2026-11-16 14:05:56
ᠥᠢᠷ᠎ᠠ ᠵᠢᠨ ᠡᠳᠥᠷ ᠲᠦᠩᠯᠢᠶᠣᠣ ᠬᠤᠳᠠ᠎ᠶᠢᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ᠎ᠤ ᠱᠤᠩᠬᠤᠷ ᠨᠤᠭᠤ ᠭᠠᠵᠠᠷ᠎ᠲᠤ ᠬᠡᠳᠦᠨ ᠲᠦᠮᠡᠨ ᠨᠡᠭᠦᠳᠡᠯ᠎ᠦᠨ ᠰᠢᠪᠠᠭᠤ ᠦᠷᠲᠡᠭᠡᠯᠡᠨ ᠠᠮᠠᠷᠠᠵᠤ᠂ ᠤᠰᠤᠨ᠎ᠳᠤ ᠨᠠᠭᠠᠳᠴᠤ ᠢᠳᠡᠰᠢ ᠡᠷᠢᠬᠥ ᠪᠤᠶᠤ ᠬᠠᠯᠢᠨ ᠨᠢᠰᠴᠤ ᠂ ᠬᠦᠴᠦ ᠲᠠᠮᠢᠷ ᠵᠢᠡᠨ ᠰᠡᠯᠭᠦᠨᠡ᠃

ᠬᠣᠷᠴᠢᠨ ᠵᠡᠭᠦᠨ ᠭᠠᠷᠤᠨ ᠬᠣᠢᠲᠤ ᠬᠣᠰᠢᠭᠤᠨ᠎ᠳᠤ ᠨᠤᠭᠤ ᠭᠠᠵᠠᠷ᠎ᠤᠨ ᠡᠬᠢ ᠪᠠᠶᠠᠯᠢᠭ᠋ ᠠᠷᠪᠢᠨ ᠪᠠᠢᠵᠤ᠂ ᠪᠥᠬᠥ ᠬᠣᠰᠢᠭᠤᠨ᠎ᠤ ᠨᠤᠭᠤ ᠭᠠᠵᠠᠷ᠎ᠤᠨ ᠶᠡᠷᠦᠩᠬᠡᠢ ᠲᠠᠯᠠᠪᠠᠶ ᠨᠢ 27744.4 ᠾᠧᠺᠲ᠋ᠠᠷ᠎ᠲᠦ ᠬᠥᠷᠴᠥ᠂ 50 ᠾᠧᠺᠲ᠋ᠠᠷ᠎ᠠᠴᠠ ᠳᠡᠭᠡᠭᠰᠢᠬᠢ ᠤᠰᠤᠨ ᠣᠷᠣᠨ ᠨᠡᠶ᠋ᠢᠲᠡ 87 ᠪᠠᠢᠵᠤ᠂ ᠵᠡᠭᠦᠨ ᠠᠽᠢᠶ᠎ᠠ ︱ ᠠᠦ᠋ᠰᠲᠷᠠᠯᠢᠶ᠎ᠠ᠎ᠶᠢᠨ ᠨᠡᠭᠦᠳᠡᠯ᠎ᠦᠨ ᠰᠢᠪᠠᠭᠤᠨ᠎ᠤ ᠨᠡᠭᠦᠳᠡᠯ᠎ᠦᠨ ᠵᠠᠮ ᠳᠡᠭᠡᠷᠡᠬᠢ ᠵᠠᠩᠭᠢᠯᠠᠭ᠎ᠠ᠎ᠶᠢᠨ ᠦᠷᠲᠡᠭᠡ ᠪᠣᠯᠣᠨ᠎ᠠ᠃ ᠵᠢᠯ ᠪᠦᠷᠢᠬᠠᠪᠤᠷ ᠨᠠᠮᠤᠷᠪᠤᠯᠪᠠᠯ ᠬᠡᠳᠦᠨ ᠠᠷᠪᠠᠨ ᠲᠦᠮᠡᠨ ᠨᠡᠭᠦᠳᠡᠯ᠎ᠦᠨ ᠰᠢᠪᠠᠭᠤ ᠡᠳᠡᠭᠡᠷ ᠨᠤᠭᠤ ᠭᠠᠵᠠᠷ ᠲᠦ᠍ ᠥᠷᠳᠡᠭᠡᠯᠡᠨ ᠠᠮᠠᠷᠠᠳᠠᠬ᠃
ᠱᠤᠩᠬᠤᠷ ᠨᠤᠭᠤ ᠭᠠᠵᠠᠷ᠂ ᠬᠤᠯᠤᠰᠤᠲᠠᠢ ᠨᠠᠭᠤᠷ᠎ᠤᠨ ᠤᠯᠤᠰ᠎ᠤᠨ ᠨᠤᠭᠤ ᠭᠠᠵᠠᠷ᠎ᠤᠨ ᠴᠡᠴᠡᠷᠯᠢᠭ ᠵᠡᠷᠭᠡ ᠣᠷᠣᠨ᠎ᠳᠤ ᠤᠰᠤ ᠠᠷᠪᠢᠨ ᠢᠳᠡᠰᠢ ᠡᠯᠪᠡᠭ ᠪᠤᠯᠬᠤᠷ ᠲᠤᠭᠤᠳᠠᠬ᠂ ᠬᠤᠨ ᠭᠠᠯᠠᠭᠤ᠂ ᠴᠠᠭᠠᠨ ᠳᠡᠭᠡᠯᠡᠢ ᠵᠡᠷᠭᠡ ᠤᠰᠤᠨ ᠰᠢᠪᠠᠭᠤᠤᠨ ᠤᠨ ᠣᠷᠣᠰᠢᠨ ᠠᠮᠢᠳᠤᠷᠠᠬᠤ ᠴᠢᠬᠤᠯᠠ ᠥᠷᠲᠡᠭᠡ ᠪᠣᠯᠵᠤ᠂ ᠬᠣᠷᠴᠢᠨ᠎ᠤ ᠡᠯᠡᠰᠦᠷᠬᠡᠭ ᠭᠠᠵᠠᠷ᠎ᠤᠨ ᠭᠣᠣᠯ ᠪᠣᠯᠬᠤ ᠤᠰᠤᠨ᠎ᠤ ᠡᠬᠢ ᠰᠤᠷᠪᠤᠯᠵᠢ᠎ᠶᠢ ᠬᠠᠳᠠᠭᠠᠯᠠᠬᠤ ᠪᠠ ᠠᠮᠢ ᠠᠬᠤᠢ᠎ᠶᠢ ᠰᠠᠢᠵᠢᠷᠠᠭᠤᠯᠬᠤ ᠴᠢᠳᠠᠮᠵᠢ᠎ᠶᠢ ᠦᠷᠭᠦᠯᠵᠢᠯᠡᠨ ᠪᠠᠳᠠᠷᠠᠭᠤᠯᠵᠤ ᠪᠠᠢᠳᠠᠬ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃