦ᠍᠂ ᠭᠤᠷᠪᠠᠨ ᠵᠢᠯ ᠳᠦ ᠼᠥᠸᠧ ᠼᠤᠤ ᠱᠠᠨ ᠠᠭᠤᠯᠠ ᠪᠡᠷ 12.65 ᠲᠦᠮᠡᠨ ᠮᠥ᠍ ᠡᠯᠡᠰᠤ ᠵᠢ ᠤᠶ᠋ᠢᠵᠢᠭᠤᠯᠤᠨ ᠨᠤᠭᠤᠭᠠᠷᠠᠭᠤᠯᠵᠤ᠂ ᠡᠯᠡᠰᠤ ᠵᠢ ᠵᠠᠰᠠᠬᠤ ᠡᠭᠦᠷᠭᠡ ᠪᠠᠨ ᠬᠤᠶᠠᠷ ᠵᠢᠯ ᠤᠷᠢᠳᠴᠢᠯᠠᠨ ᠪᠡᠶᠡᠯᠡᠭᠦᠯᠵᠦ᠍᠂ ᠪᠥᠬᠦ᠌ ᠣᠷᠤᠨ ᠳᠦ 《ᠤᠮᠠᠷᠠᠲᠤ᠌ ᠵᠢᠨ ᠭᠤᠷᠪᠠᠨ ᠤᠷᠤᠨ》 ᠤ᠋ ᠵᠢᠷᠭᠤᠳᠤᠭᠠᠷ ᠬᠤᠭᠤᠴᠠᠭᠠᠨ ᠤ᠋ ᠡᠯᠡᠰᠤ ᠵᠠᠰᠠᠬᠤ ᠡᠬᠦᠷᠬᠡ ᠪᠠᠨ ᠬᠠᠮᠤᠭ ᠤ᠋ᠨ ᠲᠦᠷᠦᠬᠦᠨᠳᠦ ᠪᠡᠶᠡᠯᠡᠭᠦᠯᠦᠭᠰᠡᠨ ᠲᠥᠷᠦᠯ ᠵᠦᠢᠯ ᠤ᠋ᠨ ᠤᠷᠤᠨ ᠪᠣᠯᠵᠤ᠂ ᠲᠥᠷᠦᠯ ᠵᠦᠢᠯ ᠤ᠋ᠨ ᠣᠷᠤᠨ ᠤ᠋ ᠤᠷᠭᠤᠮᠠᠯ ᠤ᠋ᠨ ᠬᠤᠴᠢᠯᠭ᠎ᠠ ᠵᠢᠨ ᠨᠣᠷᠮ᠎ᠠ ᠨᠢᠬᠡᠨᠳᠡ 50% ᠵᠢ ᠳᠠᠪᠠᠵᠤ᠂ 《ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠭᠰᠠᠨ ᠲᠤᠷᠰᠢᠯᠭ᠎ᠠ》 ᠵᠢ ᠪᠥᠬᠦ᠌ ᠦᠪᠤᠷ ᠮᠤᠩᠭᠤᠯ ᠳᠦ ᠳᠡᠯᠭᠡᠷᠡᠭᠦᠯᠵᠦ᠍ ᠭᠡᠷᠡᠭᠵᠢᠭᠦᠯᠪᠡ᠃
ᠬᠡᠰᠢᠭᠳᠡᠨ ᠬᠤᠰᠢᠭᠤᠨ ᠤ᠋ ᠼᠥᠸᠧ ᠼᠤᠤ ᠱᠠᠨ ᠠᠭᠤᠯᠠ ᠵᠢᠨ ᠦᠨᠳᠤᠷ ᠤᠷᠬᠢᠯ ᠳ᠋ᠤ ᠭᠠᠷᠤᠭᠠᠳ ᠡᠷᠬᠢᠨ ᠲᠤᠭᠤᠷᠢᠨ ᠢ᠋ ᠪᠠᠷᠠᠯᠠᠬᠤ ᠳ᠋ᠥ᠂ ᠳᠥᠷᠪᠡᠯᠵᠢᠯᠡᠭᠰᠡᠨ ᠡᠯᠡᠰᠤᠨ ᠬᠠᠯᠬᠠᠪᠴᠢ ᠵᠢᠨ ᠲᠤᠳᠤᠷ᠎ᠠ ᠲᠠᠷᠢᠭᠰᠠᠨ ᠡᠪᠡᠰᠤ ᠮᠤᠳᠤ ᠰᠠᠯᠬᠢᠨ ᠤ᠋ ᠠᠶ᠎ᠠ ᠪᠡᠷ ᠰᠢᠷᠭᠠᠯᠳᠤᠨ ᠲᠤᠯᠬᠢᠶᠠᠯᠠᠵᠤ᠂ 《ᠬᠦᠬᠡ ᠲᠡᠭᠷᠢ ᠴᠡᠯᠡᠢᠨ ᠬᠦᠳᠡᠬᠡ ᠲᠠᠯ᠎ᠠ ᠨᠡᠯᠦᠢᠵᠤ᠂ ᠠᠶᠠᠰ ᠤ᠋ᠨ ᠰᠠᠯᠬᠢᠨ ᠦᠯᠢᠶᠡᠬᠦᠶᠠ ᠠᠳᠤᠭᠤ ᠮᠠᠯ ᠢᠷᠡᠯᠵᠠᠨᠠᠮ》 ᠬᠡᠬᠦ 《ᠴᠡᠯᠡᠭᠡᠷ ᠳᠠᠯ᠎ᠠ ᠵᠢᠨ ᠲᠠᠭᠤᠯᠠᠯ》 ᠢ᠋ ᠡᠷᠬᠡ ᠦᠬᠡᠢ ᠪᠤᠳᠤᠭᠳᠠᠭᠤᠯᠤᠨ᠎ᠠ᠃
《ᠦᠩᠬᠡᠷᠡᠭᠰᠡᠨ ᠳ᠋ᠤ ᠰᠠᠯᠬᠢ ᠭᠠᠷᠤᠭᠰᠠᠭᠠᠷ ᠡᠯᠡᠰᠤ ᠲᠤᠭᠤᠰᠤ ᠮᠠᠨᠠᠷᠠᠭᠠᠳ ᠨᠢᠳᠤ ᠨᠡᠬᠡᠬᠡᠬᠦ ᠵᠢᠨ ᠠᠷᠭ᠎ᠠ ᠦᠬᠡᠢ᠂ ᠮᠠᠨ ᠤ᠋ ᠪᠠᠢ ᠲᠦ ᠵᠢᠩ ᠽᠢ ᠭᠡᠰᠡᠨ ᠲᠤᠰᠬᠤᠨ ᠤ᠋ ᠨᠠᠷᠠ ᠴᠦ᠍ ᠡᠨᠡ ᠬᠦ᠌ ᠦᠪᠴᠢ ᠴᠠᠭᠠᠨ ᠡᠯᠡᠰᠤ ᠡᠴᠡ ᠢᠷᠠᠵᠠᠢ᠃ ᠤᠳᠤ ᠰᠠᠢᠬᠠᠨ ᠨᠤᠭᠤᠭᠠᠷᠠᠴᠢᠬᠠᠵᠠᠢ᠂ ᠬᠡᠷᠪᠡ ᠡᠪᠡᠰᠤ ᠮᠤᠳᠤ ᠲᠠᠷᠢᠵᠤ ᠵᠠᠰᠠᠵᠤ ᠤᠢᠵᠢᠭᠤᠯᠤᠭᠰᠠᠨ ᠦᠭᠡᠢ ᠪᠤᠯ ᠨᠡᠬᠡᠷᠡᠨ ᠠᠮᠢᠳᠤᠷᠠᠬᠤ ᠳ᠋ᠤ ᠬᠦᠴᠢᠷᠳᠠᠢ ᠪᠤᠯᠤᠭᠰᠠᠨ ᠰᠢᠤ!》ᠭᠡᠵᠦ᠍ ᠬᠡᠰᠢᠭᠳᠡᠨ ᠬᠤᠰᠢᠭᠤᠨ ᠤ᠋ ᠪᠢᠷᠠᠭᠤ ᠪᠠᠯᠭᠠᠰᠤ ᠵᠢᠨ ᠪᠠᠢ ᠲᠦ ᠵᠢᠩ ᠽᠢ ᠲᠣᠰᠬᠤᠨ ᠤ᠋ ᠲᠠᠷᠢᠶᠠᠴᠢᠨ ᠬᠤᠤ ᠶᠠᠨ ᠵᠢᠶᠧ ᠦᠩᠬᠡᠷᠡᠭᠰᠡᠨ ᠤ᠋ ᠭᠠᠴᠢᠭᠳᠠᠯ ᠵᠢᠡᠨ ᠲᠤᠭᠠᠴᠢᠨ᠎ᠠ᠃
ᠪᠠᠢ ᠲᠦ ᠵᠢᠩ ᠽᠢ ᠲᠣᠰᠬᠤᠨ ᠪᠤᠯ ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠶᠡᠷᠦᠩᠬᠡᠢ᠌ᠯᠡᠨ ᠵᠠᠰᠠᠬᠤ ᠲᠦᠪ ᠬᠡᠰᠡᠭ ᠲᠦ᠍ ᠪᠠᠶ᠋ᠢᠷᠢᠯᠡᠵᠦ᠍᠂ ᠬᠡᠰᠢᠭᠳᠡᠨ ᠬᠤᠰᠢᠭᠤᠨ ᠤ᠋ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠬᠤ ᠬᠠᠮᠤᠭ ᠤ᠋ᠨ ᠬᠦᠴᠢᠷᠲᠡᠢ ᠤᠷᠤᠨ ᠪᠤᠯᠤᠨ᠎ᠠ᠃ 《ᠡᠬᠢᠯᠡᠵᠦ᠍ ᠵᠠᠰᠠᠬᠤ ᠡᠴᠡ ᠡᠮᠦᠨ᠎ᠡ ᠡᠨᠳᠡ ᠬᠠᠮᠢᠭᠠᠰᠢ ᠪᠠᠨ ᠬᠠᠷᠠᠭᠰᠠᠨ ᠴᠦ᠍ ᠪᠦᠷ ᠨᠡᠯᠦᠢᠭᠰᠡᠨ ᠶᠡᠬᠡ ᠡᠯᠡᠰᠤ᠂ ᠤᠷᠭᠤᠮᠠᠯ ᠤ᠋ᠨ ᠬᠤᠴᠢᠯᠭ᠎ᠠ ᠵᠢᠨ ᠨᠤᠷᠮ᠎ᠠ ᠨᠢ 10% ᠳ᠋ᠤ ᠴᠦ᠍ ᠬᠦᠷᠬᠦ᠌ ᠦᠬᠡᠢ ᠪᠠᠢᠵᠠᠢ᠃ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠬᠤ ᠭᠤᠷᠪᠠᠨ ᠵᠢᠯ ᠤ᠋ᠨ ᠪᠣᠭᠤᠮᠲᠠ ᠰᠢᠪᠲᠤᠯᠬᠤ ᠲᠥᠷᠦᠯ ᠵᠦᠢᠯ ᠢ᠋ ᠡᠬᠢᠯᠡᠬᠦᠯᠬᠦ ᠡᠴᠡ ᠡᠮᠤᠨ᠎ᠡ ᠡᠯᠡᠰᠦᠷᠬᠡᠭᠵᠢᠯ ᠢ᠋ ᠰᠡᠷᠭᠡᠶ᠋ᠢᠯᠡᠵᠦ᠍ ᠡᠯᠡᠰᠤ ᠵᠢ ᠵᠠᠰᠠᠬᠤ ᠲᠥᠯᠦᠪᠵᠢᠭᠦᠯᠭᠡ ᠬᠢᠬᠦ᠌ ᠪᠠᠷ ᠢᠷᠡᠭᠰᠡᠨ 4 ᠬᠡᠭᠡᠷᠡᠯᠡᠬᠦ᠌ ᠮᠠᠰᠢᠨ ᠪᠦᠷ ᠨᠢᠴᠤᠬᠦᠨ ᠡᠯᠡᠰᠤᠨ ᠳ᠋ᠤ ᠰᠢᠭᠡᠳᠤᠨ ᠤᠷᠤᠵᠦ᠍᠂ ᠲᠷᠠᠺᠲ᠋ᠤᠷ ᠠᠪᠴᠢᠷᠠᠨ ᠨᠢᠭᠡ ᠨᠢᠭᠡ ᠪᠠᠷ ᠲᠠᠳᠠᠵᠦ᠍ ᠭᠠᠷᠭᠠᠭᠰᠠᠨ ᠶᠤᠮ》 ᠭᠡᠵᠦ᠍ ᠪᠠᠢ ᠲᠦ ᠵᠢᠩ ᠽᠢ ᠲᠣᠰᠬᠤᠨ ᠤ᠋ ᠨᠠᠮ ᠤ᠋ᠨ ᠡᠭᠦᠷ ᠤ᠋ᠨ ᠱᠦᠵᠢ ᠹᠠᠩ ᠬᠠᠢ ᠳ᠋ᠦᠩ ᠡᠯᠡᠰᠤᠷᠬᠡᠭᠵᠢᠯ ᠢ᠋ ᠰᠡᠷᠭᠡᠶ᠋ᠢᠯᠡᠵᠦ᠍ ᠡᠯᠡᠰᠤ ᠵᠢ ᠵᠠᠰᠠᠬᠤ ᠲᠦᠷᠦᠯ ᠵᠦᠢᠯ ᠢ᠋ ᠬᠡᠷᠡᠭᠵᠢᠭᠦᠯᠬᠦ᠌ ᠡᠴᠠ ᠡᠮᠤᠨᠡᠬᠢ ᠪᠠᠶ᠋ᠢᠳᠠᠯ ᠢ᠋ ᠡᠷᠬᠢᠴᠡᠭᠦᠯᠤᠨᠠ᠃
ᠬᠡᠰᠢᠭᠳᠡᠨ ᠬᠤᠰᠢᠭᠤ ᠬᠤᠯᠠᠨ ᠰᠢᠷᠭ᠎ᠠ ᠲᠠᠭ᠎ᠠ ᠪᠤᠯᠤᠨ ᠬᠤᠷᠴᠢᠨ ᠤ᠋ ᠡᠯᠡᠰᠦᠷᠬᠡᠭ ᠭᠠᠵᠠᠷ ᠤ᠋ᠨ ᠠᠭᠤᠯᠵᠠᠷ ᠲᠤ᠌ ᠪᠠᠢ᠌ᠷᠢᠯᠠᠵᠤ᠂ ᠪᠡᠭᠡᠵᠢᠩ ᠲᠢᠶᠠᠨᠵᠢᠨ ᠤ᠋ ᠴᠢᠬᠤᠯᠠ ᠤᠰᠤᠨ ᠤ᠋ ᠡᠬᠢ ᠰᠤᠷᠪᠤᠯᠵᠢ ᠵᠢᠨ ᠭᠠᠵᠠᠷ ᠪᠣᠯᠤᠨ᠎ᠠ᠃ ᠪᠥᠬᠦ᠌ ᠬᠤᠰᠢᠭᠤᠨ ᠤ᠋ ᠡᠯᠡᠰᠤᠷᠬᠡᠭᠵᠢᠭᠰᠡᠨ ᠭᠠᠵᠠᠷ ᠨᠤᠳᠤᠭ ᠤ᠋ᠨ ᠲᠠᠯᠠᠪᠠᠢ 915 ᠲᠦᠮᠡᠨ ᠮᠥ᠍ ᠪᠠᠶ᠋ᠢᠵᠦ᠍᠂ ᠡᠭᠦᠨ ᠳ᠋ᠤ ᠬᠤᠯᠠᠨ ᠰᠢᠷᠭ᠎ᠠ ᠲᠠᠭ᠎ᠠ ᠵᠢᠨ ᠡᠯᠡᠰᠤᠷᠬᠡᠭ ᠭᠠᠵᠠᠷ 866 ᠲᠦᠮᠡᠨ ᠮᠥ᠍ ᠵᠢ ᠡᠵᠡᠯᠡᠨ᠂ ᠤᠨᠴᠠᠭᠠᠢ ᠬᠦᠨᠳᠦ ᠬᠡᠴᠡᠭᠦᠦ ᠡᠯᠡᠰᠦᠷᠭᠡᠭᠵᠢᠯ ᠨᠢ ᠭᠤᠤᠯᠳᠠᠭᠤ ᠼᠥᠸᠧ ᠼᠤᠤ ᠱᠠᠨ ᠠᠭᠤᠯᠠᠨ ᠳ᠋ᠥ᠍ ᠲᠥᠪᠯᠡᠷᠡᠵᠤ᠂ ᠼᠥᠸᠧ ᠼᠤᠤ ᠱᠠᠨ ᠠᠭᠤᠯᠠ ᠨᠢ ᠤᠯᠠᠭᠠᠨᠬᠠᠳᠠ ᠬᠤᠲᠠ ᠵᠢᠨ ᠡᠯᠡᠰᠦᠷᠬᠡᠭᠵᠢᠯ ᠵᠢᠡᠷ ᠬᠠᠮᠤᠭ ᠤ᠋ᠨ ᠬᠦᠨᠳᠦ ᠨᠣᠴᠢᠲᠠᠢ ᠭᠠᠵᠠᠷ ᠣᠷᠤᠨ ᠪᠤᠯᠵᠠᠢ᠃
2023 ᠣᠨ ᠤ᠋ 8 ᠰᠠᠷ᠎ᠠ ᠳ᠋ᠤ᠂ ᠬᠡᠰᠢᠭᠳᠡᠨ ᠬᠤᠰᠢᠭᠤ ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠰᠡᠷᠭᠡᠶ᠋ᠢᠯᠡᠵᠦ᠍ ᠡᠯᠡᠰᠤ ᠵᠢ ᠶᠡᠷᠦᠩᠬᠡᠢ᠌ᠯᠡᠨ ᠵᠠᠰᠠᠬᠤ ᠲᠦᠷᠦᠯ ᠵᠦᠢᠯ ᠢ᠋ ᠡᠬᠢᠯᠡᠭᠦᠯᠵᠦ᠍᠂ ᠢᠨᠵᠧᠨᠧᠷᠢᠩ ᠵᠢᠠᠷ ᠡᠯᠡᠰᠦ ᠵᠢ ᠲᠣᠭᠲᠠᠪᠤᠷᠢᠵᠢᠭᠤᠯᠬᠤ᠂ ᠮᠣᠳᠤ ᠲᠠᠷᠢᠵᠤ ᠣᠢ᠌ᠵᠢᠭᠤᠯᠬᠤ᠂ ᠬᠥᠮᠦᠨ ᠤ᠋ ᠬᠦᠴᠦ ᠪᠠᠷ ᠡᠪᠡᠰᠦ ᠳᠠᠷᠢᠬᠤ ᠭᠤᠷᠪᠠᠨ ᠲᠠᠯ᠎ᠠ ᠪᠠᠷ ᠬᠦᠴᠦᠯᠡᠨ᠂ 8000 ᠭᠠᠷᠤᠢ ᠬᠥᠮᠦᠨ ᠡᠨᠡ ᠬᠦ᠌ ᠬᠠᠳᠠᠭᠤ ᠪᠡᠷᠬᠡ ᠲᠠᠶ᠋ᠢᠯᠠᠯᠳᠤᠭᠠᠨ ᠳ᠋ᠥ᠍ ᠤᠷᠤᠯᠴᠠᠵᠦ᠍᠂ ᠡᠨᠡ ᠵᠢᠯ ᠤ᠋ᠨ 5 ᠰᠠᠷ᠎ᠠ ᠪᠤᠯᠳᠠᠯ᠎ᠠ ᠨᠡᠢᠳᠡ 12.65 ᠲᠦᠮᠡᠨ ᠮᠥ᠍ ᠡᠯᠡᠰᠤ ᠵᠢ ᠵᠠᠰᠠᠭᠠᠳ ᠬᠠᠷᠠᠯᠳᠠ ᠡᠭᠦᠷᠭᠡ ᠪᠠᠨ ᠬᠤᠶᠠᠷ ᠵᠢᠯ ᠤᠷᠢᠳᠴᠢᠯᠠᠨ ᠪᠡᠶᠡᠯᠡᠭᠦᠯᠵᠦ᠍᠂ ᠪᠥᠬᠦ᠌ ᠣᠷᠤᠨ ᠳ᠋ᠤ《ᠤᠮᠠᠷᠠᠲᠤ᠌ ᠵᠢᠨ ᠭᠤᠷᠪᠠᠨ ᠤᠷᠤᠨ》 ᠤ᠋ ᠵᠢᠷᠭᠤᠳᠤᠭᠠᠷ ᠬᠤᠭᠤᠴᠠᠭᠠᠨ ᠤ᠋ ᠡᠯᠡᠰᠤ ᠵᠠᠰᠠᠬᠤ ᠡᠬᠦᠷᠬᠡ ᠪᠠᠨ ᠬᠠᠮᠤᠭ ᠤ᠋ᠨ ᠲᠦᠷᠦᠬᠦᠨ ᠳ᠋ᠤ ᠪᠡᠶᠡᠯᠡᠭᠦᠯᠦᠭᠰᠡᠨ ᠲᠥᠷᠦᠯ ᠵᠦᠢᠯ ᠤ᠋ᠨ ᠤᠷᠤᠨ ᠪᠣᠯᠵᠤ᠂ 《ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠭᠰᠠᠨ ᠲᠤᠷᠰᠢᠯᠭ᠎ᠠ》 ᠵᠢ ᠪᠥᠬᠦ᠌ ᠦᠪᠤᠷ ᠮᠤᠩᠭᠤᠯ ᠳ᠋ᠤ ᠳᠡᠯᠭᠡᠷᠡᠭᠦᠯᠵᠦ᠍ ᠭᠡᠷᠡᠭᠵᠢᠭᠦᠯᠪᠡ᠃
ᠲᠠᠷᠢᠵᠤ ᠤᠶ᠋ᠢᠵᠢᠭᠤᠯᠬᠤ ᠨᠢ ᠵᠥᠪᠬᠡᠨ ᠨᠢᠭᠡᠳᠦᠭᠡᠷ ᠠᠯᠬᠤᠮ᠂ ᠡᠯᠡᠰᠤᠷᠬᠡᠭᠵᠢᠭᠰᠡᠨ ᠭᠠᠵᠠᠷ ᠲᠦ᠍ ᠡᠪᠡᠰᠤ ᠮᠤᠳᠤ ᠲᠠᠷᠢᠵᠤ ᠤᠶ᠋ᠢᠵᠢᠭᠤᠯᠬᠤ ᠨᠢ ᠬᠦᠴᠢᠷ ᠲᠦᠪᠡᠭ ᠲᠠᠢ ᠪᠤᠯᠪᠠᠴᠦ᠍ ᠤᠶ᠋ᠢᠵᠢᠭᠤᠯᠤᠯᠳᠠ ᠨᠤᠭᠤᠭᠠᠷᠠᠭᠤᠯᠤᠯᠳᠠ ᠵᠢᠨ ᠦᠷ᠎ᠡ ᠪᠦᠳᠤᠮᠵᠢ ᠵᠢ ᠰᠠᠬᠢᠨ ᠬᠠᠮᠠᠭᠠᠯᠠᠬᠤ ᠨᠢ ᠴᠢᠬᠤᠯᠠ ᠡᠴᠠ ᠴᠢᠬᠤᠯᠠ ᠵᠠᠩᠭᠢᠯᠠᠭ᠎ᠠ ᠵᠢᠨ ᠶᠠᠪᠤᠳᠠᠯ ᠪᠤᠯᠬᠤ ᠶᠤᠮ᠃
ᠭᠤᠷᠪᠠᠨ ᠵᠢᠯ ᠤ᠋ᠨ ᠡᠮᠦᠨ᠎ᠡ᠂ ᠼᠥᠸᠧ ᠼᠤᠤ ᠱᠠᠨ ᠠᠭᠤᠯᠠ ᠵᠢᠨ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠬᠤ ᠲᠥᠷᠦᠯ ᠵᠦᠢᠯᠡᠬᠢᠯᠡᠵᠦ᠍᠂ 60 ᠤᠶ᠋ᠢᠷᠠᠳᠤᠭᠰᠠᠨ ᠨᠠᠮ ᠤ᠋ᠨ ᠭᠡᠰᠢᠭᠦᠨ ᠬᠤᠤ ᠶᠠᠨ ᠵᠢᠶᠧ ᠬᠠᠮᠤᠭ ᠤ᠋ᠨ ᠲᠦᠷᠦᠬᠦᠨ ᠳ᠋ᠤ ᠵᠠᠰᠠᠯᠲᠠ ᠵᠢᠨ ᠦᠷ᠎ᠡ ᠪᠦᠳᠤᠮᠵᠢ ᠵᠢ ᠬᠠᠮᠢᠶᠠᠷᠴᠦ᠍ ᠬᠠᠮᠠᠭᠠᠯᠠᠬᠤ ᠳ᠋ᠥ᠍ ᠤᠷᠤᠯᠴᠠᠬᠤ ᠪᠠᠷ ᠨᠡᠷ᠎ᠡ ᠪᠠᠨ ᠮᠡᠳᠡᠭᠦᠯᠵᠠᠢ᠃ ᠭᠤᠷᠪᠠᠨ ᠵᠢᠯ ᠤ᠋ᠨ ᠬᠤᠭᠤᠴᠠᠭᠠᠨ ᠳ᠋ᠤ ᠬᠦᠳᠡᠯᠮᠤᠷᠢᠯᠡᠬᠦ᠌ ᠪᠠᠷ ᠲᠡᠳᠭᠦᠮᠵᠢ ᠵᠢ ᠣᠷᠤᠯᠠᠭᠤᠯᠬᠤ ᠡᠴᠡ ᠲᠤᠰᠬᠠᠢ ᠲᠤᠰᠢᠶᠠᠯᠲᠤ᠌ ᠣᠢ ᠰᠢᠭᠤᠢ ᠵᠢᠨ ᠬᠠᠮᠠᠭᠠᠯᠠᠭᠴᠢ ᠬᠦᠷᠲᠡᠯ᠎ᠡ᠂ ᠬᠤᠤ ᠶᠠᠨ ᠵᠢᠶᠧ 10 ᠲᠦᠮᠨ ᠭᠠᠷᠤᠢ ᠲᠥᠭᠦᠷᠢᠭ ᠤ᠋ᠨ ᠣᠷᠤᠯᠭ᠎ᠠ ᠤᠯᠪᠠ᠃ ᠲᠤᠰᠬᠠᠢ ᠲᠤᠰᠢᠶᠠᠯᠲᠤ᠌ ᠣᠢ ᠰᠢᠭᠤᠢ ᠵᠢᠨ ᠬᠠᠮᠠᠭᠠᠯᠠᠭᠴᠢ ᠪᠣᠯᠤᠭᠰᠠᠨ ᠤ᠋ ᠬᠤᠪᠢ ᠳ᠋ᠤ᠂ ᠲᠡᠷᠡ ᠡᠯᠡᠰᠦᠷᠬᠡᠭᠵᠢᠯ ᠢ᠋ ᠰᠡᠷᠭᠡᠶ᠋ᠢᠯᠡᠨ ᠡᠯᠡᠰᠤ ᠵᠢ ᠵᠠᠰᠠᠬᠤ ᠲᠥᠷᠦᠯ ᠵᠦᠢᠯ ᠤ᠋ᠨ ᠤᠷᠤᠨ ᠢ᠋ ᠦᠪᠡᠷ ᠤ᠋ᠨ ᠬᠦᠷᠢᠶ᠎ᠠ ᠬᠠᠰᠢᠶ᠎ᠠ ᠪᠠᠨ ᠰᠢᠬ ᠪᠠᠳᠤ ᠴᠢᠩᠭ᠎ᠠ ᠰᠠᠬᠢᠨ ᠬᠠᠮᠠᠭᠠᠯᠠᠵᠤ᠂ ᠡᠳᠤᠷ ᠤ᠋ᠨ ᠬᠡᠳᠤ ᠤᠳᠠᠭ᠎ᠠ ᠲᠣᠭᠤᠷᠢᠵᠦ᠍ ᠪᠠᠶ᠋ᠢᠴᠠᠭᠠᠳᠠᠭ ᠠᠵᠢ᠃
《ᠮᠠᠨ ᠤ᠋ ᠪᠠᠢ ᠲᠦ ᠵᠢᠩ ᠽᠢ ᠲᠣᠰᠬᠤᠨ ᠣᠳᠤ ᠨᠣᠭᠤᠭᠠᠷᠠᠴᠢᠬᠠᠵᠠᠢ᠂ ᠦᠨᠡᠨ ᠠᠮᠠᠷ ᠦᠭᠡᠢ᠂ ᠡᠨᠡ ᠬᠤᠶᠠᠷ ᠵᠢᠯ ᠤ᠋ᠨ ᠵᠠᠰᠠᠯᠲᠠ ᠪᠠᠷ ᠲᠣᠤᠷ ᠬᠦᠷᠢᠶ᠎ᠠ ᠵᠢᠨ ᠭᠠᠳᠠᠨ᠎ᠠ ᠲᠤᠳᠤᠨ᠎ᠠ ᠢᠯᠡᠷᠬᠡᠢ ᠬᠤᠪᠢᠷᠠᠯᠲᠠ ᠲᠠᠢ ᠪᠤᠯᠪᠠ᠃ ᠪᠢ ᠡᠷᠳᠡ ᠵᠢᠨ ᠴᠠᠢ ᠪᠠᠨ ᠤᠤᠭᠤᠭᠠᠳ ᠲᠥᠷᠦᠯ ᠵᠦᠢᠯ ᠤ᠋ᠨ ᠤᠷᠤᠨ ᠵᠢᠡᠷ ᠨᠢᠭᠡ ᠲᠤᠭᠤᠷᠢᠭᠠᠳ ᠦᠵᠡᠪᠠᠯ ᠶᠡᠭᠡ ᠪᠠᠶᠠᠷᠳᠠᠢ ᠰᠠᠨᠠᠭᠳᠠᠵᠤ᠂ ᠮᠦᠨ ᠢᠩᠬᠢᠬᠡᠳ ᠲᠠᠳᠴᠢᠬᠠᠵᠠᠢ᠃ ᠡᠨᠡ ᠵᠢᠯ ᠶᠡᠭᠡ ᠵᠤᠵᠠᠭᠠᠨ ᠵᠢᠮᠢᠰ ᠰᠠᠭᠤᠭᠰᠠᠨ᠂ ᠳᠠᠷᠠᠭ᠎ᠠ ᠵᠢᠯ ᠨᠡᠩ ᠵᠤᠵᠠᠭᠠᠨ ᠰᠠᠭᠤᠬᠤ ᠨᠢ ᠯᠠᠪᠳᠠᠢ》ᠭᠡᠵᠦ᠍ ᠬᠤᠤ ᠶᠠᠨ ᠵᠢᠶᠧ ᠲᠠᠷᠢᠭᠠᠳ ᠬᠤᠶᠠᠷᠬᠠᠨ ᠵᠢᠯ ᠪᠤᠯᠵᠦ᠍ ᠪᠠᠶ᠋ᠢᠭ᠎ᠠ ᠴᠢᠴᠠᠷᠭᠠᠨ᠎ᠠ ᠵᠢᠨ ᠤᠢ ᠪᠠᠨ ᠵᠢᠭᠠᠭᠠᠳ ᠪᠠᠶᠠᠷᠳᠠᠢ ᠬᠡᠯᠡᠨ᠎ᠡ᠃
ᠡᠨᠡ ᠵᠢᠯ ᠪᠣᠷᠤᠭᠠᠨ ᠬᠤᠷ᠎ᠠ ᠰᠠᠶ᠋ᠢᠨ᠂ ᠲᠠᠷᠢᠵᠦ᠍ ᠵᠠᠶ᠋ᠢᠯᠠᠭᠰᠠᠨ ᠡᠯᠡᠰᠦᠨ ᠭᠠᠴᠤᠷ᠎ᠠ ᠵᠢᠨ ᠤᠷᠭᠤᠯᠳᠠ ᠶᠡᠭᠡ ᠰᠠᠶ᠋ᠢᠨ ᠪᠠᠢᠵᠤ᠂ ᠶᠥᠷᠭᠦᠭ᠂ ᠬᠢᠶᠠᠭ᠂ ᠰᠢᠷ᠎ᠠ ᠪᠤᠷᠭᠠᠰᠤ᠂ ᠬᠠᠷᠭᠠᠨ᠎ᠠ᠂ ᠲᠤᠮᠤ ᠵᠢᠮᠢᠰᠳᠤ ᠴᠢᠴᠠᠷᠭᠠᠨ᠎ᠠ ᠠᠭᠤᠯᠠᠨ ᠬᠥᠲᠦᠯ ᠵᠢᠡᠷ ᠳᠦᠭᠦᠷᠲᠡᠯ᠎ᠡ ᠤᠷᠭᠤᠭᠰᠠᠨ ᠠᠵᠢ᠃ 《ᠡᠨᠡ ᠡᠯᠡᠰᠤ ᠴᠢᠬᠢᠭ ᠬᠠᠳᠠᠭᠠᠯᠠᠳᠠᠭ ᠪᠤᠯᠬᠤᠷ ᠲᠣᠭᠲᠠᠪᠤᠷᠢᠵᠢᠭᠤᠯᠬᠤ ᠳ᠋ᠥ᠍ ᠠᠰᠠᠭᠤᠳᠠᠯ ᠦᠭᠡᠢ᠃ ᠦᠵᠡᠬᠦ ᠦᠬᠡᠢ ᠤᠤ᠂ ᠲᠠᠷᠢᠭᠰᠠᠨ ᠡᠪᠡᠰᠤ ᠪᠦᠷ ᠦᠷᠡᠯᠡᠴᠢᠬᠡᠭᠰᠡᠨ᠂ ᠰᠠᠯᠬᠢᠨ ᠳ᠋ᠤ ᠬᠡᠶ᠋ᠢᠰᠪᠡᠯ ᠢᠷᠡᠬᠦ ᠬᠠᠪᠤᠷ ᠡᠯᠡᠰᠤᠨ ᠳ᠋ᠥ᠍ ᠦᠷ᠎ᠡ ᠨᠢ ᠰᠣᠶᠤᠭᠠᠯᠠᠭᠠᠳ ᠠᠶᠠᠨᠳᠠᠭᠠᠨ ᠤᠷᠭᠤᠴᠢᠬᠠᠨᠠ᠃ ᠤᠳᠤ ᠬᠠᠮᠢᠶᠠᠷᠴᠦ ᠬᠠᠮᠠᠭᠠᠯᠠᠬᠤ ᠪᠤᠯ ᠬᠠᠮᠤᠭ ᠤ᠋ᠨ ᠴᠢᠬᠤᠯᠠ᠂ ᠬᠦᠴᠦ ᠬᠦᠯᠦᠰᠤ ᠪᠠᠨ ᠤᠷᠤᠰᠬᠠᠨ ᠪᠠᠢᠵᠤ ᠲᠠᠷᠢᠵᠦ᠍ ᠤᠶ᠋ᠢᠵᠢᠭᠤᠯᠤᠭᠰᠠᠨ ᠭᠠᠵᠠᠷ ᠵᠢᠡᠨ ᠰᠠᠶ᠋ᠢᠬᠠᠨ ᠬᠠᠮᠠᠭᠠᠯᠠᠬᠤ ᠦᠭᠡᠢ ᠪᠣᠯ ᠬᠥᠳᠡᠯᠮᠦᠷᠢ ᠵᠢᠨ ᠦᠷ᠎ᠡ ᠪᠦᠲᠦᠭᠡᠯ ᠲᠠᠯᠠᠭᠠᠷ ᠪᠤᠯᠵᠤ ᠰᠤᠢᠳᠬᠦ ᠠᠶᠤᠯ ᠲᠠᠢ᠃ ᠵᠠᠰᠠᠯᠳᠠ ᠵᠢᠨ ᠤᠷᠤᠨ ᠵᠢᠡᠨ ᠮᠠᠨ ᠤ᠋ ᠡᠨᠡ ᠦᠶ᠎ᠡ ᠵᠢᠨ ᠬᠥᠮᠦᠰ ᠯᠠ ᠪᠢᠰᠢ᠂ ᠬᠤᠵᠢᠮ ᠤ᠋ᠨ ᠬᠡᠳᠦᠨ ᠦᠶ᠎ᠡ ᠵᠢᠨ ᠬᠥᠮᠦᠰ ᠪᠦᠷ ᠬᠠᠮᠲᠤ ᠪᠠᠷ ᠴᠢᠷᠮᠠᠶ᠋ᠢᠵᠤ ᠬᠠᠮᠠᠭᠠᠯᠠᠬᠤ ᠴᠢᠬᠤᠯᠠᠳᠠᠢ ᠶᠤᠮ》 ᠭᠡᠵᠦ᠍ ᠹᠠᠩ ᠬᠠᠢ ᠳ᠋ᠦᠩ ᠵᠠᠰᠠᠯᠳᠠ ᠵᠢᠨ ᠦᠷ᠎ᠡ ᠪᠦᠳᠤᠮᠵᠢ ᠵᠢ ᠬᠠᠮᠢᠶᠠᠷᠤᠨ ᠬᠠᠮᠠᠭᠠᠯᠠᠬᠤ ᠵᠢᠨ ᠴᠢᠬᠤᠯᠠ ᠴᠢᠨᠠᠷ ᠢ᠋ ᠶᠠᠷᠢᠨ᠎ᠠ᠃
ᠼᠥᠸᠧ ᠼᠤᠤ ᠱᠠᠨ ᠠᠭᠤᠯᠠ ᠵᠢ ᠶᠡᠷᠦᠩᠬᠡᠢ᠌ᠯᠡᠨ ᠵᠠᠰᠠᠬᠤ ᠲᠥᠷᠦᠯ ᠵᠦᠢᠯ ᠤ᠋ᠨ ᠤᠷᠤᠨ ᠨᠢ ᠬᠡᠰᠢᠭᠳᠡᠨ ᠬᠤᠰᠢᠭᠤᠨ ᠤ᠋ ᠪᠢᠷᠠᠭᠤ ᠪᠠᠯᠭᠠᠰᠤ᠂ ᠲᠠᠯᠠᠶ᠋ᠢᠨᠠᠭᠤᠷ ᠪᠠᠯᠭᠠᠰᠤ ᠪᠤᠯᠤᠨ ᠤᠯᠠᠭᠠᠨᠪᠤᠳᠤᠩ ᠰᠤᠮᠤ ᠵᠢᠨ 5 ᠭᠠᠴᠠᠭ᠎ᠠ ᠲᠣᠰᠬᠤᠨ ᠢ᠋ ᠬᠠᠮᠤᠷᠴᠠᠢ᠃ ᠤᠳᠤ ᠼᠥᠸᠧ ᠼᠤᠤ ᠱᠠᠨ ᠠᠭᠤᠯᠠ ᠵᠢ ᠶᠡᠷᠦᠩᠬᠡᠢ᠌ᠯᠡᠨ ᠵᠠᠰᠠᠬᠤ ᠲᠥᠷᠦᠯ ᠵᠦᠢᠯ ᠤ᠋ᠨ ᠣᠷᠤᠨ ᠤ᠋ ᠤᠷᠭᠤᠮᠠᠯ ᠤ᠋ᠨ ᠬᠤᠴᠢᠯᠭ᠎ᠠ ᠵᠢᠨ ᠨᠣᠷᠮ᠎ᠠ ᠨᠢᠬᠡᠨᠳᠡ 50% ᠵᠢ ᠳᠠᠪᠠᠵᠤ᠂ ᠨᠤᠮᠢᠨ ᠲᠤᠯᠬᠢᠶ᠎ᠠ ᠬᠠᠶᠠᠯᠠᠬᠤ ᠪᠤᠯᠵᠠᠢ᠃ ᠣᠷᠳᠤ ᠬᠤᠭᠤᠴᠠᠭ᠎ᠠ ᠪᠡᠷ ᠪᠦᠲᠦᠮᠵᠢᠲᠡᠢ ᠬᠠᠮᠠᠭᠠᠯᠠᠵᠤ᠂ ᠠᠮᠢ ᠠᠬᠤᠢ ᠵᠢᠨ ᠦᠷ᠎ᠠ ᠠᠰᠢᠭ ᠢ᠋ ᠦᠶ᠎ᠠ ᠵᠢᠨ ᠦᠶ᠎ᠠ ᠳ᠋ᠤ ᠬᠦᠷᠳᠡᠬᠦ ᠵᠢ ᠪᠠᠳᠤᠯᠠᠬᠤ ᠵᠢᠨ ᠲᠦᠯᠦᠬᠡ᠂ ᠬᠡᠰᠢᠭᠳᠡᠨ ᠬᠤᠰᠢᠭᠤ ᠼᠥᠸᠧ ᠼᠤᠤ ᠱᠠᠨ ᠠᠭᠤᠯᠠᠨ ᠤ᠋ ᠲᠦᠷᠦᠯ ᠵᠤᠢᠯ ᠤ᠋ᠨ ᠤᠷᠤᠨ ᠳ᠋ᠤ ᠮᠠᠯᠴᠢᠨ ᠲᠠᠷᠢᠶᠠᠴᠢᠨ᠂ ᠭᠠᠴᠠᠭ᠎ᠠ ᠲᠣᠰᠬᠤᠨ ᠳᠤᠭᠤᠢ᠌ᠯᠠᠩ᠂ ᠰᠤᠮᠤ ᠪᠠᠯᠭᠠᠰᠤ᠂ ᠪᠠᠷᠢᠯᠭ᠎ᠠ ᠵᠢᠨ ᠠᠵᠤ ᠠᠬᠤᠢ᠌ᠯᠠᠯ᠂ ᠬᠠᠮᠢᠶᠠᠷᠤᠨ ᠬᠠᠮᠠᠭᠠᠯᠠᠬᠤ ᠠᠵᠢᠯᠳᠠᠨ ᠲᠠᠪᠤᠨ ᠲᠠᠯ᠎ᠠ ᠡᠴᠡ ᠬᠠᠮᠲᠤ ᠪᠠᠷ ᠬᠠᠮᠢᠶᠠᠷᠴᠦ ᠬᠠᠮᠠᠭᠠᠯᠠᠬᠤ ᠲᠣᠭᠲᠠᠴᠠ ᠵᠢ ᠪᠠᠢ᠌ᠭᠤᠯᠤᠨ ᠬᠡᠷᠡᠭᠵᠢᠭᠦᠯᠬᠦ᠌ ᠵᠢᠨ ᠬᠠᠮᠳᠤ ᠵᠢᠯᠤᠭᠤᠴᠢ ᠦᠭᠡᠢ ᠨᠢᠰᠬᠡᠯ᠂ ᠣᠶᠤᠨᠴᠢ ᠲᠦᠬᠦᠬᠡᠷᠦᠮᠵᠢ᠂ ᠳᠠᠭᠠᠭᠤᠯᠢ ᠣᠳᠤᠨ ᠤ᠋ ᠠᠯᠤᠰ ᠰᠡᠷᠡᠯ ᠵᠡᠷᠭᠡ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠠᠷᠭ᠎ᠠ ᠪᠠᠷᠢᠯ ᠳ᠋ᠤ ᠲᠦᠰᠢᠭᠯᠡᠨ ᠵᠠᠰᠠᠯᠳᠠ ᠵᠢᠨ ᠤᠷᠤᠨ ᠤ᠋ ᠠᠮᠢ ᠠᠬᠤᠢ ᠤᠷᠴᠢᠨ ᠲᠤᠭᠤᠷᠢᠨ ᠢ᠋ 24 ᠴᠠᠭ ᠵᠢᠡᠷ ᠬᠠᠮᠢᠶᠠᠷᠤᠨ ᠬᠠᠮᠠᠭᠠᠯᠠᠵᠦ᠍ ᠪᠠᠶ᠋ᠢᠨ᠎ᠠ᠃
《ᠲᠠᠷᠠᠭᠠᠴᠢ ᠪᠠᠷ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠦᠴᠦᠨ ᠵᠢᠡᠷ ᠬᠠᠮᠢᠶᠠᠷᠴᠦ᠍ ᠬᠠᠮᠠᠭᠠᠯᠠᠬᠤ ᠡᠷᠴᠢᠮ ᠵᠢᠡᠨ ᠤᠯᠠᠮ ᠴᠢᠩᠭᠠᠷᠠᠭᠤᠯᠵᠤ᠂ 24 ᠴᠠᠭ ᠵᠢᠠᠷ ᠲᠣᠭᠤᠷᠢᠨ ᠪᠠᠶ᠋ᠢᠴᠠᠭᠠᠵᠤ᠂ ᠪᠦᠬᠦ᠋ᠢᠯᠡ ᠲᠥᠷᠦᠯ ᠵᠦᠢᠯ ᠤ᠋ᠨ ᠤᠷᠤᠨ ᠢ᠋ ᠬᠠᠮᠤᠷᠴᠦ᠍᠂ ᠵᠠᠰᠠᠯᠲᠠ ᠵᠢᠨ ᠦᠷ᠎ᠡ ᠪᠦᠲᠦᠭᠡᠯ ᠵᠢᠠᠨ ᠰᠠᠬᠢᠨ ᠬᠠᠮᠠᠭᠠᠯᠠᠨ᠎ᠠ》 ᠭᠡᠵᠦ᠍ ᠬᠡᠰᠢᠭᠲᠡᠨ ᠬᠤᠰᠢᠭᠤᠨ ᠤ᠋ ᠣᠢ ᠰᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠮᠡᠷᠭᠡᠵᠢᠯᠲᠡᠨ ᠳ᠋ᠦᠩ ᠰᠢᠤᠸᠠᠢ ᠼᠦᠨ ᠶᠠᠷᠢᠯ᠎ᠠ᠃ ᠨᠢᠭᠡ ᠭᠡᠰᠡᠭ ᠭᠠᠵᠠᠷ ᠢ᠋ ᠤᠶ᠋ᠢᠵᠢᠭᠤᠯᠵᠦ᠍ ᠨᠤᠭᠤᠭᠠᠷᠠᠭᠤᠯᠤᠨ ᠨᠢᠭᠡ ᠪᠦᠯᠦᠭ ᠬᠥᠮᠦᠨ ᠳ᠋ᠤ ᠪᠤᠶᠠᠨ ᠠᠵᠠ ᠵᠢᠷᠭᠠᠯ ᠢ᠋ ᠠᠪᠴᠢᠷᠠᠨ᠎ᠠ᠃ ᠭᠤᠷᠪᠠᠨ ᠵᠢᠯ ᠳ᠋ᠤ ᠼᠥᠸᠧ ᠼᠤᠤ ᠱᠠᠨ ᠠᠭᠤᠯᠠ ᠪᠡᠷ 12.65 ᠲᠦᠮᠡᠨ ᠮᠥ᠍ ᠡᠯᠡᠰᠤ ᠵᠢ ᠤᠶ᠋ᠢᠵᠢᠭᠤᠯᠤᠨ ᠨᠤᠭᠤᠭᠠᠷᠠᠭᠤᠯᠵᠤ᠂ ᠢᠯᠡᠷᠬᠡᠢ ᠦᠷ᠎ᠡ ᠪᠦᠳᠤᠮᠵᠢ ᠲᠠᠢ ᠪᠤᠯᠤᠭᠰᠠᠨ ᠪᠤᠯᠪᠠᠴᠦ᠍ ᠠᠳᠡᠬᠢ ᠵᠢᠨ ᠡᠯᠡᠰᠦᠷᠬᠡᠭᠵᠢᠯ ᠢ᠋ ᠰᠡᠷᠬᠡᠢᠯᠡᠨ ᠡᠯᠡᠰᠤ ᠵᠢ ᠵᠠᠰᠠᠬᠤ ᠪᠣᠭᠤᠮᠲᠠ ᠰᠢᠪᠲᠤᠯᠬᠤ ᠳᠠᠢ᠌ᠯᠠᠯᠳᠤᠭᠠᠨ ᠮᠥᠨ ᠬᠦ᠌ ᠦᠷᠭᠦᠯᠵᠢᠯᠡᠭᠰᠡᠭᠡᠷ ᠁
《ᠡᠨᠡ ᠪᠣᠯ ᠪᠤᠭᠤ ᠬᠦᠷᠤᠭᠡᠰᠤ ᠵᠠᠷᠭᠡ ᠬᠡᠭᠡᠷ᠎ᠡ ᠵᠢᠨ ᠠᠮᠢᠲᠠᠨ ᠤ᠋ ᠤᠷᠤ ᠮᠦᠷ ᠶᠤᠮ᠃ ᠤᠳᠤ ᠬᠡᠳᠤᠶ᠋ᠢᠪᠡᠷ ᠪᠢᠳᠡᠨ ᠤ᠋ ᠵᠢᠱ᠌ᠢᠭ᠌ᠰᠠᠨ ᠦᠷ᠎ᠡ ᠪᠦᠲᠦᠮᠵᠢ ᠳ᠋ᠥ᠍ ᠬᠦᠷᠦᠭᠰᠡᠨ ᠪᠣᠯᠪᠠᠴᠤ᠌ ᠲᠡᠷᠡ ᠨᠢ ᠶᠠᠭ ᠬᠦᠨᠳᠦ ᠡᠪᠡᠳᠴᠢᠳᠡᠨ ᠢ᠋ ᠠᠩᠬ᠎ᠠ ᠡᠳᠡᠭᠡᠷᠡᠬᠦᠯᠵᠦ᠍ ᠪᠠᠢ᠌ᠭ᠎ᠠ ᠰᠢᠬ ᠤᠯᠠᠮ ᠨᠢᠭᠡ ᠠᠯᠬᠤᠮ ᠲᠡᠩᠬᠡᠷᠡᠭᠦᠯᠤᠨ ᠴᠢᠬᠢᠷᠠᠭᠵᠢᠭᠤᠯᠬᠤ ᠴᠢᠬᠤᠯᠠ ᠳᠠᠢ᠃ ᠠᠮᠢ ᠠᠬᠤᠢ ᠵᠢ ᠰᠡᠷᠭᠦᠭᠡᠬᠦ᠌ ᠪᠣᠯ ᠤᠳᠠᠭᠠᠨ ᠳᠠᠭᠠᠭᠠᠮᠠᠭᠠᠢ ᠲᠠᠢᠯᠠᠯᠳᠤᠭᠠᠨ ᠪᠤᠯᠤᠨ᠎ᠠ᠂ ᠬᠦᠴᠢᠷ ᠪᠡᠷᠬᠡᠰᠢᠶᠡᠯ ᠤᠯᠠᠨ ᠪᠤᠯᠪᠠᠴᠦ᠍ ᠲᠤᠭᠤᠯᠤᠨ ᠲᠠᠪᠠᠬᠤ ᠠᠷᠭ᠎ᠠ ᠨᠡᠩ ᠤᠯᠠᠨ ᠪᠠᠶ᠋ᠢᠳᠠᠭ᠃ ᠲᠠᠷᠠᠭᠠᠴᠢ ᠪᠠᠷ ᠪᠢᠳᠡ ᠵᠠᠰᠠᠬᠤ ᠳᠤᠮᠳᠠ ᠬᠠᠮᠠᠭᠠᠯᠠᠬᠤ᠂ ᠠᠰᠢᠭᠯᠠᠬᠤ ᠳᠤᠮᠳᠠ ᠶᠠᠰᠤ ᠴᠢᠨᠠᠷ ᠢ᠋ ᠳᠡᠭᠡᠭᠰᠢᠯᠡᠭᠦᠯᠬᠦ᠌ ᠵᠢ ᠴᠢᠩᠭ᠎ᠠ ᠪᠠᠷᠢᠮᠲᠠᠯᠠᠵᠤ᠂ ᠡᠯᠡᠰᠤ ᠮᠠᠩᠬ᠎ᠠ ᠲᠠᠢ ᠦᠵᠡᠯᠴᠡᠬᠦ᠌ ᠵᠢᠨ ᠲᠠᠭᠠᠤ ᠡᠯᠡᠰᠦᠷᠬᠡᠭ ᠭᠠᠵᠠᠷ ᠡᠴᠠ ᠦᠷ᠎ᠡ ᠠᠰᠢᠭ ᠤᠯᠬᠤ ᠵᠢ ᠪᠠᠳᠤᠯᠠᠨ᠎ᠠ》 ᠭᠡᠵᠦ᠍ ᠬᠡᠰᠢᠭᠲᠡᠨ ᠬᠤᠰᠢᠭᠤᠨ ᠤ᠋ ᠣᠢ ᠰᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠵᠢᠨ ᠳᠠᠷᠤᠭ᠎ᠠ ᠵᠠᠩ ᠵᠢᠶᠦ᠋ᠨ ᠵᠦᠸᠧ ᠬᠠᠷᠠᠯᠳᠠ ᠲᠦᠯᠤᠪᠯᠡᠭᠡ ᠪᠠᠨ ᠬᠡᠯᠡᠵᠤ ᠪᠠᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃