ᠲᠡᠷᠢᠭᠦᠨ ᠨᠢᠭᠤᠷ>ᠰᠢᠨ᠎ᠡ ᠬᠦᠳᠡᠭᠡ>ᠵᠢᠷᠤᠭᠲᠤ ᠮᠡᠳᠡᠭᠡ

2026-11-14 13:33:10

ᠵᠣᠬᠢᠶᠠᠭ᠍ᠴᠢ᠄ ᠬᠠᠢ ᠴᠢᠤᠸᠠᠨ ᠴᠤᠯᠮᠤᠨ ᠬᠤᠩ ᠰᠢᠶᠠ ᠨᠠᠮᠤᠭ ᠣᠩᠱᠢᠭ᠍ᠰᠠᠨ ᠣᠳᠠᠭ᠎ᠠ᠄ 3

ᠬᠠᠮᠢᠶ᠎ᠠ ᠪᠦᠬᠦᠢ ᠬᠤᠯᠪᠤᠭᠠᠰᠦ᠄

ᠠᠯᠠᠱᠠ ᠵᠡᠬᠦᠨ ᠬᠤᠰᠢᠭᠤᠨ᠎ᠤ ᠲᠡᠭᠷᠢ ᠡᠯᠡᠰᠦᠨ᠎ᠳᠦ 420 ᠭᠠᠷᠤᠢ ᠨᠠᠭᠤᠷ ᠪᠦᠷᠢᠳᠦ ᠲᠠᠷᠬᠠᠵᠤ᠂ ᠪᠠᠷᠤᠭ 250 ᠭᠠᠷᠤᠢ ᠨᠠᠭᠤᠷ ᠪᠦᠷᠢᠳᠤ ᠨᠢ ᠵᠢᠯ ᠲᠤᠷᠰᠢ ᠤᠰᠤ ᠲᠠᠢ ᠪᠠᠢᠳᠠᠭ᠃ ᠲᠡᠳᠡᠭᠡᠷ ᠨᠠᠭᠤᠷ ᠪᠦᠷᠢᠳᠤ ᠵᠢᠨ ᠨᠢᠭᠡ ᠪᠤᠯᠬᠤ ᠤᠯᠠᠭᠠᠨᠨᠠᠭᠤᠷ ᠤ᠋ᠨ ᠶᠡᠷᠦᠩᠬᠡᠢ ᠲᠠᠯᠠᠪᠠᠢ ᠨᠢ ᠪᠠᠷᠤᠭ 800 ᠮᠸ᠋ ᠪᠠᠢᠵᠤ᠂ ᠵᠢᠷᠦᠭᠡᠨ ᠬᠡᠯᠪᠡᠷᠢ ᠲᠠᠢ᠂ ᠨᠠᠷᠠᠨ᠎ᠤ ᠲᠤᠰᠤᠯᠳᠠ ᠵᠢᠨ ᠬᠤᠪᠢᠷᠠᠯᠳᠠ ᠪᠠᠷ ᠦᠩᠭᠡ ᠨᠢ ᠬᠤᠪᠢᠷᠠᠳᠠᠭ᠃ ᠨᠠᠭᠤᠷ᠎ᠤᠨ ᠤᠰᠤᠨ᠎ᠳᠤ ᠶᠡᠬᠡ ᠬᠡᠮᠵᠢᠶᠡᠨ᠎ᠤ ᠳ᠋ᠦ᠋ ᠤᠪᠤᠭᠲᠤ ᠵᠢᠨ ᠲᠠᠪᠤᠰᠤᠨ ᠵᠠᠮᠠᠭ ᠠᠭᠤᠯᠤᠭᠳᠠᠵᠦ᠂ ᠦᠨᠳᠦᠷ ᠲᠠᠪᠤᠰᠤᠳᠤ ᠤᠷᠴᠢᠨ ᠳ᠋ᠤ ᠤᠯᠠᠭᠠᠨ ᠦᠩᠭᠡ ᠲᠡᠢ ᠪᠤᠯᠳᠠᠭ ᠵᠢᠡᠷ ᠵᠢᠡᠨ ᠤᠳᠤ ᠠᠯᠠᠱᠠ ᠨᠤᠲᠤᠭ᠎ᠤᠨ ᠠᠶᠠᠯᠠᠯ ᠵᠢᠭᠤᠯᠴᠢᠯᠠᠯ᠎ᠤᠨ ᠴᠢᠬᠤᠯᠠ ᠬᠠᠷᠠᠯᠲᠠᠲᠤ ᠤᠷᠤᠨ ᠪᠤᠯᠵᠠᠢ᠃



ᠤᠯᠠᠭᠠᠨᠨᠠᠭᠤᠷ


ᠡᠬᠦᠳᠡ᠎ᠪᠠᠷ ᠵᠢᠡᠨ ᠬᠠᠷᠠᠬᠤᠯ᠎ᠠ ᠤᠰᠤ ᠲᠠᠢ ᠰᠠᠢᠬᠠᠨ ᠠᠯᠠᠱᠠ᠂ ᠡᠷᠦᠬᠡ᠎ᠪᠠᠷ ᠵᠢᠡᠨ ᠬᠠᠷᠠᠬᠤᠯ᠎ᠠ ᠮᠤᠳᠤ ᠲᠠᠢ ᠰᠠᠢᠬᠠᠨ ᠠᠯᠠᠱᠠ᠃

ᠵᠠᠬ᠎ᠠ ᠦᠬᠡᠢ ᠰᠢᠷᠭᠠᠯᠳᠤᠬᠤ ᠨᠡᠯᠦᠭᠡᠷ ᠡᠯᠡᠰᠦ᠂ ᠵᠠᠭ᠎ᠤᠨ ᠤᠢ᠎ᠳᠤ ᠢᠳᠡᠰᠢᠯᠡᠬᠦ ᠲᠡᠮᠡᠭᠡᠨ ᠰᠦᠷᠦᠭ᠂ ᠪᠤᠯᠤᠷ ᠰᠤᠪᠤᠳ ᠠᠰᠬᠠᠭᠰᠠᠨ ᠮᠡᠲᠤ ᠨᠤᠭᠤᠭᠠᠨ ᠪᠦᠷᠢᠳᠦ᠂ ᠪᠤᠳᠤᠭᠤᠨ ᠪᠤᠷᠤ ᠵᠡᠷᠭᠡᠯᠭᠡᠨ ᠲᠤᠭᠯᠠᠭᠰᠠᠨ ᠰᠢᠷᠭᠠᠯ ᠭᠤᠪᠢ ᠁ ᠦᠩ ᠦᠷᠭᠡᠨ ᠠᠯᠠᠱᠠ ᠭᠡᠵᠦ ᠡᠢᠮᠦ ᠯᠡ ᠡᠲᠡᠭᠡᠳ ᠭᠤᠢᠳᠠ᠂ ᠲᠡᠢᠮᠦ ᠯᠡ ᠠᠮᠤᠭᠤᠯᠠᠩ ᠲᠠᠢᠪᠤᠩ᠃

ᠠᠮᠢᠨ ᠴᠡᠩᠭᠡᠷ ᠨᠠᠭᠤᠷ᠎ᠢᠶᠡᠨ ᠦᠷ᠎ᠠ ᠪᠡᠨ ᠰᠢᠭ ᠪᠦᠪᠡᠢᠯᠡᠭᠰᠡᠨ ᠡᠯᠡᠰᠦᠨ ᠴᠤᠬᠢᠶ᠎ᠠ ᠨᠢ ᠨᠠᠮ ᠳᠠᠷᠤᠤᠬᠠᠨ᠂ ᠠᠷᠢᠭᠤᠨ ᠳᠠᠭᠱ᠌ᠢᠨ ᠨᠤᠲᠤᠭ᠎ᠢᠶᠡᠨ ᠠᠮᠢ ᠪᠡᠨ ᠰᠢᠭ᠋ ᠬᠠᠢᠷᠠᠯᠠᠭᠰᠠᠨ ᠮᠠᠯᠴᠢᠨ ᠠᠷᠠᠳ ᠨᠢ ᠡᠭᠡᠯ ᠪᠤᠷᠤᠬᠠᠨ᠃ ᠨᠠᠮ ᠳᠠᠷᠤᠤᠬᠠᠨ᠂ ᠡᠭᠡᠯ ᠪᠤᠷᠤᠬᠠᠨ ᠬᠤᠶᠠᠷ ᠡᠨᠡ ᠨᠤᠲᠤᠭ᠎ᠤᠨ ᠦᠯᠡᠮᠵᠢ ᠵᠢᠨ ᠴᠢᠨᠠᠷ ᠪᠤᠶᠤ᠃

ᠡᠨᠡ ᠰᠠᠢᠬᠠᠨ ᠨᠤᠲᠤᠭ᠎ᠤᠨ ᠡᠯᠢᠭᠡᠨ᠎ᠳᠦ ᠨᠠᠭᠤᠷ ᠪᠦᠷᠢᠳᠦ ᠲᠠᠨ᠎ᠠ ᠰᠤᠪᠤᠳ ᠠᠳᠠᠯᠢ ᠬᠢᠯᠠᠯᠵᠠᠨ ᠲᠤᠨᠤᠯᠵᠠᠵᠤ ᠬᠤᠷᠸ᠎ᠠ ᠶᠢᠷᠲᠢᠨᠴᠤ ᠳ᠋ᠤ ᠬᠤᠤᠰ ᠦᠬᠡᠢ ᠦᠵᠡᠮᠵᠢ ᠪᠠᠷ᠎ᠢᠶᠡᠨ ᠲᠦᠮᠡᠨ᠎ᠦ ᠬᠠᠷᠠᠴᠠ᠎ᠶᠢ ᠠᠷᠭᠠᠮᠵᠢᠬᠤ ᠨᠢ ᠶᠠᠭᠤᠲᠠᠢ ᠭᠣᠶᠣᠬᠠᠨ ᠶᠤᠮ ᠳᠠ᠃

ᠲᠡᠭᠷᠢ᠎ᠳᠦ ᠨᠡᠭᠦᠳᠡᠯ᠎ᠦᠨ ᠰᠢᠪᠠᠭᠤᠳ ᠵᠡᠯ᠎ᠡ ᠲᠠᠲᠠᠨ ᠡᠮᠦᠨᠡᠰᠢᠯᠡᠬᠦ ᠨᠢ ᠨᠠᠮᠤᠷ᠎ᠤᠨ ᠰᠡᠭᠦᠯ ᠰᠢᠪᠲᠤᠷᠠᠬᠤ ᠪᠣᠯᠤᠭᠰᠠᠨ᠎ᠤ ᠳᠣᠬᠢᠶ᠎ᠠ ᠭᠡᠯᠲᠡᠢ᠃ ᠵᠢᠭᠤᠯᠴᠢᠯᠠᠯ᠎ᠤᠨ ᠬᠦᠭᠵᠢᠶᠡᠨᠲᠤ ᠴᠠᠭ ᠨᠢᠭᠡᠨᠲᠡ ᠥᠩᠭᠡᠷᠡᠭᠰᠡᠨ ᠪᠤᠯᠪᠠᠴᠤ ᠡᠨᠳᠡ ᠪᠠᠰᠠ ᠵᠢᠭᠤᠯᠴᠢᠯᠠᠭᠰᠠᠳ ᠴᠤᠪᠤᠷᠠᠭᠰᠠᠭᠠᠷ ᠪᠠᠢᠯ᠎ᠠ᠃ ᠡᠨᠳᠡᠬᠢ ᠪᠣᠯ ᠨᠤᠲᠤᠭ᠎ᠤᠨ ᠬᠥᠮᠥᠰ᠎ᠦᠨ ᠶᠠᠷᠢᠳᠠᠭ 《ᠶᠡᠬᠡ ᠤᠯᠠᠭᠠᠨ᠎ᠤ ᠭᠣᠣᠯ》᠂ ᠡᠨᠳᠡᠬᠢ ᠪᠣᠯ ᠳᠠᠶᠠᠩ᠎ᠳᠤ ᠲᠠᠨᠢᠭ᠍ᠳᠠᠭᠰᠠᠨ 《ᠪᠥᠮᠪᠥᠷᠴᠡᠭ᠎ᠦᠨ ᠵᠢᠷᠦᠬᠡ》 — ᠤᠯᠠᠭᠠᠨᠨᠠᠭᠤᠷ ᠮᠥᠨ᠃

ᠬᠦᠬᠡ ᠲᠡᠭᠷᠢ ᠵᠢᠨ ᠱᠠᠩᠨᠠᠵᠦ ᠬᠠᠢᠷᠠᠯᠠᠭᠰᠠᠨ ᠪᠠᠳᠮᠠᠷᠠᠭ᠎ᠠ ᠪᠤᠯ ᠤᠯᠠᠭᠠᠨᠨᠠᠭᠤᠷ ᠶᠤᠮ ᠪᠢᠯᠢᠦ⁈ ᠬᠦᠷᠦᠰᠦᠲᠤ ᠳᠡᠯᠡᠬᠡᠢ ᠵᠢᠨ ᠲᠦᠭᠰᠢᠵᠦ ᠴᠤᠬᠢᠯᠠᠭᠰᠠᠨ ᠵᠢᠷᠦᠬᠡ ᠪᠤᠯ ᠤᠯᠠᠭᠠᠨᠨᠠᠭᠤᠷ ᠶᠤᠮ ᠪᠢᠯᠢᠦ⁈ ᠤᠷᠴᠢᠬᠤ ᠴᠠᠭ᠎ᠤᠨ ᠬᠦᠷᠳᠦᠨ᠎ᠳᠤ ᠤᠯᠠᠭᠠᠨᠨᠠᠭᠤᠷ ᠪᠤᠶᠠᠨ ᠭᠡᠰᠢᠭ᠎ᠢᠶᠡᠨ ᠢᠪᠡᠭᠡᠭᠰᠡᠭᠡᠷ᠂ ᠤᠯᠠᠷᠢᠬᠤ ᠴᠠᠭ᠎ᠤᠨ ᠡᠷᠬᠢᠯᠳᠡ᠎ᠳᠤ ᠤᠯᠠᠭᠠᠨᠨᠠᠭᠤᠷ ᠰᠢᠨ᠎ᠠ ᠴᠠᠳᠢᠭ᠎ᠢᠶᠡᠨ ᠪᠢᠴᠢᠭᠯᠡᠭᠰᠡᠭᠡᠷ  ᠁



ᠤᠯᠠᠭᠠᠨᠨᠠᠭᠤᠷ᠎ᠤᠨ ᠵᠢᠪᠬᠤᠭᠠᠯᠢᠭ  ᠬᠦᠪᠡᠬᠦᠨ  —   ᠪᠠᠶᠠᠨ ᠪᠠᠢᠭᠠᠯᠢ ᠪᠡᠨ ᠬᠢᠮᠠᠭᠠᠳᠠᠭᠰᠠᠨ ᠬᠤᠯᠠᠴᠢ ᠤᠬᠠᠭᠠᠨ

ᠲᠤᠰᠤᠨ ᠰᠢᠷᠭᠠᠯ ᠡᠯᠡᠰᠦᠨ ᠳ᠋ᠥ ᠲᠡᠮᠦᠷ 《ᠭᠦᠯᠦᠭ》 ᠤ᠋ᠳ ᠤ᠋ᠨ ᠮᠥᠷ ᠲᠠᠮᠠᠭ᠎ᠠ ᠳᠠᠷᠤᠭᠰᠠᠨ ᠭᠡᠮᠡᠷᠬᠡᠨ ᠳᠤᠷᠠᠢᠵᠦ ᠬᠠᠷᠠᠭᠳᠠᠨ᠎ᠠ᠃ ᠨᠢᠭᠡ ᠴᠠᠭᠠᠨ ᠮᠠᠰᠢᠨ ᠡᠯᠡᠰᠦᠨ ᠴᠣᠬᠢᠶ᠎ᠠ ᠲᠠᠰᠢᠭᠤᠯᠠᠨ ᠬᠡᠷᠴᠢᠭᠡᠳ ᠲᠦᠳᠡᠯ ᠦᠬᠡᠢ ᠪᠠᠭᠤᠵᠤ ᠢᠷᠡᠪᠡ᠃ ᠡᠯᠡᠰᠦᠨ᠎ᠤ ᠡᠪ ᠳᠦᠢ᠎ᠶᠢ ᠨᠢ ᠣᠯᠵᠤ ᠲᠠᠯ᠎ᠠ ᠳ᠋ᠤ ᠲᠠᠪᠬᠢᠭᠤᠯᠵᠦ ᠪᠠᠢᠭ᠎ᠠ ᠦᠬᠡᠷ᠎ᠠ ᠦᠬᠡᠢ ᠲᠤᠪᠳᠤᠯᠭᠠᠵᠦ ᠶᠠᠪᠤᠬᠤ ᠡᠴᠡ ᠨᠢ ᠤᠳᠠᠭᠠᠨ ᠵᠢᠯ ᠤ᠋ᠨ ᠬᠠᠰᠢᠷ ᠵᠢᠯᠣᠭᠣᠴᠢ ᠭᠡᠳᠡᠭ ᠨᠢ ᠦᠵᠡᠳᠡᠯ᠎ᠠ ᠢᠯᠡᠭᠡᠨ᠃ ᠡᠨᠡ ᠬᠥᠮᠥᠨ ᠢ᠋ ᠤᠷᠭᠢᠯ ᠭᠡᠳᠡᠭ᠃ ᠨᠠᠶᠠᠭᠠᠳ ᠣᠨ ᠤ᠋ ᠰᠡᠭᠦᠯᠴᠢ ᠪᠡᠷ ᠲᠦᠷᠦᠭᠰᠡᠨ ᠲᠡᠭᠷᠢ ᠡᠯᠡᠰᠦᠨ ᠤ᠋ ᠪᠣᠷᠣ᠌ ᠬᠦᠦ᠂ ᠤᠯᠠᠭᠠᠨᠨᠠᠭᠤᠷ ᠢ᠋ ᠰᠠᠬᠢᠨ ᠬᠠᠮᠠᠭᠠᠯᠠᠭ᠍ᠴᠢ ᠡᠭᠡᠯ ᠮᠠᠯᠴᠢᠨ ᠤ᠋ ᠦᠷ᠎ᠡ᠃

ᠠᠯᠠᠱᠠ ᠵᠡᠭᠦᠨ ᠬᠣᠰᠢᠭᠤᠨ ᠤ᠋ ᠪᠠᠶᠠᠨᠬᠣᠲᠠ ᠪᠠᠯᠭᠠᠰᠤᠨ ᠤ᠋ ᠲᠡᠮᠡᠭᠡᠲᠦ ᠭᠠᠴᠠᠭᠠᠨ ᠤ᠋ ᠮᠠᠯᠴᠢᠨ ᠨᠣᠷᠵᠢᠨᠵᠠᠪ ᠨᠠᠷᠠᠨᠮᠠᠨᠳᠤᠯ᠎ᠠ ᠬᠣᠶᠠᠷ᠎ᠤᠨ ᠤᠳᠬᠤᠨ ᠬᠦᠦ ᠨᠢ ᠪᠣᠯᠵᠤ ᠵᠠᠶᠠᠭᠠᠭᠰᠠᠨ ᠲᠡᠷᠡ ᠪᠠᠷ ᠤᠯᠠᠭᠠᠨᠨᠠᠭᠤᠷ ᠤ᠋ᠨ ᠬᠦᠪᠡᠭᠡ ᠳᠠᠭᠠᠵᠦ ᠬᠣᠨᠢ ᠲᠡᠮᠡᠭᠡ ᠪᠡᠯᠴᠢᠵᠦ ᠢᠷᠡᠭᠡᠳ ᠳᠠᠪᠤᠰᠤ ᠳᠣᠯᠢᠶᠠᠳᠠᠭ ᠪᠠᠢᠭᠰᠠᠨ ᠢ᠋ ᠪᠠᠭ᠎ᠠ ᠳ᠋ᠠᠭᠠᠨ ᠪᠢᠰᠢᠬᠦᠢ ᠤᠯᠠᠨ ᠬᠠᠷᠠᠵᠤ ᠪᠠᠢᠯ᠎ᠠ᠃

《ᠶᠡᠬᠡ ᠤᠯᠠᠭᠠᠨ᠎ᠤ ᠭᠣᠣᠯ ᠤ᠋ᠨ ᠳᠠᠪᠤᠰᠤ ᠶ᠋ᠢ ᠳᠣᠯᠢᠶᠠᠭᠰᠠᠨ ᠲᠡᠮᠡᠭᠡᠳ ᠬᠦᠴᠦ ᠲᠠᠷᠭᠤ ᠲᠠᠢ ᠪᠠᠢᠳᠠᠭ》 ᠭᠡᠵᠦ ᠨᠤᠲᠤᠭ ᠤ᠋ᠨ ᠬᠢᠨᠢ ᠪᠤᠭᠤᠷᠤᠯᠴᠤᠳ ᠤ᠋ᠨ ᠶᠠᠷᠢᠶ᠎ᠠ ᠲᠡᠭᠦᠨ ᠤ᠋ ᠤᠢ ᠲᠤᠢ ᠳ᠋ᠥ ᠭᠦᠨ ᠬᠠᠳᠠᠩᠰᠢᠵᠠᠢ᠃

ᠨᠠᠷᠠ ᠬᠠᠨ᠎ᠠ ᠶ᠋ᠢᠨ ᠲᠣᠯᠣᠭᠠᠢ ᠰᠢᠭᠦᠷᠴᠦ ᠪᠠᠢᠬᠤ ᠦᠶ᠎ᠠ ᠪᠡᠷ ᠪᠣᠭᠴᠣ᠌ ᠡᠭᠦᠷᠦᠭᠰᠡᠨ ᠬᠣᠶᠠᠷ ᠬᠥᠮᠥᠨ ᠡᠯᠡᠰᠦᠨ ᠤ᠋ ᠣᠷᠣᠢ ᠲᠠᠮᠵᠢᠵᠦ ᠤᠯᠠᠭᠠᠨᠨᠠᠭᠤᠷ ᠢ᠋ ᠲᠣᠭᠣᠷᠢᠭ᠍ᠰᠠᠭᠠᠷ ᠡᠳᠡᠨ ᠤ᠋ ᠭᠢ ᠶ᠋ᠢ ᠴᠢᠭᠯᠡᠨ ᠢᠷᠡᠭᠰᠡᠨ ᠨᠢ ᠨᠤᠲᠤᠭ ᠤ᠋ᠨ ᠮᠠᠯᠴᠢᠨ ᠪᠢᠰᠢ᠂ ᠬᠠᠷᠢᠨ ᠡᠯᠡᠰᠦᠨ ᠳ᠋ᠥ ᠶᠠᠪᠠᠭᠠᠨ ᠠᠶᠠᠯᠠᠳᠠᠬ ᠵᠢᠭᠤᠯᠴᠢᠯᠠᠬᠴᠢ ᠪᠤᠯᠬᠤ ᠶ᠋ᠢ ᠮᠡᠳᠡᠭᠰᠡᠨ ᠨᠢ 2000 ᠤᠨ᠎ᠤ ᠡᠬᠢᠨ᠎ᠤ ᠦᠶ᠎ᠠ ᠵᠢᠨ ᠤᠴᠢᠷ᠃

ᠬᠠᠪᠢ᠎ᠶᠢᠨ ᠮᠠᠯᠴᠢᠨ᠂ ᠶᠠᠪᠤᠭᠤᠯ ᠤ᠋ᠨ ᠮᠠᠢᠮᠠᠢᠴᠢᠨ᠂ ᠰᠤᠮᠤᠨ ᠤ᠋ ᠺᠠᠳ᠋ᠷ ᠠ᠋ᠴᠠ ᠥᠭᠡᠷ᠎ᠡ ᠬᠥᠮᠥᠨ ᠳᠡᠮᠡᠢ  ᠶᠠᠪᠤᠳᠠᠭ ᠦᠭᠡᠢ ᠤᠯᠠᠭᠠᠨᠨᠠᠭᠤᠷ ᠲᠣ᠌ ᠶᠠᠪᠠᠭᠠᠨ ᠠᠶᠠᠯᠠᠭ᠍ᠴᠢ ᠬᠡᠮᠡᠬᠦ ᠤᠨᠴᠠᠭᠠᠢ ᠵᠣᠴᠢᠨ ᠢᠷᠡᠭᠰᠡᠨ ᠲᠡᠷᠡ ᠦᠶ᠎ᠡ ᠠ᠋ᠴᠠ ᠡᠬᠢᠯᠡᠨ ᠡᠨᠳᠡ ᠢᠷᠡᠬᠦ ᠶᠠᠪᠠᠭᠠᠨ ᠠᠶᠠᠯᠠᠬᠴᠢ ᠲᠠᠪᠤ ᠭᠤᠷᠪᠠ᠎ᠪᠠᠷ ᠴᠤᠪᠤᠷᠠᠭᠰᠠᠭᠠᠷ᠂ ᠠᠷᠪᠠ ᠲᠠᠪᠤ ᠪᠡᠷ ᠤᠯᠠᠰᠢᠷᠠᠬᠰᠠᠭᠠᠷ᠂ ᠨᠠᠮ ᠬᠦᠮ ᠪᠠᠢᠭᠰᠠᠨ ᠤᠯᠠᠭᠠᠨᠨᠠᠭᠤᠷ ᠨᠢᠬᠡ ᠮᠡᠳᠡᠬᠦ ᠳ᠋ᠤ ᠨᠠᠷᠠᠲᠤ ᠶ᠋ᠢᠨ ᠲᠦᠮᠡᠨ ᠳ᠋ᠥ ᠲᠠᠨᠢᠭ᠍ᠳᠠᠵᠤ ᠡᠬᠢᠯᠡᠭᠰᠡᠨ ᠠᠵᠢ᠃

2013 ᠣᠨ ᠡᠴᠡ ᠤᠷᠭᠢᠯ ᠤ᠋ᠨ ᠭᠢ ᠤᠯᠠᠭᠠᠨᠨᠠᠭᠤᠷ ᠤ᠋ᠨ ᠵᠢᠨᠨ ᠬᠥᠪᠡᠭᠡᠨ ᠳ᠋ᠥ ᠭᠠᠷ ᠤ᠋ᠨ ᠵᠢᠵᠢᠭ ᠮᠠᠢᠮᠠᠢ  ᠬᠢᠵᠦ ᠡᠬᠢᠯᠡᠪᠡ᠃  ᠬᠥᠳᠡᠭᠡ ᠵᠢᠨ ᠮᠠᠯᠴᠢᠨ ᠠᠢᠯ ᠤ᠋ᠨ ᠠᠩᠬᠠᠨ ᠤ᠋ ᠮᠠᠢᠮᠠᠢ ᠨᠢ ᠵᠢᠭᠤᠯᠴᠢᠯᠠᠯ ᠤ᠋ᠨ ᠦᠢᠯᠡᠰ ᠡᠷᠭᠢᠯᠡᠭᠦ ᠶ᠋ᠢᠨ ᠰᠠᠨᠠᠭ᠎ᠠ ᠶ᠋ᠢ ᠲᠠᠯᠪᠢᠭ᠍ᠰᠠᠨ ᠨᠢ ᠡᠨᠡ ᠪᠢᠯᠢᠦ᠃ ᠨᠠᠭᠤᠷ ᠲᠣ᠌ ᠢᠷᠡᠵᠦ ᠵᠢᠭᠤᠯᠴᠢᠯᠠᠬᠤ ᠬᠥᠮᠥᠨ ᠤᠯᠠᠰᠢᠷᠠᠬᠤ ᠶ᠋ᠢ ᠳᠠᠭᠠᠯᠳᠤᠨ ᠤᠷᠭᠢᠯ ᠤ᠋ᠨ ᠭᠢᠨ ᠬᠣᠭ ᠨᠣᠪᠰᠢ ᠴᠡᠪᠡᠷᠯᠡᠬᠦ ᠰᠦᠢᠳᠬᠡᠯ ᠭᠡᠵᠦ ᠠᠩᠬ᠎ᠠ ᠬᠥᠮᠥᠨ᠎ᠤ 10  ᠲᠥᠭᠥᠷᠢᠭ ᠬᠤᠷᠢᠶᠠᠵᠤ ᠪᠠᠢᠯ᠎ᠠ᠃ ᠲᠡᠭᠡᠭᠡᠳ 2016 ᠣᠨ ᠠ᠋ᠴᠠ ᠡᠬᠢᠯᠡᠵᠦ᠂ ᠲᠡᠳᠡᠨ ᠤ᠋ ᠭᠢ ᠤᠯᠠᠭᠠᠨᠨᠠᠭᠤᠷ ᠤ᠋ᠨ ᠬᠥᠪᠡᠭᠡᠨ ᠳ᠋ᠡᠬᠡᠨ ᠵᠢᠭᠤᠯᠴᠢᠯᠠᠯ ᠡᠷᠭᠢᠯᠡᠭᠦ ᠪᠡᠷ ᠪᠠᠭ᠎ᠠ ᠰᠠᠭ᠎ᠠ ᠪᠡᠯᠡ ᠤᠷᠤᠭᠤᠯᠤᠬᠰᠠᠨ ᠵᠢᠡᠨ  2019 ᠣᠨ ᠠ᠋ᠴᠠ ᠡᠬᠢᠯᠡᠵᠦ ᠵᠢᠩᠬᠢᠨᠢ ᠪᠠᠷ ᠭᠠᠳᠠᠨ᠎ᠠ ᠣᠷᠣᠨ ᠤ᠋ ᠵᠢᠭᠤᠯᠴᠢᠯᠠᠭᠰᠠᠳ ᠤ᠋ᠨ ᠮᠠᠰᠢᠨ ᠲᠡᠷᠭᠡ ᠶ᠋ᠢ ᠡᠯᠡᠰᠤᠨ ᠳ᠋ᠡᠭᠡᠨ ᠣᠷᠣᠭᠤᠯᠵᠤ᠂ ᠵᠢᠩᠬᠢᠨᠢ ᠤᠳᠬ᠎ᠠ ᠠᠭᠤᠯᠭ᠎ᠠ ᠪᠦᠬᠦᠢ ᠵᠢᠭᠤᠯᠴᠢᠯᠠᠯ ᠤ᠋ᠨ ᠦᠢᠯᠡᠰ ᠡᠷᠬᠢᠯᠡᠵᠦ ᠡᠬᠢᠯᠡᠭᠰᠡᠨ ᠪᠠᠢᠯ᠎ᠠ᠃

ᠵᠢᠯ ᠳ᠋ᠥ ᠲᠤᠭ᠎ᠠ ᠲᠠᠢ ᠬᠡᠳᠦᠬᠡᠨ ᠶᠠᠪᠠᠭᠠᠨ ᠠᠶᠠᠯᠠᠭ᠍ᠴᠢ ᠢᠷᠡᠳᠡᠭ ᠪᠠᠢᠭᠰᠠᠨ ᠤᠯᠠᠭᠠᠨᠨᠠᠭᠤᠷ ᠲᠦ᠍ ᠤᠳᠤ ᠵᠢᠯ ᠳ᠋ᠥ 50 ᠲᠦᠮᠡᠨ ᠵᠢᠭᠤᠯᠴᠢᠯᠠᠬᠴᠢ ᠲᠤᠭᠤᠷᠢᠵᠦ ᠢᠷᠡᠬᠦ ᠪᠣᠯᠤᠬᠰᠠᠨ ᠨᠢ ᠡᠨᠡ ᠨᠠᠭᠤᠷ᠎ᠤᠨ ᠡᠵᠡᠳ ᠤ᠋ᠨ ᠤᠷᠤᠯᠳᠤᠯᠭ᠎ᠠ ᠴᠢᠷᠮᠠᠢᠯᠭ᠎ᠠ ᠡᠴᠡ ᠰᠠᠯᠵᠦ ᠴᠢᠳᠠᠬᠤ ᠦᠬᠡᠢ᠃ ᠬᠡᠳᠦᠨ ᠵᠢᠯ ᠤ᠋ᠨ ᠡᠮᠤᠨ᠎ᠡ᠂ ᠨᠤᠲᠤᠭ ᠤ᠋ᠨ ᠠᠬ᠎ᠠ ᠶᠠᠩ ᠳᠠᠯᠠᠢ ᠭᠡᠭᠴᠢ ᠬᠥᠮᠥᠨ ᠢᠷᠭᠠᠢ ᠬᠤᠳᠠ ᠶ᠋ᠢᠨ ᠲᠸᠯᠸᠢᠰ ᠬᠣᠷᠢᠶ᠎ᠠ ᠪᠠ ᠠᠢᠮᠠᠭ ᠤ᠋ᠨ ᠲᠸᠯᠸᠢᠰ ᠬᠣᠷᠢᠶ᠎ᠠ ᠪᠠᠷ ᠵᠢᠡᠨ ᠤᠯᠠᠭᠠᠨᠨᠠᠭᠤᠷ ᠤ᠋ᠨ ᠦᠪᠡᠷᠮᠢᠴᠡ ᠦᠵᠡᠮᠵᠢ ᠶ᠋ᠢ ᠰᠡᠬᠦᠳᠡᠷᠯᠡᠬᠦᠯᠵᠦ ᠲᠠᠨᠢᠯᠴᠠᠭᠤᠯᠤᠭᠰᠠᠨ ᠨᠢ ᠤᠯᠠᠨ ᠤ᠋ ᠠᠩᠬᠠᠷᠤᠯ ᠳ᠋ᠥ ᠬᠦᠷᠴᠦ᠂ ᠰᠦᠯᠵᠢᠶᠡᠨ ᠣᠳᠣᠳ᠎ᠤᠨ ᠰᠤᠨᠢᠷᠬᠠᠯ᠎ᠢ ᠶᠡᠬᠡᠳᠡ ᠲᠠᠳᠠᠵᠠᠢ᠃ ᠡᠢᠨ ᠬᠦ᠌᠂ ᠴᠦᠩᠴᠢᠩ ᠬᠤᠳᠠ ᠠ᠋ᠴᠠ ᠢᠷᠡᠭᠰᠡᠨ ᠰᠦᠯᠵᠢᠶᠡᠨ ᠤᠳᠤᠨ ᠹᠠᠩ ᠴᠢ ᠪᠣᠯᠣᠨ ᠾᠧ ᠰᠢᠶᠠᠩ ᠪᠧᠢ ᠭᠡᠬᠦ ᠬᠣᠶᠠᠷ ᠬᠥᠮᠥᠨ ᠵᠢᠯᠣᠭᠣᠴᠢ ᠦᠭᠡᠢ ᠨᠢᠰᠬᠡᠯ ᠢ᠋ᠶ᠋ᠠᠷ ᠰᠡᠭᠦᠳᠡᠷᠯᠡᠵᠦ ᠪᠠᠢᠭᠠᠳ ᠤᠯᠠᠭᠠᠨᠨᠠᠭᠤᠷ ᠭᠡᠭᠴᠢ ᠶᠠᠭ ᠯᠡ ᠵᠢᠷᠦᠬᠡ ᠰᠢᠭ ᠤᠯᠠᠭᠠᠨ ᠥᠩᠭᠡ ᠲᠠᠢ ᠮᠥᠷᠲᠡᠭᠡᠨ ᠭᠡᠯᠪᠡᠷᠢ ᠳᠦᠷᠰᠦ ᠨᠢ ᠴᠤ᠌ ᠠᠳᠠᠯᠢ ᠪᠠᠢᠨ᠎ᠠ ᠭᠡᠵᠦ ᠲᠠᠪᠴᠠᠩ ᠳ᠋ᠠᠭᠠᠨ ᠨᠡᠢᠲᠡᠯᠡᠭᠰᠡᠨ ᠡᠴᠡ ᠲᠦᠮᠡᠨ᠎ᠤ ᠬᠠᠷᠠᠭ᠎ᠠ ᠵᠢ ᠪᠤᠯᠢᠶᠠᠵᠦ᠂ ᠨᠢᠭᠡ ᠯᠡ ᠮᠡᠳᠡᠬᠦ ᠳ᠋ᠥ 《ᠪᠥᠮᠪᠥᠷᠴᠡᠭ ᠤ᠋ᠨ ᠵᠢᠷᠦᠬᠡ》 ᠬᠡᠮᠡᠬᠦ ᠠᠯᠳᠠᠷ ᠲᠠᠢ ᠪᠣᠯᠵᠠᠢ᠃ ᠬᠡᠳᠦᠨ ᠮᠤᠩᠭᠤᠯ ᠭᠡᠷ᠂ ᠳᠥᠭᠥᠮᠬᠡᠨ ᠦᠢᠯᠡᠴᠢᠯᠡᠭᠡ ᠬᠠᠩᠭᠠᠳᠠᠬ ᠪᠠᠢᠭᠰᠠᠨ ᠤᠯᠠᠭᠠᠨᠨᠠᠭᠤᠷ ᠲᠣ᠌ ᠬᠥᠮᠥᠨ ᠤ᠋ ᠳᠠᠯᠠᠢ ᠴᠠᠯᠭᠢᠯᠠᠵᠦ ᠡᠬᠢᠯᠡᠪᠡ  ᠁

ᠬᠦᠢᠲᠡᠨ ᠤᠮᠳᠠᠭᠠᠨ ᠬᠤᠳᠠᠯᠳᠤᠬᠤ ᠲᠡᠳᠦᠢ ᠪᠠᠢᠭᠰᠠᠨ ᠤᠷᠭᠢᠯ ᠤ᠋ᠨ ᠭᠢ ᠤᠳᠤ 500 ᠲᠦᠮᠡᠨ ᠲᠦᠬᠦᠷᠢᠭ ᠤ᠋ᠨ ᠪᠡᠯᠡ ᠣᠷᠣᠭᠤᠯᠵᠤ ᠵᠢᠭᠤᠯᠴᠢᠯᠠᠯ ᠤ᠋ᠨ ᠦᠢᠯᠡᠰ ᠢ᠋ᠶ᠋ᠠᠨ ᠥᠷᠭᠡᠳᠬᠡᠵᠦ᠂ ᠡᠯᠡᠰᠦᠨ ᠳ᠋ᠥ ᠮᠠᠰᠢᠨ ᠵᠢᠡᠷ ᠠᠶᠠᠯᠠᠬᠤ᠂ ᠢᠳᠡᠬᠡᠨ ᠤᠮᠳᠠᠭᠠᠨ᠂ ᠬᠤᠨᠤᠬ ᠪᠠᠭᠤᠳᠠᠯ᠂ ᠵᠢᠷᠤᠭ ᠰᠡᠭᠦᠳᠡᠷ ᠲᠠᠲᠠᠭᠤᠯᠬᠤ᠂ ᠲᠡᠮᠡᠭᠡ ᠤᠨᠤᠬᠤ ᠭᠡᠬᠦᠴᠢᠯᠡᠨ ᠢᠵᠢ ᠪᠦᠷᠢᠨ ᠦᠢᠯᠡᠴᠢᠯᠡᠭᠡ ᠬᠠᠩᠭᠠᠬᠤ ᠪᠤᠯᠵᠠᠢ᠃

ᠤᠯᠠᠭᠠᠨᠨᠠᠭᠤᠷ ᠲᠦ᠍ ᠤᠢᠷᠠᠳᠤᠨ ᠬᠠᠷᠠᠪᠠᠯ ᠤᠰᠤ ᠨᠢ ᠨᠡᠬᠡᠷᠡᠨ ᠤᠯᠠᠭᠠᠬᠠᠨ ᠬᠠᠷᠠᠭᠳᠠᠵᠤ᠂ ᠢᠯᠠᠩᠭᠤᠶ᠎ᠠ ᠵᠢᠯᠤᠭᠤᠴᠢ ᠦᠬᠡᠢ ᠨᠢᠰᠬᠡᠯ ᠵᠢᠡᠷ ᠬᠦᠨ ᠤᠬᠳᠠᠷᠭᠤᠢ ᠡᠴᠡ ᠰᠡᠬᠦᠳᠡᠷᠯᠡᠬᠦᠯᠤᠨ ᠬᠠᠷᠠᠬᠤ ᠳ᠋ᠤ ᠤᠪ ᠤᠯᠠᠭᠠᠨ ᠵᠢᠷᠦᠬᠡ ᠰᠢᠭ ᠬᠠᠷᠠᠬᠳᠠᠬᠤ ᠨᠢ ᠭᠠᠢᠬᠠᠰᠢ ᠠᠯᠳᠠᠭᠤᠯᠤᠨ᠎ᠠ᠃ ᠨᠠᠭᠤᠷ ᠤ᠋ᠨ ᠳᠡᠭᠡᠭᠦᠷ ᠵᠢᠯᠣᠭᠣᠴᠢ ᠦᠭᠡᠢ ᠨᠢᠰᠬᠡᠯ ᠱᠤᠤᠭᠢᠵᠦ ᠵᠢᠭᠤᠯᠴᠢᠯᠠᠬᠰᠠᠳ ᠲᠦ᠍ ᠵᠢᠷᠤᠭ ᠰᠡᠭᠦᠳᠡᠷ ᠲᠠᠳᠠᠨ ᠦᠭᠴᠤ᠂ ᠨᠠᠭᠤᠷ᠎ᠤᠨ ᠬᠦᠪᠡᠬᠡ ᠡᠯᠡᠰᠤᠨ᠎ᠤ ᠨᠠᠭᠠᠭᠤᠷ ᠲᠡᠮᠡᠬᠡ ᠤᠨᠤᠬᠰᠠᠳ ᠬᠠᠶᠠ ᠦᠬᠡᠢ ᠬᠠᠷᠠᠬᠳᠠᠨ᠎ᠠ᠃ 《ᠦᠨᠡᠬᠡᠷ ᠵᠢᠷᠦᠬᠡ ᠰᠢᠭ ᠪᠠᠢᠨ᠎ᠠ》᠂ 《ᠪᠥᠮᠪᠥᠷᠴᠡᠭ ᠤ᠋ᠨ ᠵᠢᠷᠦᠬᠡ ᠲᠠᠢ ᠵᠢᠷᠤᠭ ᠰᠡᠭᠦᠳᠡᠷ ᠲᠠᠲᠠᠴᠢᠬᠠᠯ᠎ᠠ》 ᠭᠡᠬᠦ ᠵᠢᠭᠤᠯᠴᠢᠯᠠᠬᠰᠠᠳ ᠤ᠋ᠨ ᠪᠠᠶᠠᠷᠯᠠᠯᠳᠤᠨ ᠬᠦᠬᠡᠷᠦᠯᠳᠦᠬᠦ ᠲᠠᠭᠤᠨ ᠨᠢ ᠨᠠᠭᠤᠷ ᠤ᠋ᠨ ᠬᠥᠪᠡᠭᠡᠨ᠎ᠡ ᠦᠯᠢᠶᠡᠬᠦ ᠰᠠᠯᠬᠢᠨ ᠲᠠᠢ ᠭᠦᠭ ᠨᠡᠢᠯᠡᠵᠦ ᠪᠠᠢᠬᠤ ᠬᠡᠮᠡᠷᠬᠡᠨ᠃

ᠤᠷᠭᠢᠯ ᠤᠯᠠᠭᠠᠨᠨᠠᠭᠤᠷ ᠵᠦᠭ ᠢ᠋ᠶ᠋ᠠᠨ ᠰᠢᠷᠳᠡᠵᠦ ᠶᠠᠭᠤ ᠨᠢᠭᠡ ᠶ᠋ᠢ ᠪᠣᠳᠣᠯᠭᠠᠰᠢᠷᠠᠨ᠎ᠠ᠃ ᠤᠯᠠᠭᠠᠨᠨᠠᠭᠤᠷ᠎ᠤᠨ ᠵᠢᠭᠤᠯᠴᠢᠯᠠᠯ ᠢ᠋ᠶ᠋ᠠᠨ ᠤᠯᠠᠮ ᠢᠯᠡᠭᠦᠦ ᠳᠦᠷᠢᠮᠵᠢᠩᠬᠦᠢ ᠪᠠᠷᠢᠮᠵᠢᠶᠠᠵᠢᠭᠤᠯᠵᠦ ᠡᠵᠡᠩᠨᠡᠬᠦ ᠪᠡᠷ᠂ ᠲᠡᠷᠡ ᠡᠨᠡ ᠵᠢᠯ ᠴᠧᠩᠳᠦ᠋ ᠵᠢᠨ ᠨᠢᠬᠡ ᠲᠤᠰᠬᠠᠢ ᠮᠡᠷᠭᠡᠵᠢᠯ ᠤ᠋ᠨ ᠵᠢᠭᠤᠯᠴᠢᠯᠠᠯ ᠤ᠋ᠨ ᠺᠤᠮᠫᠠᠨᠢ ᠲᠠᠢ ᠬᠠᠮᠲᠤᠷᠠᠵᠤ᠂ ᠵᠢᠭᠤᠯᠴᠢᠯᠠᠯ ᠤ᠋ᠨ ᠭᠠᠵᠠᠷ ᠢ᠋ᠶ᠋ᠠᠨ ᠳᠡᠰ ᠳᠡᠪᠰᠢᠭᠦᠯᠦᠭᠰᠡᠨ ᠠᠵᠢ᠃

ᠠᠪᠤ ᠶ᠋ᠢᠨ ᠬᠢᠨᠢ ᠶᠠᠷᠢᠳᠠᠭ ᠨᠠᠭᠤᠷ᠎ᠤᠨ ᠬᠡᠰᠢᠭ ᠨᠤᠲᠤᠭ᠎ᠤᠨ ᠪᠤᠶᠠᠨ ᠭᠡᠳᠡᠭ ᠡᠨᠡ ᠶᠤᠮ ᠳᠠ ᠬᠡᠵᠦ ᠤᠷᠬᠢᠯ ᠲᠤᠳᠤᠷ᠎ᠠ ᠪᠠᠨ ᠪᠤᠳᠤᠵᠦ ᠶᠠᠪᠤᠳᠠᠬ᠃ ᠡᠢᠮᠦ ᠳ᠋ᠡᠬᠡᠨ᠂ ᠤᠳᠤ ᠡᠳᠡᠨ ᠤ᠋ ᠭᠢ ᠨᠠᠭᠤᠷ᠎ᠤᠨ ᠬᠤᠯᠤᠰᠤ ᠬᠠᠳᠤᠬᠤ᠎ᠪᠠᠨ ᠵᠣᠭᠰᠣᠵᠤ ᠨᠠᠭᠤᠷ᠎ᠤᠨ ᠬᠣᠷᠣᠬᠠᠢ᠎ᠶᠢ ᠲᠡᠭᠦᠬᠦ᠎ᠪᠠᠨ ᠲᠠᠰᠤ ᠪᠣᠯᠢᠵᠠᠢ᠃

ᠠᠷᠪᠠᠭᠠᠳ ᠵᠢᠯ᠎ᠤᠨ ᠡᠮᠦᠨ᠎ᠠ ᠡᠳᠡᠨ᠎ᠤ ᠬᠢ ᠨᠠᠭᠤᠷ᠎ᠠᠴᠠ᠎ᠪᠠᠨ ᠬᠣᠷᠣᠬᠠᠢ ᠲᠡᠭᠦᠭᠡᠳ ᠵᠢᠯ᠎ᠳᠡᠭᠡᠨ ᠠᠷᠪᠠ ᠭᠠᠷᠤᠢ ᠲᠦᠮᠡᠨ ᠲᠥᠭᠥᠷᠢᠭ᠎ᠤᠨ ᠣᠷᠣᠯᠭ᠎ᠠ ᠣᠯᠳᠠᠭ ᠪᠠᠢᠵᠠᠢ᠃ ᠡᠯᠡᠰᠤᠨ ᠨᠤᠳᠤᠬ᠎ᠤᠨ ᠮᠠᠯᠴᠢᠨ ᠠᠢᠯ ᠳ᠋ᠤ ᠠᠷᠪᠠᠨ ᠲᠦᠮᠡᠨ ᠲᠦᠬᠦᠷᠢᠭ᠎ᠤᠨ ᠤᠷᠤᠯᠭ᠎ᠠ ᠭᠡᠭᠴᠢ ᠪᠠᠭ᠎ᠠ ᠪᠢᠰᠢ᠂ ᠨᠡᠩ ᠴᠦ᠍ ᠵᠤᠨ᠎ᠤ ᠨᠢᠬᠡ ᠬᠤᠶᠠᠷᠬᠠᠨ ᠰᠠᠷ᠎ᠠ ᠳ᠋ᠤ ᠡᠢᠮᠦ ᠶᠡᠬᠡ ᠤᠯᠤᠨ᠎ᠠ ᠬᠡᠭᠴᠢ ᠠᠮᠠᠷ ᠦᠬᠡᠢ᠃ ᠬᠡᠪᠡᠴᠤ ᠨᠠᠭᠤᠷ ᠲᠦ᠍ ᠵᠢᠭᠠᠰᠤ ᠬᠤᠷᠤᠬᠠᠢ ᠪᠠᠢᠬᠤ ᠦᠬᠡᠢ ᠪᠤᠯ ᠨᠠᠭᠤᠷ ᠠᠮᠢᠵᠢᠷᠠᠯ ᠵᠢᠡᠨ ᠠᠯᠳᠠᠨ᠎ᠠ ᠭᠡᠳᠡᠭ᠎ᠢ ᠡᠳᠡᠨ᠎ᠤ ᠬᠢᠨ ᠬᠡᠢᠳᠡᠯ᠎ᠠ ᠮᠡᠳᠡᠨ᠎ᠠ᠃ ᠵᠤᠭᠤᠰ ᠪᠠ ᠨᠠᠭᠤᠷ ᠬᠡᠬᠦ ᠬᠤᠶᠠᠷ ᠰᠤᠩᠭᠤᠯᠳᠠ ᠵᠢᠨ ᠡᠮᠦᠨ᠎ᠠ᠂ ᠤᠷᠬᠢᠯ ᠬᠤᠶᠠᠳᠤᠭᠠᠷ᠎ᠢ ᠨᠢ ᠰᠤᠩᠭᠤᠪᠠ — ᠬᠣᠷᠣᠬᠠᠢ ᠲᠡᠭᠦᠬᠦ᠎ᠪᠠᠨ ᠬᠤᠶᠠᠷ ᠵᠢᠯ᠎ᠤᠨ ᠡᠮᠦᠨ᠎ᠠ ᠡᠴᠡ ᠲᠠᠰᠤ ᠵᠣᠭᠰᠣᠭᠰᠠᠨ ᠵᠢᠡᠷ ᠪᠠᠷᠠᠬᠤ ᠦᠬᠡᠢ᠂ ᠨᠠᠭᠤᠷ᠎ᠤᠨ ᠵᠡᠬᠡᠰᠤ ᠬᠤᠯᠤᠰᠤ ᠪᠠᠨ ᠬᠠᠳᠤᠬᠤ ᠪᠠᠨ ᠪᠠᠰᠠ ᠪᠤᠯᠢᠪᠠ᠃ ᠢᠩᠭᠢᠭᠰᠡᠨ᠎ᠤ ᠤᠯᠠᠮ᠎ᠢᠶᠠᠷ ᠨᠠᠭᠤᠷ᠎ᠤᠨ ᠬᠦᠪᠡᠭᠡ ᠪᠡᠷ ᠬᠤᠯᠤᠰᠤ ᠵᠡᠭᠡᠰᠦ ᠤᠯᠠᠮ ᠴᠦ᠍ ᠰᠠᠬᠤᠯᠢᠬ ᠤᠷᠭᠤᠵᠦ᠂ ᠨᠠᠭᠤᠷ᠎ᠤᠨ ᠤᠰᠤ ᠨᠡᠩ ᠲᠤᠩᠭᠠᠯᠠᠬᠰᠢᠵᠦ《ᠪᠥᠮᠪᠥᠷᠴᠡᠭ ᠤ᠋ᠨ ᠵᠢᠷᠦᠬᠡ》 ᠤᠯᠠᠮ ᠭᠤᠶᠤᠵᠢᠵᠠᠢ᠃

ᠲᠤᠰᠬᠠᠢ ᠮᠡᠷᠭᠡᠵᠢᠯᠲᠡᠨ ᠤᠷᠢᠵᠤ ᠨᠠᠭᠤᠷ ᠤ᠋ᠨ ᠬᠥᠪᠡᠭᠡᠨ ᠳ᠋ᠥ ᠶᠠᠮᠠᠷ ᠡᠪᠡᠰᠦ ᠤᠷᠭᠤᠮᠠᠯ᠂ ᠮᠣᠳᠣ᠌ ᠲᠠᠷᠢᠬᠤ ᠶ᠋ᠢ ᠰᠤᠳᠤᠯᠵᠦ᠂ ᠨᠠᠭᠤᠷ ᠵᠢᠡᠨ ᠤᠯᠠᠮ ᠰᠠᠢᠨ ᠬᠠᠮᠠᠭᠠᠯᠠᠨ᠂ ᠨᠠᠭᠤᠷ ᠤ᠋ᠨ ᠬᠡᠰᠢᠭ ᠵᠢᠡᠨ ᠦᠷ᠎ᠠ ᠬᠣᠢᠴᠢᠰ ᠲᠠᠭᠠᠨ ᠦᠪᠯᠡᠵᠦ ᠥᠭᠬᠦ ᠨᠢ ᠤᠷᠭᠢᠯ᠎ᠤᠨ ᠵᠢᠷᠦᠭᠡᠨ᠎ᠤ ᠲᠠᠩᠭᠠᠷᠢᠭ᠃

ᠡᠢᠮᠦ ᠬᠠᠲᠠᠭᠤ ᠣᠷᠴᠢᠨ᠂ ᠡᠯᠡᠰᠦᠨ ᠴᠦᠯ ᠳ᠋ᠥ ᠶᠠᠭᠠᠬᠢᠵᠤ ᠠᠮᠢᠳᠤᠷᠠᠵᠤ ᠢᠷᠡᠭᠰᠡᠨ ᠪᠤᠢ? ᠬᠡᠵᠦ ᠵᠢᠭᠤᠯᠴᠢᠯᠠᠬᠰᠠᠳ ᠤᠷᠬᠢᠯ ᠡᠴᠡ ᠳᠠᠩᠳᠠ ᠪᠠᠨ ᠠᠰᠠᠭᠤᠳᠠᠭ᠃

ᠤᠯᠠᠭᠠᠨᠨᠠᠭᠤᠷ ᠤ᠋ᠨ ᠡᠳᠡᠬᠡᠳ ᠰᠠᠢᠬᠠᠨ ᠥᠩᠭᠡ ᠦᠵᠡᠮᠵᠢ ᠲᠡᠳᠦᠢ ᠦᠬᠡᠢ᠂ ᠡᠯᠡᠰᠦᠨ ᠨᠤᠲᠤᠭ ᠤ᠋ᠨ ᠬᠥᠮᠥᠰ ᠤ᠋ᠨ ᠠᠵᠦ ᠠᠮᠢᠳᠤᠷᠠᠯ᠎ᠳᠤ ᠨᠢᠭᠤᠭᠳᠠᠵᠦ ᠪᠠᠢᠭ᠎ᠠ ᠴᠠᠭᠠᠨᠠᠬᠢ ᠵᠦᠢᠯ᠎ᠢ ᠠᠶᠠᠯᠠᠯ ᠵᠢᠭᠤᠯᠴᠢᠯᠠᠯ ᠳ᠋ᠤ ᠠᠭᠤᠰᠬᠠᠵᠤ ᠣᠷᠣᠭᠤᠯᠬᠤ ᠪᠤᠯ ᠤᠷᠬᠢᠯ᠎ᠤᠨ ᠠᠯᠤᠰ᠎ᠤᠨ ᠬᠠᠷᠠᠭ᠎ᠠ᠃

ᠮᠠᠯᠴᠢᠨ ᠵᠠᠯᠠᠭᠤ ᠵᠢᠨ ᠬᠦᠰᠡᠯ ᠪᠤᠳᠤᠯ᠎ᠢ ᠮᠡᠳᠡᠭᠰᠡᠨ ᠬᠡᠮᠡᠷᠬᠡᠨ ᠤᠯᠠᠭᠠᠨᠨᠠᠭᠤᠷ᠎ᠤᠨ ᠤᠰᠤ ᠡᠷᠭᠢ᠎ᠪᠠᠨ ᠲᠦᠯᠬᠢᠯᠡᠵᠦ  ᠴᠡᠯᠡᠯᠵᠡᠨ᠎ᠡ᠃




ᠤᠯᠠᠭᠠᠨᠨᠠᠭᠤᠷ᠎ᠤᠨ ᠤᠬᠠᠭᠠᠯᠢᠭ ᠦᠬᠢᠨ —  ᠠᠮᠢᠨ ᠨᠤᠲᠤᠭ ᠲᠠᠭᠠᠨ ᠬᠦᠯᠵᠢᠭᠰᠡᠨ ᠤᠶᠤᠨ ᠲᠠᠮᠢᠷ

—  ᠲᠡᠭᠷᠢ ᠡᠯᠡᠰᠤ ᠵᠢᠨ ᠲᠤᠳᠤᠷ᠎ᠠ ᠪᠠᠢᠳᠠᠬ ᠲᠡᠮᠡᠬᠡᠳᠤ ᠵᠢᠨ ᠨᠠᠭᠤᠷ ᠮᠢᠨᠢ ᠰᠠᠨᠠᠬᠳᠠᠨ᠎ᠠ᠃

— ᠬᠠᠷᠢᠨ ᠭᠡᠮ᠂ ᠭᠤᠷᠪᠠᠭᠤᠯᠠ ᠪᠠᠨ ᠨᠤᠲᠤᠭ ᠪᠤᠴᠠᠬᠤ᠎ᠤᠤ᠎ᠳᠠ᠃

ᠨᠤᠮᠢᠨ ᠢ᠋ ᠴᠡᠴᠡᠷᠯᠢᠭ ᠲᠣ᠌ ᠰᠠᠭᠤᠬᠤ ᠠ᠋ᠴᠠ ᠡᠮᠦᠨᠡᠬᠢ 2003 ᠤᠨ ᠤ᠋ ᠵᠤᠨ᠎ᠤ ᠨᠢᠬᠡ ᠤᠷᠤᠢ ᠡᠢᠮᠦᠷᠬᠦᠤ ᠶᠠᠷᠢᠶ᠎ᠠ ᠭᠤᠸᠠᠩᠳᠦ᠋ᠩ ᠮᠤᠵᠢ ᠵᠢᠨ ᠵᠠᠨᠵᠢᠶᠠᠩ᠎ᠬᠤᠳᠠ ᠵᠢᠨ ᠨᠢᠬᠡᠨ ᠵᠢᠵᠢᠭᠭᠡᠨ ᠲᠦᠷᠢᠶᠡᠰᠤᠨ ᠭᠡᠷ ᠲᠦ᠍ ᠪᠤᠯᠵᠦ ᠦᠩᠬᠡᠷᠡᠪᠡ᠃

ᠡᠯᠡᠰᠦᠨ ᠨᠤᠳᠤᠭ ᠲᠠᠭᠠᠨ ᠮᠠᠯᠵᠢᠵᠦ ᠠᠮᠢᠳᠤᠷᠠᠬᠤ ᠳ᠋ᠥ ᠤᠷᠤᠯᠭ᠎ᠠ ᠪᠠᠭᠠᠳᠠᠢ᠂ ᠠᠮᠢᠳᠤᠷᠠᠯ ᠬᠦᠴᠢᠷᠳᠡᠯᠳᠡᠢ ᠪᠠᠢᠭᠰᠠᠨ ᠪᠠᠢᠳᠠᠯ ᠵᠢᠡᠨ ᠬᠤᠪᠢᠷᠠᠭᠤᠯᠬᠤ ᠪᠡᠷ᠂ ᠲᠡᠬᠡᠷ᠎ᠠ ᠵᠠᠭᠤᠨ᠎ᠤ ᠶᠡᠷᠡᠬᠡᠳ ᠤᠨ᠎ᠤ ᠰᠡᠬᠦᠯᠴᠢ ᠪᠡᠷ ᠨᠤᠮᠢᠨ ᠤ᠋ ᠠᠪᠤ ᠪᠠᠲᠤᠳᠡᠯᠠᠢ ᠡᠵᠢ ᠪᠤᠤ ᠬᠤᠸᠠ ᠨᠢ ᠵᠠᠨᠵᠢᠶᠠᠩ ᠬᠤᠳᠠ ᠳ᠋ᠦ᠍ ᠲᠡᠮᠡᠭᠡ ᠪᠠᠨ ᠲᠡᠭᠡᠭᠡᠵᠦ ᠬᠦᠷᠦᠬᠡᠳ ᠵᠢᠭᠤᠯᠴᠢᠯᠠᠯ ᠤ᠋ᠨ ᠭᠠᠵᠠᠷ ᠲᠣ᠌ ᠲᠡᠮᠡᠬᠡ ᠬᠦᠲᠦᠯᠬᠦ᠂ ᠬᠡᠷᠡᠯ ᠵᠢᠷᠤᠬ ᠲᠠᠳᠠᠵᠦ ᠦᠭᠬᠦ ᠁ ᠮᠡᠳᠤ ᠵᠢᠨ ᠠᠵᠢᠯ ᠬᠢᠵᠦ ᠤᠷᠤᠯᠭ᠎ᠠ ᠪᠠᠨ ᠨᠡᠮᠡᠭᠳᠡᠬᠦᠯᠵᠦ ᠠᠮᠢᠳᠤᠷᠠᠯ ᠵᠢᠡᠨ ᠦᠬᠡᠳᠡ ᠲᠠᠳᠠᠬᠤ ᠪᠡᠷ ᠲᠡᠮᠡᠤᠯᠦᠭᠰᠡᠨ ᠪᠠᠢᠪᠠ᠃ ᠤᠷᠤᠯᠭ᠎ᠠ ᠤᠪᠤᠭ᠎ᠠ ᠵᠦᠬᠡᠷ᠂ ᠵᠢᠯ ᠴᠠᠭᠠᠨ ᠰᠠᠷ᠎ᠠ ᠪᠠᠷ ᠨᠢᠭᠡ ᠨᠤᠲᠤᠭ ᠪᠤᠴᠠᠳᠠᠭ ᠴᠦ᠍ ᠵᠢᠷᠦᠭᠡᠨ ᠤ᠋ ᠬᠦᠨ ᠳ᠋ᠡᠬᠡᠨ ᠨᠤᠲᠤᠭ ᠢ᠋ᠶ᠋ᠠᠨ ᠦᠬᠡᠢᠯᠡᠬᠦ ᠨᠢ ᠬᠡᠴᠡᠬᠦᠦ᠃ ᠤᠳᠠᠯ ᠦᠬᠡᠢ ᠡᠳᠡᠨ᠎ᠤ ᠬᠢᠨ ᠦᠯᠦᠭᠡᠢ ᠨᠤᠳᠤᠬ ᠠᠯᠠᠱᠠ ᠵᠡᠭᠦᠨ ᠬᠣᠰᠢᠭᠤᠨ ᠤ᠋ ᠪᠠᠶᠠᠨᠬᠣᠲᠠ ᠪᠠᠯᠭᠠᠰᠤᠨ ᠤ᠋ ᠲᠡᠮᠡᠭᠡᠲᠦ ᠭᠠᠴᠠᠭ᠎ᠠ  ᠲᠡᠢᠰᠢ ᠪᠠᠨ ᠵᠢᠯᠤᠭᠤ ᠰᠤᠩᠭᠠᠬᠰᠠᠨ ᠠᠵᠢ᠃

ᠤᠯᠠᠭᠠᠨᠨᠠᠭᠤᠷ ᠡᠴᠡ ᠬᠤᠢᠰᠢ ᠬᠡᠳᠦᠨ ᠭᠠᠵᠠᠷ᠎ᠤᠨ ᠵᠠᠢᠳᠠᠢ ᠲᠡᠮᠡᠭᠡᠲᠤ ᠶ᠋ᠢᠨ ᠨᠠᠭᠤᠷ ᠪᠠᠢᠳᠠᠬ᠃ ᠨᠤᠮᠢᠨ ᠤ᠋ ᠬᠢ ᠲᠡᠮᠡᠭᠡᠲᠤ ᠶ᠋ᠢᠨ ᠨᠠᠭᠤᠷ᠎ᠤᠨ ᠬᠠᠪᠢ ᠳ᠋ᠤ ᠦᠶ᠎ᠠ ᠵᠢᠨ ᠦᠶ᠎ᠠ ᠠᠮᠢᠳᠤᠷᠠᠭᠰᠠᠭᠠᠷ ᠢᠷᠡᠭᠰᠡᠨ ᠮᠠᠯᠴᠢᠨ ᠠᠢᠯ᠃ ᠤᠳᠤ ᠡᠳᠡᠨ ᠤ᠋ ᠬᠢ ᠨᠠᠭᠤᠷ ᠢ᠋ᠶ᠋ᠠᠨ ᠲᠦᠰᠢᠵᠦ ᠵᠢᠭᠤᠯᠴᠢᠯᠠᠯ ᠤ᠋ᠨ ᠦᠢᠯᠡᠰ ᠬᠦᠭᠵᠢᠬᠦᠯᠵᠦ ᠵᠢᠯ ᠤ᠋ᠨ ᠤᠷᠤᠯᠭ᠎ᠠ ᠵᠠᠭᠤᠨ ᠲᠦᠮᠡ ᠵᠢ ᠳᠠᠪᠠᠵᠦ ᠶᠠᠪᠤᠭ᠎ᠠ ᠠᠵᠢ᠃

ᠲᠡᠮᠡᠭᠡᠲᠤ ᠶ᠋ᠢᠨ ᠨᠠᠭᠤᠷ ᠡᠴᠡ ᠲᠠᠪᠤᠰᠤ ᠭᠠᠷᠳᠠᠬ᠎ᠢ ᠮᠡᠳᠡᠵᠦ ᠪᠠᠢᠭᠰᠠᠨ ᠠ᠋ᠴᠠ ᠪᠢᠰᠢ᠂ ᠡᠢᠮᠦ ᠤᠯᠠᠨ ᠵᠢᠭᠤᠯᠴᠢᠯᠠᠬᠴᠢ ᠢᠷᠡᠨ᠎ᠡ ᠭᠡᠵᠦ ᠨᠤᠮᠢᠨ᠎ᠤ ᠠᠷᠪᠠᠨ ᠵᠡᠬᠦᠳᠤᠨ ᠳ᠋ᠤ ᠴᠦ᠍ ᠤᠷᠤᠭ᠎ᠠ ᠦᠬᠡᠢ᠃ ᠨᠤᠮᠢᠨ᠎ᠤ ᠠᠪᠤ ᠡᠵᠢ ᠵᠢᠨ ᠬᠤᠪᠢ ᠳ᠋ᠤ ᠴᠦ᠍ ᠡᠢᠮᠦ ᠪᠠᠢᠯ᠎ᠠ᠃ ᠤᠯᠠᠭᠠᠨᠨᠠᠭᠤᠷ ᠢ᠋ ᠵᠤᠷᠢᠵᠦ ᠢᠷᠡᠭᠰᠡᠨ ᠬᠦᠮᠦᠰ ᠵᠠᠪᠠᠯ ᠲᠡᠮᠡᠭᠡᠲᠤ ᠶ᠋ᠢᠨ ᠨᠠᠭᠤᠷ ᠢ᠋ᠶ᠋ᠠᠷ ᠳᠠᠭᠠᠷᠢᠵᠦ ᠭᠠᠷᠳᠠᠭ᠃ ᠡᠢᠮᠦ ᠳ᠋ᠡᠬᠡᠨ 《ᠡᠨᠡ ᠴᠢᠨᠢ ᠪᠦᠷ ᠤᠯᠠᠭᠠᠨᠨᠠᠭᠤᠷ ᠤ᠋ᠨ ᠢᠪᠡᠭᠡᠯ》 ᠭᠡᠵᠦ ᠨᠤᠮᠢᠨ᠎ᠤ ᠬᠢᠨ ᠬᠡᠯᠡᠳᠡᠭ᠂ ᠲᠡᠭᠷᠢ ᠡᠯᠡᠰᠦᠨ ᠤ᠋ ᠬᠢᠨ ᠴᠦ᠍ ᠢᠩᠬᠢᠵᠦ ᠶᠠᠷᠢᠳᠠᠭ᠃

ᠲᠡᠮᠡᠬᠡᠳᠤ ᠵᠢᠨ ᠨᠠᠭᠤᠷ ᠭᠡᠭᠴᠢ ᠤᠯᠠᠭᠠᠨᠨᠠᠭᠤᠷ᠎ᠢ ᠪᠠᠭᠳᠠᠭᠠᠬᠰᠠᠨ ᠲᠠᠪᠤᠨ ᠨᠠᠭᠤᠷ ᠤ᠋ᠨ ᠨᠢᠭᠡ ᠪᠠᠢᠵᠦ᠂ ᠡᠬᠦᠨ ᠠ᠋ᠴᠠ ᠭᠠᠳᠠᠨ᠎ᠠ ᠤᠯᠠᠪᠤᠷ ᠦᠩᠭᠡ ᠲᠠᠢ ᠬᠢᠲ᠋ᠠᠷ ᠤ᠋ᠨ  ᠨᠠᠭᠤᠷ᠂ ᠬᠤᠨ ᠱᠤᠮᠪᠠᠭᠰᠠᠨ ᠬᠦᠬᠡ ᠦᠩᠭᠡ ᠲᠠᠢ ᠬᠤᠨᠳᠤ ᠨᠠᠭᠤᠷ ᠵᠡᠷᠭᠡ ᠢᠬᠡᠷ᠎ᠡ ᠲᠠᠪᠤᠨ ᠨᠠᠭᠤᠷ ᠪᠠᠷ᠎ᠠ ᠪᠠᠷ᠎ᠠ ᠪᠠᠨ ᠰᠠᠷᠠᠪᠴᠢᠯᠠᠵᠦ ᠡᠯᠡᠰᠦᠨ ᠨᠤᠲᠤᠭ ᠤ᠋ᠨ ᠤᠨᠴᠠᠭᠠᠢ ᠡᠲᠡᠭᠡᠳ ᠨᠢᠭᠡᠨ ᠦᠵᠡᠮᠵᠢ ᠪᠤᠯᠵᠦ᠂ ᠬᠤᠯᠠ ᠤᠢᠷ᠎ᠠ ᠶ᠋ᠢᠨ ᠵᠢᠭᠤᠯᠴᠢᠯᠠᠬᠰᠠᠳ᠎ᠤᠨ ᠬᠠᠷᠠᠭ᠎ᠠ ᠵᠢ ᠪᠠᠶᠠᠰᠬᠠᠵᠦ ᠰᠡᠳᠬᠢᠯ ᠢ᠋ ᠰᠡᠷᠭᠦᠭᠡᠨ᠎ᠡ᠃

ᠨᠤᠮᠢᠨ ᠤ᠋ ᠬᠢ ᠭᠤᠸᠠᠩᠳᠦ᠋ᠩ ᠠ᠋ᠴᠠ ᠪᠤᠴᠠᠵᠦ ᠢᠷᠡᠭᠡᠳ ᠠᠢᠮᠠᠭ ᠤ᠋ᠨ ᠲᠦᠪ ᠳᠡᠭᠡᠷ᠎ᠡ ᠪᠠᠨ ᠴᠢᠯᠠᠭᠤᠨ ᠤ᠋ ᠠᠷᠠᠯᠵᠢᠶ᠎ᠠ ᠬᠢᠵᠦ ᠪᠠᠢᠭᠰᠠᠨ ᠵᠢᠡᠨ᠂ ᠨᠠᠭᠤᠷ ᠤ᠋ᠨ ᠬᠦᠪᠡᠭᠡ ᠪᠠᠷ ᠵᠢᠭᠤᠯᠴᠢᠯᠠᠬᠰᠠᠳ ᠤ᠋ᠨ ᠲᠡᠷᠬᠡ ᠮᠠᠰᠢᠨ ᠳᠤᠷ᠎ᠠ ᠪᠠᠷ ᠢ᠋ᠶ᠋ᠠᠨ ᠤᠷᠤᠵᠦ ᠭᠠᠷᠤᠭᠠᠳ ᠪᠡᠯᠴᠢᠭᠡᠷ ᠤᠰᠤ ᠵᠢ ᠨᠢ ᠦᠬᠡᠢᠬᠢᠬᠦ ᠪᠠ ᠨᠠᠭᠤᠷ᠎ᠢ ᠨᠢ ᠪᠤᠬᠢᠷᠳᠤᠭᠤᠯᠬᠤ ᠵᠢ ᠰᠡᠷᠭᠡᠢᠯᠡᠨ ᠬᠤᠷᠢᠬᠯᠠᠬᠤ ᠪᠡᠷ᠂ ᠲᠠᠪᠤᠨ ᠵᠢᠯ ᠤ᠋ᠨ ᠡᠮᠦᠨ᠎ᠡ ᠡᠯᠡᠰᠤᠨ ᠨᠤᠲᠤᠭ ᠲᠠᠭᠠᠨ ᠪᠤᠴᠠᠵᠦ ᠢᠷᠡᠵᠡᠢ᠃ ᠲᠠᠪᠤᠨ ᠨᠠᠭᠤᠷ ᠲᠣ᠌ ᠵᠢᠭᠤᠯᠴᠢᠯᠠᠬᠤ ᠬᠦᠮᠦᠨ ᠠᠷᠪᠢᠳᠬᠤ ᠵᠢ ᠳᠠᠭᠠᠯᠳᠤᠨ 2022 ᠤᠨ ᠤ᠋ ᠨᠠᠮᠤᠷ ᠤ᠋ᠨ ᠰᠡᠬᠦᠯᠴᠢ ᠪᠡᠷ ᠲᠡᠳᠡᠨ ᠤ᠋ ᠬᠢ ᠲᠡᠮᠡᠭᠡᠲᠤ ᠶ᠋ᠢᠨ ᠨᠠᠭᠤᠷ ᠤ᠋ᠨ ᠬᠦᠪᠡᠭᠡᠨ ᠳ᠋ᠥ ᠬᠤᠶᠠᠷ ᠮᠤᠩᠭᠤᠯ ᠭᠡᠷ ᠪᠠᠷᠢᠵᠦ ᠵᠢᠭᠤᠯᠴᠢᠯᠠᠬᠰᠠᠳ ᠲᠦ᠍ ᠦᠢᠯᠡᠴᠢᠯᠡᠵᠦ ᠡᠬᠢᠯᠡᠵᠡᠢ᠃ ᠨᠢᠭᠡ ᠭᠡᠷ ᠲᠡᠬᠡᠨ ᠬᠤᠭᠤᠯᠠ ᠤᠮᠳᠠ ᠬᠢᠵᠦ ᠂ ᠨᠦᠬᠦᠭᠡ ᠭᠡᠷ ᠲᠡᠬᠡᠨ ᠵᠢᠭᠤᠯᠴᠢᠯᠠᠬᠰᠠᠳ ᠲᠦ᠍ ᠤᠮᠳᠠᠭᠠᠨ ᠬᠤᠳᠠᠯᠳᠤᠬᠰᠠᠨ ᠨᠢ ᠡᠨᠡ ᠠᠢᠯ᠎ᠤᠨ ᠲᠡᠮᠡᠭᠡᠲᠤ ᠵᠢᠨ ᠨᠠᠭᠤᠷ ᠤ᠋ᠨ ᠵᠢᠭᠤᠯᠴᠢᠯᠠᠯ ᠤ᠋ᠨ ᠠᠩᠬᠠᠨ ᠤ᠋ ᠭᠠᠷᠤᠭ᠎ᠠ ᠪᠤᠯᠤᠭᠰᠠᠨ ᠶᠤᠮ᠃ 

— ᠬᠦᠮᠦᠨ᠎ᠤ ᠨᠤᠳᠤᠬ ᠲᠦ᠍ ᠲᠡᠮᠡᠭᠡ ᠬᠦᠲᠦᠯᠬᠦ ᠵᠢ ᠪᠤᠳᠤᠪᠠᠯ᠂ ᠭᠡᠷ ᠤ᠋ᠨ ᠢ᠋ᠶ᠋ᠠᠨ ᠡᠭᠦᠳᠡᠨ ᠳ᠋ᠥ ᠵᠢᠭᠤᠯᠴᠢᠯᠠᠯ ᠬᠢᠬᠦ ᠭᠡᠵᠦ ᠶᠤᠰᠤᠳᠠᠢ ᠭᠤᠶᠤ ᠶᠤᠮ ᠪᠠᠢᠨ᠎ᠠ᠃

—  ᠨᠤᠲᠤᠭ ᠤ᠋ᠨ ᠪᠤᠶᠠᠨ ᠶᠤᠮ ᠳᠠ᠃

ᠲᠡᠮᠡᠭᠡᠲᠤ ᠶ᠋ᠢᠨ ᠨᠠᠭᠤᠷ ᠲᠣ᠌ ᠲᠡᠮᠡᠭᠡ ᠬᠦᠳᠦᠯᠦᠬᠡᠳ ᠬᠤᠶᠠᠷ ᠵᠢᠯ ᠭᠠᠷᠤᠢ ᠪᠤᠯᠵᠦ ᠪᠠᠢᠭ᠎ᠠ ᠡᠷᠳᠡᠨᠢᠪᠢᠯᠢᠭ ᠪᠤᠤ ᠬᠤᠸᠠ ᠲᠠᠢ ᠬᠠᠭᠤᠴᠢ ᠬᠦᠬᠡᠷᠦᠨ᠎ᠡ᠃

ᠡᠷᠳᠡᠨᠢᠪᠢᠯᠢᠭ ᠪᠤᠯ ᠠᠯᠠᠱᠠ ᠪᠠᠷᠠᠭᠤᠨ ᠬᠤᠰᠢᠭᠤᠨ ᠤ᠋ ᠪᠠᠶᠠᠨᠭᠤᠤᠯ ᠰᠤᠮᠣᠨ ᠤ᠋ ᠰᠤᠪᠤᠷᠭ᠎ᠠ ᠭᠠᠴᠠᠭ᠎ᠠ ᠪᠠᠷ ᠨᠤᠲᠤᠭ ᠲᠠᠢ ᠲᠡᠮᠡᠭᠡᠴᠢᠨ ᠵᠠᠯᠠᠭᠤ᠃ 2024 ᠤᠨ ᠠ᠋ᠴᠠ ᠨᠤᠮᠢᠨ ᠤ᠋ ᠬᠢ ᠲᠡᠮᠡᠭᠡ ᠤᠨᠤᠭᠤᠯᠵᠦ ᠨᠠᠭᠤᠷ ᠲᠤᠭᠤᠷᠢᠭᠤᠯᠬᠤ ᠦᠢᠯᠡᠴᠢᠯᠡᠭᠡ ᠭᠠᠷᠭᠠᠬᠰᠠᠨ ᠠ᠋ᠴᠠ ᠲᠡᠷᠡ 20 ᠭᠠᠷᠤᠢ ᠲᠡᠮᠡᠭᠡ ᠪᠠᠨ ᠬᠦᠳᠦᠯᠵᠦ ᠢᠷᠡᠭᠡᠳ ᠤᠪᠤᠭ᠎ᠠ ᠤᠯᠵᠠ ᠤᠮᠤᠭ ᠲᠠᠢ ᠶᠠᠪᠤᠭ᠎ᠠ ᠨᠢ ᠡᠨᠡ᠃

ᠲᠡᠮᠡᠭᠡᠲᠤ ᠶ᠋ᠢᠨ ᠨᠠᠭᠤᠷ ᠤ᠋ᠨ ᠬᠦᠪᠡᠭᠡᠨ ᠳ᠋ᠥ ᠲᠡᠮᠡᠭᠡ ᠤᠨᠤᠵᠦ᠂ ᠡᠯᠡᠰᠤ ᠤᠰᠤᠨ᠎ᠤ ᠦᠵᠡᠮᠵᠢ ᠰᠤᠨᠢᠷᠬᠠᠵᠦ ᠵᠢᠷᠤᠭ ᠰᠡᠭᠦᠳᠡᠷ ᠲᠠᠲᠠᠭᠤᠯᠤᠭᠰᠠᠨ ᠬᠦᠮᠦᠰ ᠨᠤᠮᠢᠨ᠎ᠤ ᠢᠩᠭᠡᠨ ᠰᠦ ᠶ᠋ᠢᠨ ᠪᠦᠲᠦᠭᠡᠭᠳᠡᠬᠦᠨ ᠤ᠋ ᠳᠡᠯᠭᠡᠭᠦᠷ ᠲᠣ᠌ ᠤᠷᠤᠵᠤ ᠲᠤᠭᠤᠷᠢᠵᠠᠭᠠᠨ᠎ᠠ᠃ ᠡᠨᠡ ᠪᠤᠯ ᠨᠤᠮᠢᠨ ᠤ᠋ ᠡᠨᠡ ᠵᠢᠯ ᠨᠡᠮᠡᠵᠦ ᠲᠤᠬᠢᠷᠠᠭᠤᠯᠤᠭᠰᠠᠨ ᠢᠩᠭᠡᠨ ᠰᠦ ᠶ᠋ᠢᠨ ᠪᠦᠲᠦᠭᠡᠭᠳᠡᠬᠦᠨ ᠤ᠋ ᠳᠡᠯᠭᠡᠭᠦᠷ᠂ ᠱᠤᠷᠤᠯᠠᠭ ᠵᠡᠷᠭᠡ ᠰᠢᠨ᠎ᠠ ᠦᠢᠯᠡᠴᠢᠯᠡᠭᠡ ᠶ᠋ᠢᠨ ᠭᠠᠵᠠᠷ ᠶᠤᠮ᠃ ᠳᠤᠷᠠᠳᠬᠤ ᠡᠴᠡ᠂ ᠡᠨᠡ ᠵᠢᠯ ᠤ᠋ᠨ 9 ᠰᠠᠷ᠎ᠠ ᠳ᠋ᠥ ᠠᠯᠠᠱᠠ ᠠᠢᠮᠠᠭ 《ᠳᠡᠯᠡᠬᠡᠢ ᠶ᠋ᠢᠨ ᠢᠩᠭᠡᠨ ᠰᠦ ᠶ᠋ᠢᠨ ᠬᠤᠳᠠ》 ᠪᠠᠷ ᠨᠡᠷᠡᠢᠲᠦᠭᠳᠡᠭᠰᠡᠨ ᠨᠢ ᠨᠤᠮᠢᠨ᠎ᠤ ᠲᠡᠮᠡᠬᠡᠨ᠎ᠤ ᠠᠰᠢᠬ ᠰᠢᠮ᠎ᠠ ᠪᠠᠨ ᠬᠦᠢᠴᠡᠳ ᠠᠰᠢᠬᠯᠠᠵᠦ ᠦᠷᠳᠡᠭ᠎ᠢ ᠨᠢ ᠨᠡᠮᠡᠭᠳᠡᠬᠦᠯᠬᠦ ᠵᠤᠷᠢᠬ᠎ᠢ ᠨᠢ ᠤᠯᠠᠮ ᠴᠢᠩᠭᠠᠯᠠᠬᠰᠠᠨ ᠠᠵᠢ᠃

ᠪᠦᠷᠦᠢ ᠲᠠᠰᠤᠷᠠᠵᠦ ᠵᠢᠭᠤᠯᠴᠢᠯᠠᠬᠰᠠᠳ᠎ᠤᠨ ᠬᠦᠯ ᠬᠤᠷᠢᠶᠠᠬᠳᠠᠵᠦ ᠡᠬᠢᠯᠡᠬᠦ ᠪᠠᠷ ᠨᠤᠮᠢᠨ ᠰᠢᠨᠡᠬᠡᠨ ᠪᠠᠷᠢᠭ᠍ᠰᠠᠨ ᠭᠡᠷ ᠵᠦᠭ ᠢ᠋ᠶ᠋ᠠᠨ ᠮᠠᠰᠢᠨ ᠲᠠᠢ ᠳᠠᠪᠬᠢᠭᠤᠯᠪᠠ᠃ ᠦᠨᠦᠳᠦᠷ ᠲᠡᠷᠡ ᠠᠢᠮᠠᠭ ᠤ᠋ᠨ ᠲᠦᠪ ᠠ᠋ᠴᠠ ᠪᠠᠷᠠᠭ᠎ᠠ ᠤᠷᠤᠭᠤᠯᠬᠤ ᠪᠠᠷ ᠶᠠᠪᠤᠬᠤ ᠳ᠋ᠠᠭᠠᠨ ᠰᠢᠨ᠎ᠡ ᠭᠡᠷ ᠲᠡᠭᠡᠨ ᠡᠳ᠋ᠯᠠᠯ ᠬᠡᠷᠡᠭᠰᠡᠯ ᠠᠪᠤᠭᠰᠠᠨ ᠪᠠᠢᠪᠠ᠃ ᠡᠮᠦᠨ᠎ᠡ ᠬᠡᠳᠦᠨ ᠵᠢᠯ ᠲᠡᠳᠡᠨ ᠤ᠋ ᠰᠠᠭᠤᠵᠦ ᠪᠠᠢᠭᠰᠠᠨ ᠰᠢᠪᠠᠷ ᠪᠠᠢᠰᠢᠩ ᠨᠢ ᠮᠠᠭᠤᠳᠠᠵᠦ ᠨᠤᠷᠠᠭᠰᠠᠨ ᠳ᠋ᠥ᠂ ᠵᠢᠭᠤᠯᠴᠢᠯᠠᠯ ᠬᠢᠵᠦ ᠤᠯᠤᠭᠰᠠᠨ ᠤᠷᠤᠯᠭ᠎ᠠ ᠪᠠᠷ ᠵᠢᠡᠨ ᠴᠤ ᠰᠢᠨ᠎ᠠ ᠭᠤᠷᠪᠠᠨ ᠲᠠᠰᠤᠯᠭ᠎ᠠ ᠲᠤᠭᠤᠰᠬᠠᠨ ᠪᠠᠢᠰᠢᠩ ᠪᠠᠷᠢᠵᠦ ᠰᠠᠭᠤᠭᠠᠳ᠂ ᠡᠵᠢ ᠠᠪᠤ ᠵᠢᠨ ᠵᠢᠡᠨ ᠦᠷᠴᠢᠯᠡᠭᠡᠰᠤ ᠲᠦᠬᠦᠷᠦᠭᠰᠡᠨ ᠮᠠᠩᠨᠠᠢ ᠵᠢ ᠨᠢ ᠭᠠᠢᠭᠤᠢ ᠨᠢᠬᠡ ᠲᠡᠨᠢᠢᠯᠬᠡᠵᠡᠢ᠃

ᠰᠢᠵᠢᠷᠳᠦᠬᠦ ᠨᠠᠷᠠᠨ ᠤ᠋ ᠲᠤᠶᠠᠭᠠᠨ ᠳ᠋ᠥ ᠰᠢᠷᠠᠯᠵᠢ ᠵᠢᠨ ᠦᠩᠭᠡ ᠤᠯᠠᠮ ᠬᠤᠷᠴᠠᠬᠠᠨ ᠬᠠᠷᠠᠬᠳᠠᠨ᠎ᠠ᠃ ᠡᠳᠡᠨ᠎ᠤ ᠬᠢᠨ᠎ᠤ ᠨᠤᠲᠤᠭ ᠪᠤᠴᠠᠵᠦ ᠢᠷᠡᠬᠦ ᠳ᠋ᠡᠬᠡᠨ ᠲᠠᠷᠢᠭ᠍ᠰᠠᠨ ᠰᠢᠷᠠᠯᠵᠢ ᠨᠢ ᠤᠳᠤ ᠦᠪᠴᠢ ᠨᠤᠭᠤᠭᠠᠨ ᠬᠦᠷᠮ᠎ᠡ ᠰᠢᠤᠬᠠᠨ ᠠᠯᠤᠰ ᠠ᠋ᠴᠠ ᠰᠢᠷᠭᠠᠯᠳᠤᠨ ᠬᠠᠷᠠᠭᠳᠠᠨ᠎ᠠ᠃ ᠰᠢᠷᠠᠯᠵᠢ ᠶ᠋ᠢᠨ ᠲᠠᠯᠠᠪᠠᠢ ᠪᠠᠨ ᠦᠷᠭᠡᠳᠭᠡᠵᠦ  ᠲᠡᠮᠡᠭᠡᠲᠤ ᠶ᠋ᠢᠨ ᠨᠠᠭᠤᠷ ᠬᠠᠪᠢ ᠵᠢᠨ ᠡᠯᠡᠰᠦ ᠵᠢ ᠬᠠᠰᠢᠵᠦ ᠲᠤᠭᠲᠠᠪᠤᠷᠢᠵᠢᠭᠤᠯᠬᠤ ᠨᠢ ᠨᠤᠮᠢᠨ ᠤ᠋ ᠲᠠᠷᠠᠭᠠᠴᠢ ᠵᠢᠨ ᠲᠦᠰᠦᠪ ᠠᠵᠢ᠃ 




ᠤᠯᠠᠭᠠᠠᠨᠠᠭᠤᠷ᠎ᠤᠨ ᠠᠵᠢᠯᠰᠠᠭ ᠵᠠᠯᠠᠭᠤ —  ᠨᠤᠳᠤᠬ ᠤᠰᠤ ᠪᠠᠨ ᠬᠠᠮᠠᠭᠠᠯᠠᠭᠰᠠᠨ ᠠᠷᠢᠭᠤᠨ ᠬᠦᠳᠡᠯᠮᠤᠷᠢ

ᠨᠠᠷᠠᠨ ᠵᠢᠷᠭᠠᠵᠦ ᠴᠤᠬᠢᠶᠠᠨ ᠤ᠋ ᠤᠷᠤᠢᠳ ᠰᠢᠵᠢᠷ ᠠᠯᠳᠠᠨ ᠳ᠋ᠥ ᠬᠤᠴᠢᠭ᠍ᠳᠠᠭᠰᠠᠨ ᠭᠡᠮᠡᠷ ᠭᠤᠶᠤᠬᠠᠨ ᠬᠠᠷᠠᠬᠳᠠᠵᠦ᠂  ᠵᠢᠭᠤᠯᠴᠢᠯᠠᠬᠰᠠᠳ ᠬᠦᠯ ᠠᠮᠠᠷᠠᠵᠦ ᠡᠯᠡᠰᠦᠨ ᠨᠤᠲᠤᠭ ᠤ᠋ᠨ ᠰᠦᠨᠢ ᠶ᠋ᠢᠨ ᠨᠠᠮ ᠬᠦᠮ ᠢ᠋ ᠪᠡᠶ᠎ᠠ ᠰᠡᠳᠬᠢᠯ ᠵᠢᠡᠷ ᠵᠢᠡᠨ ᠮᠡᠳᠡᠷᠡᠵᠦ ᠭᠠᠷᠤᠨ᠎ᠠ᠃

ᠤᠭᠤᠳᠠ ᠪᠠᠷᠢᠵᠦ ᠨᠠᠭᠤᠷ ᠡᠯᠡᠰᠤᠨ᠎ᠤ ᠬᠠᠪᠢ ᠵᠢᠨ ᠬᠤᠭ ᠢ᠋ ᠲᠡᠬᠦᠵᠦ ᠶᠠᠪᠤᠭ᠎ᠠ ᠨᠢᠬᠡ ᠬᠦᠮᠦᠨ᠎ᠤ ᠡᠳᠦᠷ᠎ᠤᠨ ᠠᠵᠢᠯ ᠤᠳᠤ ᠰᠠᠶᠢ ᠵᠠᠪᠰᠠᠷᠯᠠᠬᠤ ᠠᠶᠠᠳᠠᠪᠠ᠃ ᠡᠨᠡ ᠡᠳᠦᠷ ᠨᠢᠭᠡᠨᠳᠡ 10 ᠪᠦᠳᠦᠬᠦᠨ ᠤᠭᠤᠳᠠ ᠬᠤᠭ ᠲᠡᠭᠦᠭᠰᠡᠨ ᠲᠡᠷᠡ ᠨᠢᠷᠤᠭᠤ ᠪᠠᠨ ᠨᠢᠬᠡ ᠰᠠᠢᠨ ᠲᠡᠨᠢᠢᠯᠭᠡᠵᠤ ᠠᠪᠬᠤ ᠳ᠋ᠤ᠂  ᠴᠢᠷᠠᠢ ᠳ᠋ᠤᠨᠢ ᠠᠯᠵᠢᠶᠠᠬᠰᠠᠨ ᠶᠠᠩᠵᠦ ᠢᠯᠡᠬᠡᠨ᠃

ᠡᠨᠡ ᠬᠦᠮᠦᠨ ᠢ᠋ ᠦᠯᠵᠡᠢᠴᠤᠭᠲᠤ ᠭᠡᠳᠡᠭ᠃ ᠠᠯᠠᠱᠠ ᠵᠡᠬᠦᠨ ᠬᠤᠰᠢᠭᠤᠨ ᠤ᠋ ᠵᠢᠷᠠᠳᠠᠢ ᠪᠠᠯᠭᠠᠰᠤᠨ ᠤ᠋ ᠬᠠᠲᠠᠭᠤᠬᠤᠳᠳᠤᠭ ᠭᠠᠴᠠᠭᠠᠨ ᠤ᠋ ᠮᠠᠯᠴᠢᠨ᠃ 2024 ᠤᠨ ᠤ᠋ ᠬᠠᠪᠤᠷ ᠡᠴᠡ ᠤᠯᠠᠭᠠᠨᠨᠠᠭᠤᠷ ᠤ᠋ᠨ ᠵᠢᠭᠤᠯᠴᠢᠯᠠᠯ ᠤ᠋ᠨ ᠭᠠᠵᠠᠷ ᠲᠣ᠌ ᠲᠤᠭᠤᠭᠠᠴᠢ ᠶ᠋ᠢᠨ ᠠᠵᠢᠯ ᠬᠢᠵᠦ ᠡᠬᠢᠯᠡᠭᠰᠡᠨ ᠲᠡᠬᠦᠨ᠎ᠳᠤ ᠠᠪᠴᠤ ᠬᠡᠯᠡᠪᠡᠯ᠂ ᠨᠠᠭᠤᠷ ᠤ᠋ᠨ ᠬᠦᠪᠡᠭᠡᠨ ᠤ᠋ ᠬᠤᠭ ᠢ᠋ ᠲᠡᠬᠦᠵᠦ ᠴᠡᠪᠡᠷᠯᠡᠬᠦ ᠪᠤᠯ ᠲᠡᠬᠦᠨ ᠤ᠋ ᠴᠢᠯᠦᠭᠡ ᠵᠠᠪ ᠢ᠋ᠶ᠋ᠠᠷ ᠢ᠋ᠶ᠋ᠠᠷ ᠰᠠᠢᠨ ᠳᠤᠷ᠎ᠠ ᠠ᠋ᠴᠠ ᠪᠠᠨ ᠬᠢᠳᠡᠭ ᠠᠵᠢᠯ ᠶᠤᠮ᠃ ᠲᠡᠬᠦᠨ᠎ᠳᠤ ᠬᠤᠬ ᠲᠡᠬᠦᠬᠦ ᠠᠵᠢᠯ ᠲᠠᠭᠠᠭᠠᠯᠭᠠᠬᠰᠠᠨ ᠬᠦᠮᠦᠨ ᠦᠬᠡᠢ᠃ ᠤᠯᠠᠭᠠᠨᠨᠠᠭᠤᠷ ᠲᠦ᠍ ᠵᠢᠭᠤᠯᠴᠢᠯᠠᠬᠰᠠᠳ ᠴᠦᠬᠡᠨ ᠤᠯᠠᠷᠢᠯ ᠳ᠋ᠥ ᠴᠦ᠍ ᠡᠳᠦᠷ ᠤ᠋ᠨ ᠬᠤᠶᠠᠷ ᠭᠤᠷᠪᠠᠨ ᠤᠭᠤᠳᠠ ᠬᠤᠭ ᠭᠠᠷᠴᠦ᠂ ᠬᠦᠮᠦᠨ ᠬᠠᠷ᠎ᠠ ᠠᠷᠪᠢᠨ ᠢᠷᠡᠳᠡᠭ   《5·1》᠂ 《10·1》 ᠂ ᠵᠤᠨ᠎ᠤ ᠠᠮᠠᠷᠠᠯᠳᠠ ᠵᠢᠨ ᠦᠶ᠎ᠡ᠎ᠳᠤ ᠪᠤᠯ ᠡᠳᠦᠷ᠎ᠤᠨ ᠲᠠᠪᠢ ᠵᠢᠷᠠᠨ ᠤᠭᠤᠳᠠ ᠬᠤᠭ ᠭᠠᠷᠳᠠᠭ ᠪᠤᠯᠬᠤᠷ ᠡᠳᠦᠷ᠎ᠤᠨ ᠡᠳᠦᠷ ᠲᠤᠨᠢ ᠠᠮᠵᠢᠭᠤᠯᠵᠤ ᠲᠡᠬᠦᠵᠦ ᠴᠡᠪᠡᠷᠯᠡᠬᠦ ᠦᠬᠡᠢ ᠪᠤᠯ ᠬᠣᠭ᠎ᠨᠤᠪᠰᠢ ᠬᠦᠭᠯᠡᠷᠡᠬᠦ ᠨᠢ ᠲᠡᠷᠡ᠃

ᠨᠠᠮᠤᠷ᠎ᠤᠨ ᠨᠠᠯᠠᠭᠠᠷᠬᠠᠨ ᠡᠳᠦᠷ ᠪᠤᠯ ᠪᠠᠰᠠ ᠭᠠᠢᠭᠤᠢ᠃ ᠬᠠᠭᠠᠰ ᠲᠠᠢ ᠬᠤᠭᠤᠰ ᠲᠠᠢ ᠬᠠᠪᠤᠷ ᠤ᠋ᠨ ᠲᠡᠭᠷᠢ ᠭᠡᠳᠡᠭᠴᠢᠯᠡᠨ᠂ ᠲᠦᠷᠦᠬᠦᠭᠡᠨ ᠲᠤᠪ ᠲᠤᠩᠭᠠᠯᠠᠭ ᠪᠠᠢᠭᠰᠠᠨ ᠲᠡᠭᠷᠢ ᠬᠠᠷᠠᠵᠦ ᠪᠠᠢᠳᠠᠯ᠎ᠠ ᠰᠠᠯᠬᠢᠯᠠᠴᠢᠬᠠᠳᠠᠭ ᠬᠠᠪᠤᠷ ᠴᠠᠭ ᠲᠦ᠍ ᠶᠤᠰᠤᠳᠠᠢ ᠦᠯᠵᠡᠢᠴᠤᠭᠲᠤ ᠵᠢᠨ ᠦᠢᠯᠡ ᠵᠢ ᠦᠵᠡᠨ᠎ᠠ᠃ ᠡᠢᠮᠦ ᠳ᠋ᠡᠬᠡᠨ ᠵᠢᠭᠤᠯᠴᠢᠯᠠᠬᠰᠠᠳ᠎ᠤᠨ ᠵᠠᠬᠢᠶᠠᠯᠠᠭᠰᠠᠨ ᠬᠤᠭᠤᠯᠠ ᠤᠮᠳᠠ ᠵᠢ ᠪᠠᠵᠠᠭᠠᠬᠤ ᠵᠠᠭᠤᠷ᠎ᠠ ᠪᠠᠨ ᠴᠤᠩᠬᠤ ᠪᠠᠷ ᠪᠠᠢᠨ ᠪᠠᠢᠨ ᠭᠠᠳᠠᠬᠰᠢ ᠬᠠᠷᠠᠵᠦ᠂ ᠬᠡᠢᠰᠴᠤ ᠢᠷᠡᠬᠦ ᠬᠢᠯᠠᠭᠠᠷ ᠤᠭᠤᠳᠠ ᠵᠡᠷᠬᠡ ᠵᠢ ᠠᠩᠬᠠᠷᠳᠠᠬ ᠨᠢ ᠲᠡᠬᠦᠨ᠎ᠤ 《ᠠᠵᠢᠯ᠎ᠤᠨ ᠬᠡᠮ》 ᠬᠡᠯᠳᠡᠢ᠃ ᠵᠠᠷᠢᠮ ᠳ᠋ᠠᠭᠠᠨ ᠬᠤᠭᠤᠯᠠ ᠪᠠᠨ ᠬᠢᠵᠦ ᠪᠠᠷᠠᠬᠤ ᠲᠠᠢ ᠤᠤ ᠦᠬᠡᠢ᠎ᠤᠤ᠂ ᠶᠠᠭᠠᠷᠠᠤ ᠰᠠᠠᠳᠤᠷᠤᠤ ᠱᠤᠬᠰᠢᠵᠦ ᠭᠠᠷᠤᠭᠠᠳ ᠬᠦᠭᠯᠡᠷᠡᠵᠦ ᠶᠠᠪᠤᠬᠤ ᠬᠤᠬ᠎ᠢ ᠲᠡᠭᠦᠵᠦ ᠭᠠᠷᠤᠨ᠎ᠠ᠃

— ᠬᠤᠷᠳᠤᠨ ᠲᠡᠬᠦᠵᠦ ᠠᠪᠬᠤ ᠦᠬᠡᠢ ᠪᠤᠯ ᠠᠢᠯ ᠠᠮᠢᠲᠠᠨ ᠤ᠋ ᠮᠠᠯ ᠲᠡᠮᠡᠭᠡ ᠢᠳᠡᠨ᠎ᠡ᠂ ᠠᠶᠠᠭᠦᠢ ᠪᠤᠯ ᠵᠡᠬᠦᠨ ᠡᠮᠦᠨ᠎ᠡ ᠠ᠋ᠴᠠ ᠰᠠᠯᠬᠢᠯᠠᠬᠤ ᠳ᠋ᠥ ᠪᠤᠴᠠᠨ ᠬᠡᠢᠰᠴᠦ ᠢᠷᠡᠭᠡᠳ ᠨᠠᠭᠤᠷ ᠲᠣ᠌ ᠤᠷᠤᠴᠢᠬᠠᠨ᠎ᠠ᠃

ᠦᠯᠵᠡᠢᠴᠤᠭᠲᠤ ᠵᠢᠨ ᠲᠠᠭᠤ ᠦᠬᠡᠢ ᠮᠤᠩᠭᠠᠨᠢᠵᠦ ᠪᠠᠢᠬᠤ ᠵᠢ ᠨᠢ ᠬᠠᠷᠠᠬᠰᠠᠨ ᠵᠢᠭᠤᠯᠴᠢᠯᠬᠠᠰᠠᠳ᠎ᠤᠨ ᠵᠠᠷᠢᠮ ᠨᠢ ᠭᠠᠷ᠎ᠤᠨ ᠠᠶ᠎ᠠ ᠪᠡᠷ ᠵᠢᠡᠨ ᠬᠠᠶᠠᠭᠰᠠᠨ ᠬᠤᠭ ᠢ᠋ᠶ᠋ᠠᠨ ᠲᠡᠬᠦᠵᠦ ᠠᠪᠬᠤ ᠴᠦ᠍ ᠪᠠᠢᠳᠠᠬ᠃ ᠬᠠᠷᠢᠨ ᠬᠡᠳᠦᠨ ᠠᠷᠪᠠᠨ ᠲᠦᠮᠡ ᠪᠡᠷ ᠬᠦᠷᠴᠤ ᠢᠷᠡᠬᠦ ᠵᠢᠭᠤᠯᠴᠢᠯᠠᠬᠰᠠᠳ᠎ᠤᠨ ᠲᠤᠷ᠎ᠠ ᠪᠡᠷ ᠬᠠᠶᠠᠬᠤ ᠬᠤᠬ ᠶᠡᠷᠦ ᠨᠢ ᠲᠠᠰᠤᠷᠠᠳᠠᠬ ᠦᠬᠡᠢ ᠬᠤᠢᠨ᠎ᠠ᠂ ᠲᠡᠷᠡ ᠶᠡᠷᠦ ᠨᠢ ᠶᠠᠭᠠᠷᠠᠤ ᠬᠡᠪ ᠵᠢᠡᠷ ᠵᠢᠡᠨ᠃

ᠦᠯᠵᠡᠢᠴᠤᠭᠲᠤ ᠭᠤᠳᠤᠯᠢ ᠲᠠᠮᠠᠬᠢᠨ ᠤ᠋ ᠶᠣᠵᠣᠭᠣᠷ ᠢ᠋ ᠴᠦ᠍ ᠦᠯᠡᠳᠡᠭᠡᠯ ᠦᠬᠡᠢ ᠨᠢᠮᠪᠠᠢ ᠲᠡᠭᠦᠳᠡᠭ᠃ ᠤᠴᠢᠷ ᠨᠢ ᠦᠵᠡᠬᠦ ᠳ᠋ᠤ ᠶᠠᠯᠢᠮ ᠦᠬᠡᠢ ᠴᠦ᠍ ᠤᠯᠠᠳᠠᠭᠠᠳ ᠢᠷᠡᠪᠡᠯ ᠡᠨᠳᠡ ᠲᠡᠨᠳᠡ ᠦᠬᠡᠢ ᠬᠦᠭᠯᠡᠷᠡᠵᠦ ᠮᠡᠳᠡᠬᠦ ᠬᠤᠬ ᠨᠤᠪᠰᠢ ᠨᠠᠭᠤᠷ ᠲᠡᠳᠦᠢ ᠦᠬᠡᠢ᠂ ᠡᠯᠡᠰᠤ ᠵᠢ ᠪᠤᠬᠢᠷᠳᠠᠭᠤᠯᠬᠤ ᠡᠴᠡ ᠲᠡᠷᠡ ᠰᠡᠳᠬᠢᠯ᠎ᠤᠨ ᠤᠬ ᠡᠴᠡ ᠪᠠᠨ ᠵᠤᠪᠠᠳᠠᠬ ᠬᠡᠨ᠎ᠠ᠃

ᠦᠯᠵᠡᠢᠴᠤᠭᠲᠤ ᠶ᠋ᠢᠨ ᠨᠦᠯᠦᠭᠡ ᠪᠡᠷ᠂ ᠲᠡᠬᠦᠨ᠎ᠤ ᠬᠦᠦ ᠠᠳᠤᠭᠤᠴᠢᠨ ᠵᠤᠨ᠎ᠤ ᠠᠮᠠᠷᠠᠯᠳᠠ ᠵᠢᠨ ᠦᠶ᠎ᠠ ᠪᠡᠷ ᠠᠪᠤ ᠵᠢᠨ ᠵᠢᠡᠨ ᠲᠡᠷᠬᠡᠳᠡ ᠢᠷᠡᠪᠡᠯ᠂ ᠠᠪᠤ ᠵᠢᠨ ᠵᠢᠡᠨ ᠬᠤᠬ ᠲᠡᠬᠦᠳᠡᠭ ᠤᠭᠤᠳᠠ ᠵᠢ ᠴᠢᠷᠴᠤ ᠬᠠᠪᠴᠢᠭᠤᠷ ᠪᠠᠷᠢᠭᠠᠳ ᠤᠯᠠᠭᠠᠨᠨᠠᠭᠤᠷ᠎ᠤᠨ ᠬᠠᠪᠢ ᠪᠡᠷ ᠬᠤᠭ ᠲᠡᠬᠦᠵᠦ ᠶᠠᠪᠤᠳᠠᠬ ᠨᠢ ᠲᠠᠩᠳᠠ ᠬᠠᠷᠠᠬᠳᠠᠳᠠᠬ᠃ ᠠᠯᠠᠱᠠ ᠵᠡᠬᠦᠨ ᠬᠤᠰᠢᠭᠤᠨ ᠤ᠋ ᠬᠤᠶᠠᠳᠤᠭᠠᠷ ᠳᠤᠮᠳᠠᠳᠤ ᠰᠤᠷᠭᠠᠭᠤᠯᠢ ᠵᠢᠨ  ᠳᠤᠯᠤᠳᠤᠭᠠᠷ ᠤᠨ ᠳ᠋ᠥ ᠰᠤᠷᠤᠯᠴᠠᠵᠦ ᠪᠤᠢ ᠠᠳᠤᠭᠤᠴᠢᠨ ᠬᠦᠦ ᠤᠳᠤ ᠰᠤᠷᠭᠠᠭᠤᠯᠢ ᠶ᠋ᠢᠨ ᠬᠦᠷᠢᠶ᠎ᠠ᠂ ᠰᠠᠭᠤᠭ᠎ᠠ ᠠᠰᠠᠷ᠎ᠤᠨ ᠵᠢᠡᠨ ᠭᠦᠷᠢᠶ᠎ᠠ  ᠪᠠᠷ ᠶᠠᠪᠤᠬᠤ ᠳ᠋ᠠᠭᠠᠨ ᠬᠤᠭ ᠦᠵᠡᠪᠡᠯ ᠲᠡᠭᠦᠵᠦ ᠠᠪᠳᠠᠭ ᠲᠤᠨᠢ ᠬᠠᠮᠳᠤ ᠨᠦᠬᠦᠳ ᠨᠢ ᠭᠠᠢᠬᠠᠬᠤ ᠪᠢᠰᠢᠷᠡᠬᠦ ᠬᠤᠤᠰᠯᠠᠬᠤ ᠪᠤᠯᠤᠬᠰᠠᠨ ᠠᠵᠢ᠃

ᠦᠯᠵᠡᠢᠴᠤᠭᠲᠤ ᠵᠢ ᠬᠠᠷᠠᠪᠠᠯ᠂ ᠶᠠᠷᠢᠶ᠎ᠠ ᠬᠦᠬᠡᠷᠦᠬᠡ ᠴᠦᠬᠡᠨ ᠴᠤ᠌ ᠴᠠᠭᠠᠨ᠎ᠠ ᠪᠠᠨ ᠪᠤᠯ ᠶᠦᠮᠦᠷᠯᠢᠭ ᠵᠠᠩ ᠲᠠᠢ ᠬᠦᠮᠦᠨ ᠶᠤᠮ᠃ ᠲᠡᠷᠡ ᠬᠤᠬ ᠲᠡᠬᠦᠵᠦ ᠶᠠᠪᠤᠭᠰᠠᠭᠠᠷ ᠨᠠᠭᠤᠷ ᠤ᠋ᠨ ᠬᠦᠪᠡᠭᠡᠨ ᠳ᠋ᠥ ᠵᠢᠯᠤᠭᠤᠴᠢ ᠦᠬᠡᠢ ᠨᠢᠰᠭᠡᠯ ᠢ᠋ᠶ᠋ᠠᠷ ᠰᠡᠭᠦᠳᠡᠷ ᠰᠡᠭᠦᠳᠡᠷᠯᠡᠳᠡᠭ ᠵᠠᠯᠠᠭᠤ ᠶ᠋ᠢᠨ ᠳᠡᠷᠭᠡᠳᠡ ᠬᠦᠷᠴᠤ ᠬᠡᠳᠦᠨ ᠦᠬᠡ ᠰᠤᠯᠢᠭᠠᠳ᠂ ᠬᠤᠬ ᠡᠷᠢᠵᠦ ᠤᠭᠤᠳᠠ ᠪᠠᠨ ᠪᠠᠷᠢᠬᠰᠠᠭᠠᠷ ᠬᠤᠯᠠᠳᠠᠪᠠ᠃

ᠦᠯᠵᠡᠢᠴᠤᠭᠲᠤ ᠤᠯᠠᠭᠠᠨᠨᠠᠭᠤᠷ ᠤ᠋ᠨ ᠵᠢᠭᠤᠯᠴᠢᠯᠠᠯ ᠤ᠋ᠨ ᠭᠠᠵᠠᠷ ᠲᠦ᠍ ᠢᠷᠡᠬᠦ ᠠ᠋ᠴᠠ ᠪᠠᠨ ᠡᠮᠦᠨ᠎ᠡ ᠪᠠᠶᠠᠨᠬᠤᠳᠠ ᠪᠠᠯᠭᠠᠰᠤᠨ ᠳ᠋ᠥ ᠬᠤᠭᠤᠯᠠᠨ ᠭᠡᠷ ᠡᠷᠬᠢᠯᠡᠵᠦ ᠪᠠᠢᠬᠤ ᠦᠶᠡᠰ ᠤᠷᠤᠯᠭ᠎ᠠ ᠪᠠᠷᠤᠬᠳᠠᠢ ᠪᠤᠯᠬᠤᠷ ᠠᠪᠤ ᠬᠦᠦ ᠬᠤᠶᠠᠷ ᠠᠮᠢᠳᠤᠷᠠᠯ ᠢ᠋ᠶ᠋ᠠᠨ ᠠᠷᠠᠢᠬᠠᠨ ᠨᠢᠭᠡ ᠠᠷᠭᠠᠴᠠᠭᠠᠵᠦ ᠪᠠᠢᠪᠠ᠃ ᠡᠨᠳᠡ ᠢᠷᠡᠭᠰᠡᠨ ᠠ᠋ᠴᠠ ᠬᠤᠢᠰᠢ ᠤᠷᠤᠯᠭ᠎ᠠ ᠨᠢ ᠳᠠᠬᠢᠨ ᠵᠢᠡᠷ ᠨᠡᠮᠡᠭᠳᠡᠭᠰᠡᠨ ᠳ᠋ᠡᠬᠡᠨ ᠲᠡᠷᠡ ᠶᠡᠬᠡ ᠤᠯᠵᠠᠭᠤᠷᠬᠠᠨ᠎ᠠ᠃ ᠡᠨᠡ ᠡᠪᠦᠯ ᠠᠪᠤ ᠬᠦᠦ ᠬᠤᠶᠠᠷ ᠳᠦᠷᠢᠶᠡᠰᠦᠨ ᠭᠡᠷ ᠠ᠋ᠴᠠ ᠪᠠᠨ ᠦᠪᠡᠷ ᠤ᠋ᠨ ᠬᠡᠬᠦ ᠰᠢᠨ᠎ᠠ ᠠᠰᠠᠷ ᠲᠣ᠌ ᠨᠡᠬᠦᠵᠦ ᠤᠷᠤᠬᠤ ᠪᠠᠷ ᠪᠠᠢᠬᠤ ᠨᠢ ᠪᠦᠷ ᠡᠨᠡ ᠨᠤᠳᠤᠬ᠎ᠤᠨ ᠪᠤᠶᠠᠨ ᠨᠠᠭᠤᠷ᠎ᠤᠨ ᠬᠡᠰᠢᠭ ᠬᠡᠳᠡᠭ᠎ᠢ ᠲᠡᠷᠡ ᠶᠠᠭᠤᠨ ᠠᠨᠳᠠᠬᠤ ᠪᠢᠯᠡ᠃

ᠰᠤᠷᠪᠤᠯᠵᠢᠯᠠᠬᠴᠢ ᠵᠢᠨ ᠡᠪᠦᠷ ᠲᠡᠮᠳᠡᠭᠯᠡᠯ ᠄

10  ᠰᠠᠷ᠎ᠠ ᠵᠢᠨ ᠰᠡᠬᠦᠯᠴᠢ ᠪᠡᠷ ᠤᠯᠠᠭᠠᠨᠨᠠᠭᠤᠷ᠎ᠢ ᠵᠤᠷᠢᠵᠦ ᠬᠦᠷᠦᠬᠡᠳ ᠰᠠᠶᠢ ᠤᠷᠢᠳᠤ ᠳ᠋ᠠᠭᠠᠨ ᠳᠠᠪᠤᠰᠤ ᠬᠤᠯᠤᠰᠤ ᠪᠠᠷ᠎ᠢᠶᠡᠨ ᠡᠯᠡᠰᠤᠨ ᠨᠤᠳᠤᠬ᠎ᠤᠨ ᠮᠠᠯᠴᠢᠨ ᠲᠦᠮᠡᠨ ᠳ᠋ᠤ ᠰᠢᠮ᠎ᠠ ᠪᠠᠨ ᠦᠭᠴᠤ᠂ ᠦᠨᠦᠳᠦᠷ ᠦᠪᠡᠷᠮᠢᠴᠡ ᠤᠨᠴᠠᠭᠠᠢ ᠦᠩᠭᠡ ᠦᠵᠡᠮᠵᠢ ᠪᠠᠷ᠎ᠢᠶᠡᠨ ᠲᠠᠶᠠᠩ ᠤᠯᠠᠨ᠎ᠤ ᠰᠡᠳᠬᠢᠯ᠎ᠢ ᠰᠤᠷᠢᠨᠵᠢᠳᠠᠬᠰᠠᠨ ᠡᠨᠡ ᠨᠠᠭᠤᠷ᠎ᠤᠨ ᠡᠴᠢᠨ᠎ᠠ ᠭᠠᠢᠬᠠᠮᠰᠢᠬ᠎ᠢ ᠮᠡᠳᠡᠷᠡᠬᠦ ᠵᠢᠨ ᠲᠠᠭᠠᠤ᠂ ᠡᠯᠡᠰᠤ ᠮᠠᠩᠬ᠎ᠠ᠂ ᠨᠠᠭᠤᠷ ᠪᠦᠷᠢᠳᠤ ᠮᠠᠨᠢ ᠴᠦ᠍ ᠮᠦᠨ ᠬᠦ᠌ ᠦᠨᠡᠳᠤ ᠡᠬᠢ ᠪᠠᠶᠠᠯᠢᠬ ᠪᠤᠯᠬᠤ ᠵᠢ ᠮᠡᠳᠡᠷᠡᠵᠦ ᠪᠢᠯᠡ᠃

ᠡᠯᠡᠰᠤᠨ ᠨᠤᠳᠤᠬ᠎ᠤᠨ ᠵᠢᠡᠨ ᠦᠪᠡᠷᠮᠢᠴᠠ ᠤᠨᠴᠠᠯᠢᠬᠳᠤ ᠨᠠᠭᠤᠷ ᠤᠰᠤ ᠪᠠᠨ ᠲᠠᠯᠠᠢ ᠤᠯᠠᠨ ᠬᠦᠮᠦᠨ ᠠᠷᠠᠳ ᠲᠦ᠍ ᠲᠠᠨᠢᠯᠴᠠᠭᠤᠯᠬᠤ ᠵᠢᠨ ᠤᠯᠠᠮ ᠵᠢᠡᠷ ᠲᠦᠷᠢᠮᠵᠢᠩᠬᠦᠢ ᠡᠵᠡᠩᠨᠡᠯᠳᠡ ᠬᠠᠮᠢᠶᠠᠷᠤᠯᠳᠠ ᠪᠡᠷ ᠵᠢᠭᠤᠯᠴᠢᠯᠠᠯ᠎ᠤᠨ ᠦᠢᠯᠡᠰ ᠡᠷᠬᠢᠯᠡᠵᠦ ᠶᠠᠪᠤᠭ᠎ᠠ ᠮᠠᠯᠴᠢᠨ ᠵᠠᠯᠠᠭᠤ ᠤᠷᠬᠢᠯ᠎ᠤᠨ ᠤᠬᠠᠭᠠᠨ ᠤᠷᠤᠯᠳᠤᠯᠭ᠎ᠠ᠂ ᠠᠯᠤᠰ ᠭᠠᠵᠠᠷ ᠬᠦᠯᠦᠰᠤᠨ ᠠᠵᠢᠯ ᠬᠢᠵᠦ ᠶᠠᠪᠤᠬᠤ ᠳ᠋ᠠᠭᠠᠨ᠂ ᠨᠤᠳᠤᠬ ᠤᠰᠤ ᠪᠠᠨ ᠰᠠᠨᠠᠬᠤ ᠵᠢᠨ ᠡᠷᠬᠡᠨ ᠳ᠋ᠤ ᠨᠤᠳᠤᠬ ᠪᠤᠴᠠᠵᠦ᠂ ᠵᠢᠭᠤᠯᠴᠢᠯᠠᠯ᠎ᠤᠨ ᠦᠢᠯᠡᠰ ᠵᠢᠡᠷ ᠬᠦᠯᠵᠢᠵᠦ ᠪᠤᠰᠤᠬᠰᠠᠨ ᠨᠤᠮᠢᠨ᠎ᠤ ᠬᠢᠨ᠎ᠤ ᠰᠤᠩᠭᠤᠯᠳᠠ᠂ ᠬᠡᠨ ᠵᠢᠡᠷ ᠴᠦ᠍ ᠬᠡᠯᠡᠬᠦᠯᠤᠯ ᠦᠬᠡᠢ ᠪᠡᠷ ᠬᠤᠬ ᠨᠤᠪᠰᠢ ᠵᠢ ᠠᠷᠢᠯᠭᠠᠵᠦ᠂ ᠨᠠᠭᠤᠷ ᠤᠰᠤ᠂ ᠡᠯᠡᠰᠤ ᠮᠠᠩᠬ᠎ᠠ ᠪᠠᠨ ᠠᠷᠢᠭᠤᠨ ᠲᠠᠭᠱ᠌ᠢᠨ ᠲᠦᠷᠬᠦ ᠪᠡᠷ ᠨᠢ ᠦᠯᠡᠳᠡᠬᠡᠬᠦ ᠵᠢᠨ ᠲᠦᠯᠦᠬᠡᠨ᠎ᠤ ᠦᠯᠵᠡᠢᠴᠤᠬᠳᠤ ᠵᠢᠨ ᠬᠠᠳᠠᠭᠤ ᠪᠠᠷᠢᠮᠳᠠᠯᠠᠯ ᠳ᠋ᠤ ᠶᠠᠭᠠᠬᠢᠬᠤ ᠵᠢᠨ ᠠᠷᠭ᠎ᠠ ᠦᠬᠡᠢ ᠪᠢᠰᠢᠷᠡᠨ ᠲᠤᠬᠳᠤᠯᠤᠨ᠎ᠠ᠃

ᠨᠠᠭᠤᠷ᠎ᠤᠨ ᠵᠢᠡᠨ ᠬᠡᠰᠢᠭ ᠲᠦ᠍ ᠲᠦᠰᠢᠵᠦ ᠦᠩᠭᠡ ᠲᠠᠢ ᠦᠬᠡᠳᠡ ᠲᠠᠢ ᠠᠮᠢᠳᠤᠷᠠᠬᠤ ᠭᠡᠭᠴᠢ ᠵᠢᠷᠭᠠᠯ᠃ ᠬᠡᠬᠦ ᠳ᠋ᠡᠬᠡᠨ ᠨᠤᠲᠤᠭ ᠤᠰᠤ ᠪᠠᠨ ᠴᠡᠪᠡᠷ ᠪᠦᠲᠦᠨ ᠵᠢᠡᠷ ᠨᠢ ᠪᠦᠬᠡᠴᠡᠢᠯᠡᠵᠦ ᠬᠠᠮᠠᠭᠠᠯᠠᠵᠦ ᠪᠦᠲᠦᠬᠡᠨ ᠪᠠᠢᠭᠤᠯᠬᠤ ᠭᠡᠳᠡᠭ ᠰᠢᠨ᠎ᠠ ᠴᠠᠬ ᠦᠶ᠎ᠠ ᠵᠢᠨ ᠮᠠᠯᠴᠢᠳ᠎ᠤᠨ ᠮᠠᠨᠢ ᠵᠢᠷᠦᠭᠡᠨ᠎ᠤ ᠪᠢᠴᠢᠭᠡᠰᠦ ᠪᠠᠢᠵᠦ ᠲᠠᠭᠠᠷᠠᠨ᠎ᠠ᠃ ᠤᠯᠠᠭᠠᠨᠨᠠᠭᠤᠷ ᠤᠨ ᠴᠠᠭ᠎ᠤᠨ ᠠᠶᠠᠰ᠎ᠢᠶᠡᠷ ᠰᠢᠨ᠎ᠡ ᠲᠡᠤᠬᠡ ᠪᠠᠨ ᠪᠢᠴᠢᠬᠯᠡᠭᠰᠡᠭᠡᠷ ᠪᠠᠢᠭ᠎ᠠ ᠵᠢ᠎ᠨᠠᠮᠤᠷ᠎ᠤᠨ ᠬᠤᠩᠭᠤᠷ ᠰᠠᠯᠬᠢ ᠰᠢᠪᠡᠨᠡᠬᠦ ᠰᠢᠭ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面