ᠲᠡᠷᠢᠭᠦᠨ ᠨᠢᠭᠤᠷ>ᠰᠢᠨ᠎ᠡ ᠬᠦᠳᠡᠭᠡ>ᠰᠣᠶᠣᠯ ᠵᠢᠭᠤᠯᠴᠢᠯᠠᠯ

2025-05-30 11:36:18

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

— ᠪᠢᠯᠢᠭ᠎ᠤᠨ ᠤᠯᠠᠷᠢᠯ᠎ᠤᠨ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠤᠯᠠᠮᠵᠢᠯᠠᠯᠳᠤ ᠵᠠᠩ ᠦᠢᠯᠡ ᠵᠢᠨ ᠰᠢᠷᠢᠰ ᠠᠵᠢᠯᠯᠠᠭ᠎ᠠ ᠵᠢᠨ ᠰᠤᠷᠪᠤᠯᠵᠢᠯᠠᠭ᠎ᠠ


ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ

ᠶᠠᠩ ᠱᠢ︵ᠰᠦᠩ︶


ᠬᠦᠷᠡᠩᠳᠡᠵᠦ ᠪᠤᠳᠠᠩᠳᠠᠭᠰᠠᠨ ᠠᠯᠣᠰ ᠬᠢᠵᠠᠭᠠᠷ ᠡᠴᠡ ᠪᠠᠷᠠᠯᠠᠨ

ᠬᠦᠷᠴᠦ ᠡᠰᠡ ᠴᠢᠲᠠᠬᠣᠢ ᠳ᠋ᠦ ᠰᠣᠷᠮᠣᠣᠰᠣᠨ ᠴᠢᠭᠢᠭᠲᠦᠪᠡᠢ

ᠬᠦᠥᠷᠨᠢᠯᠳᠦᠨ ᠰᠠᠭᠤᠭᠰᠠᠨ ᠮᠦᠴᠡ ᠠᠨᠢᠷᠳᠤᠵᠦ ᠲᠤᠪ ᠲᠤᠭᠤᠢ

ᠬᠦᠰᠡᠮᠵᠢᠯᠡᠨ ᠰᠠᠨᠠᠭᠠᠯᠵᠠᠬᠤᠢ᠎ᠶᠢᠨ ᠠᠭᠠᠷ᠎ᠠ ᠨᠢᠭᠡᠨ᠎ᠢ ᠮᠡᠳᠡᠨᠠᠮ ᠠᠵᠢᠶᠠᠮᠣ


ᠪᠢᠯᠢᠭ᠎ᠤᠨ ᠤᠯᠠᠷᠢᠯ᠎ᠤᠨ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠢ ᠮᠤᠡᠭᠭᠤᠯᠴᠤᠳ ᠤᠳᠠᠴᠢ ᠪᠤᠷᠬᠠᠨ᠎ᠤ ᠮᠡᠨᠳᠦᠯᠡᠭᠰᠡᠨ ᠡᠳᠤᠷ ᠭᠡᠵᠦ ᠦᠵᠡᠳᠡᠭ ᠤᠯᠠᠮᠵᠢᠯᠠᠯᠳᠤ ᠵᠠᠩᠰᠢᠯ ᠲᠠᠢ᠃ ᠤᠳᠠᠴᠢ ᠪᠤᠷᠬᠠᠨ ᠵᠢᠯ ᠪᠦᠷᠢ ᠵᠢᠨ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠦᠷ ᠵᠢᠡᠷ ᠬᠦᠮᠦᠨ᠎ᠤ ᠶᠢᠷᠳᠢᠨᠴᠤ᠎ᠳᠤ ᠵᠠᠯᠠᠷᠠᠨ ᠪᠠᠭᠤᠵᠤ᠂ ᠷᠠᠰᠢᠶᠠᠨ ᠡᠮ ᠵᠢᠡᠨ ᠰᠠᠴᠤᠨ᠂ ᠲᠦᠮᠡᠨ ᠪᠤᠳᠠᠰ᠎ᠢ ᠷᠠᠰᠢᠶᠠᠯᠠᠵᠦ᠂ ᠷᠠᠰᠢᠶᠠᠨ ᠤᠰᠤ ᠨᠢ ᠨᠠᠷᠠᠨ᠎ᠤ ᠬᠡᠷᠡᠯ᠎ᠲᠤᠰᠤᠮᠠᠭᠴᠠ ᠠᠭᠤᠰᠴᠢᠬᠠᠳᠠᠭ ᠭᠡᠬᠦ ᠬᠠᠭᠤᠴᠢ ᠶᠠᠷᠢᠶ᠎ᠠ ᠲᠠᠢ ᠪᠤᠯᠬᠤᠷ ᠬᠦᠮᠦᠰ ᠡᠨᠡ ᠡᠳᠦᠷ ᠦᠷᠯᠤᠭᠡ ᠡᠷᠳᠡ ᠪᠤᠰᠴᠤ᠂ ᠷᠠᠰᠢᠶᠠᠨ ᠤᠰᠤ ᠬᠦᠷᠳᠡᠨ᠂ ᠠᠭᠤᠯᠠᠨ᠎ᠳᠤ ᠭᠠᠷᠴᠦ᠂ ᠬᠡᠢᠮᠤᠷᠢ ᠮᠠᠨᠳᠤᠨ᠂ ᠭᠡᠰᠢᠭ ᠪᠤᠶᠠᠨ ᠲᠡᠯᠭᠡᠷᠡᠵᠦ᠂ ᠦᠭᠡᠳᠡ ᠡᠰᠡᠷᠡᠭ᠂ ᠦᠯᠵᠡᠢ ᠮᠦᠷ ᠲᠠᠢ᠂ ᠤᠷᠳᠤ ᠨᠠᠰᠤᠯᠠᠬᠤ ᠵᠢ ᠪᠡᠯᠭᠡᠳᠡᠳᠡᠭ᠃


ᠤᠯᠠᠮᠵᠢᠯᠠᠯᠳᠤ ᠵᠠᠩ ᠦᠢᠯᠡ ᠵᠢᠨ ᠠᠵᠢᠯᠯᠠᠭ᠎ᠠ ᠡᠴᠡ ᠰᠤᠶᠤᠯ᠎ᠤᠨ ᠤᠯᠠᠮᠵᠢᠯᠠᠯ᠎ᠢ ᠬᠠᠷᠠᠬᠤᠢ

— ᠡᠮᠡᠭᠡ ᠡᠵᠢ ᠡ ᠂ ᠡᠨᠡ ᠪᠡᠷᠡᠭᠡᠰᠠᠢ ᠵᠢ ᠶᠠᠭᠠᠬᠢᠵᠤ ᠪᠠᠬᠯᠠᠵᠤ ᠪᠠᠢᠬᠤ ᠪᠤᠢ?

— ᠬᠤᠯᠤᠰᠤᠨ ᠨᠠᠪᠴᠢ ᠪᠡᠨ ᠲᠤᠮᠳᠠᠭᠤᠷ ᠨᠢ ᠨᠢᠭᠡ ᠨᠤᠭᠤᠯᠤᠨ ᠂ ᠳᠤᠳᠤᠷ᠎ᠠ ᠨᠢ ᠰᠢᠯᠦᠬᠡᠢ ᠳᠤᠳᠤᠷᠭ᠎ᠠ ᠪᠡ ᠴᠢᠪᠠᠭ᠎ᠠ ᠪᠡᠨ ᠬᠢᠵᠤ᠂ ᠬᠤᠶᠠᠷ ᠲᠠᠯ᠎ᠠ ᠡᠴᠡ ᠨᠢ ᠬᠠᠮᠬᠢᠵᠤ᠂ ᠲᠠᠷᠠᠭ᠎ᠠ ᠨᠢ ᠤᠳᠠᠰᠤ ᠪᠡᠷ ᠵᠢᠡᠨ ᠤᠶᠠᠬᠰᠠᠭᠠᠷ ᠪᠤᠯᠴᠢᠬᠠᠨ᠎ᠠ᠃

— ᠲᠠ ᠦᠵᠡ ᠂ ᠮᠢᠨᠤ ᠪᠠᠬᠯᠠᠬᠰᠠᠨ ᠪᠡᠷᠡᠭᠡᠰᠠᠢ ᠭᠤᠶᠤ ᠤᠤ?

— ᠭᠤᠶᠤ ᠪᠠᠢᠨ᠎ᠠ

᠁

ᠰᠤᠢᠬ᠎ᠠ ᠡᠪᠡᠰᠦᠨ᠎ᠦ ᠰᠡᠩᠬᠢᠨᠡᠮ᠎ᠠ ᠦᠨᠦᠷ ᠪᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷᠠᠨ ᠭᠤᠢᠳᠠ ᠤᠷ᠎ᠠ ᠮᠡᠷᠭᠡᠵᠢᠯ᠎ᠤᠨ ᠦᠵᠡᠬᠦᠯᠭᠡ ᠳᠤᠮᠳᠠ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠰᠣᠶᠣᠯ᠎ᠤᠨ ᠣᠬᠢ ᠰᠣᠳᠣ᠎ᠶ᠋ᠢ ᠠᠭᠤᠰᠭᠠᠨ ᠤᠬᠠᠵᠤ᠂ ᠭᠤᠤ᠎ᠠ ᠰᠠᠢᠬᠠᠨ᠎ᠤ ᠬᠥᠮᠦᠵᠢᠯ᠎ᠦᠨ ᠦᠶ᠋ᠯᠡᠳᠦᠯᠭᠡ᠎ᠪᠡᠷ ᠮᠢᠩᠭᠠᠨ ᠣᠨ᠎ᠤ ᠪᠣᠯᠪᠠᠰᠤᠨ᠎ᠤ ᠴᠤᠭ᠎ᠢ ᠳᠠᠮᠵᠢᠭᠤᠯᠤᠨ᠎ᠠ᠃ 5 ᠰᠠᠷ᠎ᠠ᠎ᠶᠢᠨ 24᠎ᠤ᠋ ᠡᠳᠦᠷ᠂ ᠦᠪᠤᠷ ᠮᠤᠡᠭᠭᠤᠯ᠎ᠤᠨ ᠰᠤᠶᠤᠯ᠎ᠤᠨ ᠤᠷᠳᠤᠨ᠎ᠤ ᠨᠢᠭᠡᠳᠤᠭᠡᠷ ᠲᠠᠪᠬᠤᠷᠯᠢᠭ ᠲᠸ᠋ ᠪᠠᠬᠰᠢ ᠰᠤᠷᠤᠬᠴᠢᠳ᠂ ᠬᠡᠷ᠎ᠤᠨ ᠠᠬᠠᠮᠠᠳ᠂ ᠨᠠᠰᠤᠳᠠᠢᠴᠤᠳ ᠴᠤᠬᠯᠠᠷᠠᠨ᠂ ᠦᠨᠦᠷᠳᠦ ᠬᠠᠪᠳᠠᠭ᠎ᠠ ᠬᠢᠬᠦ᠂ ᠦᠩᠬᠡᠳᠦ ᠬᠦᠷᠦᠮᠡᠯ ᠬᠢᠬᠦ᠂ ᠠᠬᠢ ᠡᠪᠡᠰᠦᠨ ᠯᠤᠤ ᠬᠦᠷᠦᠬᠦ᠂ ᠬᠦᠪᠢᠬᠦᠷ ᠦᠢᠯᠡᠳᠬᠦ᠂ ᠪᠡᠷᠡᠭᠡᠰᠠᠢ ᠪᠠᠭᠯᠠᠬᠤ᠂ ᠳᠠᠮᠠᠭ᠎ᠠ ᠳᠠᠷᠤᠵᠦ ᠲᠤᠷᠠᠰᠬᠠᠯ ᠦᠯᠡᠳᠡᠬᠡᠬᠦ ᠵᠡᠷᠭᠡ 6 ᠭᠤᠤᠯ ᠰᠡᠳᠦᠪᠳᠦ ᠠᠵᠢᠯᠯᠠᠭ᠎ᠠ ᠦᠷᠨᠢᠬᠦᠯᠵᠦ᠂ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠠᠷᠠᠳ᠎ᠤᠨ ᠤᠯᠠᠮᠵᠢᠯᠠᠯᠳᠤ ᠵᠠᠩ ᠦᠢᠯᠡ ᠵᠢᠨ ᠲᠤᠬᠠᠢ ᠦᠢᠯᠠᠭᠠᠨ ᠬᠦᠷ ᠬᠦᠭᠵᠢᠶᠠᠨ ᠵᠢᠡᠷ ᠪᠢᠯᠬᠠᠨ᠎ᠠ᠃

ᠠᠵᠢᠯᠯᠠᠭ᠎ᠠ ᠡᠬᠢᠯᠡᠮᠡᠭ᠌ᠴᠡ᠂ ᠬᠥᠲᠥᠯᠥᠭ᠌ᠴᠢ ᠠᠮᠢᠳᠤᠯᠢᠭ ᠲᠠᠢᠯᠪᠤᠷᠢᠯᠠᠯᠲᠠ᠎ᠪᠠᠷ ᠣᠯᠠᠨ᠎ᠢ ᠳᠠᠭᠠᠭᠤᠯᠤᠨ ᠪᠢᠯᠢᠭ᠎ᠤᠨ ᠤᠯᠠᠷᠢᠯ᠎ᠤᠨ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠡᠭᠦᠰᠦᠯ᠂ ᠵᠠᠩ ᠳᠠᠳᠭᠠᠯ ᠵᠢᠴᠢ ᠴᠠᠭ ᠤᠯᠠᠷᠢᠯ᠎ᠤᠨ ᠣᠨᠴᠠᠯᠢᠭ᠎ᠢ ᠳᠠᠨᠢᠯᠴᠠᠭᠤᠯᠵᠦ᠂ ᠡᠨᠡ ᠬᠦ᠌ ᠤᠯᠠᠮᠵᠢᠯᠠᠯᠲᠤ ᠪᠠᠶᠠᠷ᠎ᠤᠨ ᠡᠳᠦᠷ᠎ᠦᠨ ᠭᠦᠨ ᠵᠤᠵᠠᠭᠠᠨ ᠰᠣᠶᠣᠯ᠎ᠤᠨ ᠠᠭᠤᠯᠬᠤᠨ᠎ᠢ ᠳᠠᠢᠯᠪᠤᠷᠢᠯᠠᠵᠠᠢ᠃ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠭ᠍ᠴᠢ ᠸᠧᠨ ᠶᠦᠩ ᠬᠤᠸᠠ ᠪᠠᠭ᠍ᠰᠢ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠳᠦ ᠦᠨᠦᠷᠲᠦ ᠬᠠᠪᠳᠠᠭ᠎ᠠ ᠬᠢᠵᠦ᠂ ᠬᠣᠷᠣᠬᠠᠶ᠎ᠬᠥᠭᠡᠭᠡᠵᠦ᠍ ᠡᠪᠡᠳᠴᠢᠨ᠎ᠡᠴᠡ ᠵᠠᠢᠯᠠᠭᠤᠯᠬᠤ ᠵᠠᠩ ᠦᠶ᠋ᠯᠡ᠎ᠶ᠋ᠢᠨ ᠡᠬᠢ ᠰᠤᠷᠪᠤᠯᠵᠢ ᠪᠣᠯᠤᠨ ᠪᠤᠶᠠᠨ ᠬᠡᠰᠢᠭ ᠳᠠᠭᠠᠳᠬᠠᠬᠤ ᠤᠳᠭ᠎ᠠ ᠤᠴᠢᠷ᠎ᠢ ᠨᠠᠷᠢᠨ ᠲᠠᠢᠯᠪᠤᠷᠢᠯᠠᠬᠤ᠎ᠶ᠋ᠢᠨ ᠬᠠᠮᠲᠤ ᠲᠤᠬᠠᠶ᠎ᠶ᠋ᠢᠨ ᠲᠠᠯᠠᠪᠠᠶ᠎ᠳᠤ ᠣᠯᠠᠨ ᠲᠦᠮᠡᠨ᠎ᠢ ᠳᠠᠭᠠᠭᠤᠯᠤᠨ ᠂ ᠪᠤᠭᠤᠲᠤ᠎ᠶ᠋ᠢᠨ ᠵᠢᠷᠭᠤᠭᠠᠨ ᠳᠠᠯᠠᠳᠦ ᠳᠡᠷ᠎ᠡ ᠦᠶ᠋ᠯᠡᠳᠬᠦ᠌ ᠤᠷ᠎ᠠ ᠮᠡᠷᠭᠡᠵᠢᠯ᠎ᠵᠢᠡᠷ ᠦᠨᠦᠷᠳᠦ ᠬᠠᠪᠳᠠᠭ᠎ᠠ ᠣᠶᠣᠪᠠ᠃ 《ᠲᠤᠰ ᠤᠳᠠᠭᠠᠨ᠎ᠤ ᠦᠨᠤᠷᠳᠤ ᠬᠠᠪᠳᠠᠭ᠎ᠠ ᠬᠢᠬᠦ ᠠᠵᠢᠯᠯᠠᠭ᠎ᠠ᠎ᠳᠦ ᠤᠷᠤᠯᠴᠠᠭᠠᠳ᠂ ᠦᠨᠤᠷᠳᠤ ᠬᠠᠪᠳᠠᠭ᠎ᠠ᠎ᠳᠤ ᠭᠤᠤᠯᠳᠤ ᠪᠤᠷᠤ᠂ ᠰᠤᠷᠭᠤᠭ ᠦᠨᠤᠷᠳᠤ ᠴᠡᠴᠡᠭ᠂ ᠪᠤᠷᠤ ᠮᠠᠭᠠᠵᠢ ᠮᠡᠳᠤ ᠵᠢᠨ ᠡᠮᠳᠤ ᠤᠷᠭᠤᠮᠠᠯ ᠰᠠᠪᠠᠯᠠᠳᠠᠭ᠎ᠢ ᠦᠢᠯᠠᠭᠠᠬᠰᠠᠨ》 ᠬᠡᠵᠤ ᠬᠤᠳᠠ ᠵᠢᠨ ᠠᠷᠠᠳ ᠶᠠᠡᠭ ᠠᠪᠠᠭᠠᠢ ᠶᠠᠷᠢᠨ᠎ᠠ᠃


2.png


ᠵᠠᠯᠠᠭᠤᠴᠤᠳ ᠪᠠᠭᠠᠴᠤᠳ ᠴᠠᠭᠠᠨ᠂ ᠤᠯᠠᠭᠠᠨ᠂ ᠬᠠᠷ᠎ᠠ᠂ ᠱᠢᠷ᠎ᠠ᠂ ᠬᠥᠬᠡ ᠲᠠᠪᠤᠨ ᠥᠩᠭᠡ᠎ᠶ᠋ᠢᠨ ᠲᠣᠷᠭᠠᠨ ᠤᠲᠠᠰᠤ᠎ᠪᠠᠷ ᠭᠠᠷ᠎ᠤᠨ ᠵᠡᠬᠦᠯᠳᠡ ᠬᠦᠷᠦᠨ᠎ᠠ᠃ ᠲᠠᠪᠤᠨ ᠥᠩᠭᠡ᠎ᠶ᠋ᠢᠨ ᠵᠡᠬᠦᠯᠳᠡ ᠬᠦᠷᠦᠬᠦ ᠨᠢ ᠲᠡᠰᠪᠦᠷᠢ ᠲᠡᠪᠴᠢᠶᠡᠷᠢ ᠪᠠ ᠠᠩᠬᠠᠷᠤᠯ᠎ᠢᠶᠠᠨ ᠲᠥᠪᠯᠡᠷᠡᠭᠦᠯᠬᠦ᠌᠎ᠶ᠋ᠢ ᠪᠣᠯᠪᠠᠰᠤᠷᠠᠭᠤᠯᠬᠤ᠎ᠪᠠᠷ ᠪᠠᠷᠠᠬᠤ ᠥᠬᠡᠶ᠂ ᠨᠠᠩ ᠴᠤ᠌ ᠤᠯᠠᠮᠵᠢᠯᠠᠯᠲᠤ ᠵᠡᠬᠦᠯᠳᠡ ᠲᠡᠮᠳᠡᠭ᠎ᠢ ᠣᠲᠣ ᠦᠶ᠎ᠡ᠎ᠶ᠋ᠢᠨ ᠵᠠᠰᠠᠯ ᠵᠢᠮᠰᠡᠭ᠎ᠦᠨ ᠬᠡᠯᠪᠡᠷᠢ᠎ᠪᠡᠷ ᠡᠳᠦᠷ ᠲᠤᠲᠤᠮ᠎ᠤᠨ ᠠᠮᠢᠳᠤᠷᠠᠯ᠎ᠳᠤ ᠠᠭᠤᠰᠭᠠᠵᠤ ᠭᠤᠤ᠎ᠠ ᠰᠠᠢᠬᠠᠨ᠎ᠤ ᠬᠥᠮᠦᠵᠢᠯ ᠪᠠ ᠠᠷᠠᠳ᠎ᠤᠨ ᠵᠠᠩ ᠦᠶ᠋ᠯᠡ᠎ᠶ᠋ᠢ ᠠᠭᠤᠰᠤᠯᠴᠠᠭᠤᠯᠤᠭᠰᠠᠨ᠎ᠢᠶᠡᠷ ᠦᠯᠦ ᠪᠠᠷᠠᠮ《ᠲᠠᠪᠤᠨ ᠦᠶ᠋ᠯᠡ ᠲᠠᠪᠤᠨ ᠥᠩᠭᠡ》 ᠶ᠋ᠢ ᠢᠯᠡᠳᠬᠡᠵᠦ ᠪᠠᠢᠭ᠎ᠠ ᠰᠣᠶᠣᠯ᠎ᠤᠨ ᠤᠳᠭ᠎ᠠ ᠰᠠᠨᠠᠭ᠎ᠠ᠎ᠶ᠋ᠢ ᠭᠦᠨᠵᠡᠭᠡᠶ ᠣᠢᠯᠠᠭᠠᠭᠤᠯᠵᠠᠢ᠃

ᠬᠤᠯᠤᠰᠤᠨ ᠭᠦᠷᠦᠮᠡᠯ᠎ᠤᠨ ᠰᠤᠢᠬ᠎ᠠ ᠡᠪᠡᠰᠦ ᠪᠣᠯᠤᠨ ᠵᠤᠬᠢᠶᠠᠮᠠᠯ ᠰᠤᠢᠬ᠎ᠠ ᠡᠪᠡᠰᠦ ᠦᠶ᠋ᠯᠡᠳᠬᠦ᠌ ᠠᠵᠢᠯᠯᠠᠭ᠎ᠠ ᠨᠢ ᠵᠠᠯᠠᠭᠤᠴᠤᠳ ᠪᠠᠭᠠᠴᠤᠳ᠎ᠲᠤ ᠪᠡᠶ᠎ᠡ᠎ᠪᠡᠨ ᠳᠠᠭᠠᠭᠠᠵᠤ ᠦᠶ᠋ᠯᠡᠳᠦᠯᠭᠡ ᠬᠢᠬᠦ᠌ ᠲᠠᠪᠴᠠᠩ᠎ᠢ ᠪᠠᠢᠭᠤᠯᠵᠤ ᠥᠭ᠌ᠴᠡᠶ᠃ ᠣᠯᠠᠨ᠎ᠢᠶᠠᠷ᠎ᠢᠶᠠᠨ ᠵᠠᠰᠠᠯ ᠴᠢᠮᠡᠭ᠌ᠯᠡᠯ᠂ ᠮᠠᠲ᠋ᠧᠷᠢᠶᠠᠯ᠎ᠢ ᠵᠢᠷᠤᠵᠤ ᠲᠥᠯᠥᠪᠯᠡᠬᠦ᠌᠎ᠪᠡᠷ ᠳᠡᠮᠵᠢᠨ᠂ ᠤᠯᠠᠮᠵᠢᠯᠠᠯᠲᠤ ᠰᠤᠢᠬ᠎ᠠ ᠡᠪᠡᠰᠦᠨ᠎ᠦ ᠰᠣᠶᠣᠯ ᠪᠣᠯᠤᠨ ᠪᠦᠲᠦᠭᠡᠯᠴᠢ ᠲᠥᠰᠦᠪᠯᠡᠯ᠎ᠢ ᠤᠷᠠᠨ᠎ᠢᠶᠠᠷ ᠤᠶᠠᠯᠳᠤᠭᠤᠯᠵᠤ᠂ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ 《ᠡᠪᠡᠳᠴᠢᠨ᠎ᠢ ᠦᠯᠳᠡᠬᠦ》ᠣᠶᠤᠨ ᠤᠬᠠᠭᠠᠨ᠎ᠢ ᠮᠡᠳᠡᠷᠡᠬᠦ᠌᠎ᠶ᠋ᠢᠨ ᠬᠠᠮᠲᠤ ᠪᠦᠲᠦᠭᠡᠯ ᠨᠢᠭᠡᠪᠦᠷᠢ᠎ᠨᠢ ᠠᠮᠤᠷ ᠠᠮᠤᠭᠤᠯᠠᠩ ᠢᠷᠥᠭᠡᠯ ᠵᠥᠩᠨᠡᠯ᠎ᠢ ᠠᠴᠢᠶᠠᠯᠠᠭ᠍ᠰᠠᠨ ᠥᠪᠡᠷᠮᠢᠴᠡ ᠭᠤᠤ᠎ᠠ ᠲᠠᠭᠠᠱᠢᠶᠠᠯ᠎ᠤᠨ ᠦᠩᠬᠡ᠎ᠵᠢ ᠢᠯᠡᠳᠬᠡᠵᠡᠢ᠃

ᠪᠡᠷᠡᠭᠡᠰᠠᠢ᠂ ᠯᠤᠸ᠋ᠲᠤ ᠣᠩᠭᠣᠴᠠ᠎ᠪᠠᠷ ᠭᠤᠤᠯ ᠰᠡᠳᠦᠪ ᠪᠣᠯᠭᠠᠭ᠍ᠰᠠᠨ ᠬᠦᠪᠢᠬᠦᠷ᠎ᠦᠨ ᠵᠢᠷᠤᠭ᠎ᠵᠢᠷᠤᠬᠤ ᠠᠵᠢᠯᠯᠠᠭᠠᠨ᠎ᠳᠦ᠂ ᠬᠡᠦᠬᠡᠳ᠎ᠤᠳ ᠪᠤᠳᠤᠭ ᠪᠠ ᠵᠢᠷᠤᠭ᠎ᠤᠨ ᠪᠢᠷ ᠡᠷᠬᠢᠯᠳᠦᠬᠦᠯᠦᠨ᠂ ᠤᠯᠠᠮᠵᠢᠯᠠᠯᠲᠤ ᠡᠯᠧᠮᠧᠨ᠋ᠲ ᠪᠠ ᠣᠲᠣ ᠦᠶ᠎ᠡ᠎ᠶ᠋ᠢᠨ ᠤᠷᠠᠯᠢᠭ᠎ᠤᠨ ᠬᠡᠪ ᠨᠠᠮᠪᠠ ᠵᠢ ᠭᠠᠷᠭᠠᠨ᠂ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠰᠣᠶᠣᠯ᠎ᠤᠨ ᠱᠢᠨ᠎ᠡ ᠡᠭᠦᠳᠦᠯᠲᠡ᠎ᠶ᠋ᠢᠨ ᠠᠴᠢᠶᠠᠯᠠᠭ᠍ᠴᠢ ᠪᠣᠯᠵᠠᠢ᠃ 《ᠪᠢ ᠠᠡᠭᠬ᠎ᠠ ᠤᠳᠠᠭ᠎ᠠ ᠪᠡᠷᠡᠭᠡᠰᠠᠢ ᠶᠠᠭᠠᠬᠢᠵᠤ ᠪᠠᠬᠯᠠᠵᠤ ᠪᠠᠢᠬᠤ ᠵᠢ ᠰᠤᠷᠤᠬᠰᠠᠨ᠂ ᠦᠨᠡᠨᠳᠡᠭᠡᠨ ᠬᠢᠬᠦ ᠠᠷᠭ᠎ᠠ ᠨᠢ ᠶᠡᠭᠡ ᠲᠦᠬᠦᠮᠬᠡᠨ ᠪᠠᠢᠨ᠎ᠠ᠃ ᠲᠠᠷᠠᠭᠠᠴᠢ ᠪᠡᠷ ᠬᠡᠷ ᠲᠡᠭᠡᠨ ᠡᠵᠢ ᠲᠠᠢ ᠪᠡᠨ ᠬᠠᠮᠳᠤ ᠬᠢᠵᠤ ᠢᠳᠡᠨ᠎ᠠ》 ᠬᠡᠵᠤ ᠵᠢᠭᠠᠯ ᠬᠦᠤ ᠠᠨᠴᠢᠷ ᠪᠠᠶᠠᠷᠳᠠᠢᠬᠠᠨ ᠶᠠᠷᠢᠨ᠎ᠠ᠃


4.png


ᠲᠣᠰ ᠤᠳᠠᠭᠠᠨ᠎ᠤ ᠠᠵᠢᠯᠯᠠᠭ᠎ᠠ᠎ᠨᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠵᠢᠯ᠂ ᠤᠷᠠᠯᠢᠭ᠎ᠤᠨ ᠵᠣᠬᠢᠶᠠᠨ ᠪᠦᠲᠦᠭᠡᠯᠭᠡ ᠬᠢᠭᠡᠳ ᠡᠴᠢᠭᠡ ᠡᠬᠡ ᠦᠷ᠎ᠡ ᠬᠡᠦᠬᠡᠳ᠎ᠦᠨ ᠬᠠᠮᠵᠢᠯᠴᠠᠭ᠎ᠠ᠎ᠪᠠᠷ ᠬᠣᠯᠪᠣᠭᠠᠰᠤ ᠪᠣᠯᠭᠠᠵᠤ᠂ ᠵᠢᠷᠭᠤᠭᠠᠨ ᠶᠡᠬᠡ ᠭᠤᠤᠯ ᠰᠡᠳᠦᠪᠲᠦ ᠠᠵᠢᠯᠯᠠᠭ᠎ᠠ ᠪᠡᠷ ᠳᠠᠮᠵᠢᠭᠤᠯᠤᠨ᠂ ᠲᠤᠮᠳᠠᠳᠦ᠎ᠶᠢᠨ ᠰᠢᠯᠢᠳᠡᠭ ᠤᠯᠠᠮᠵᠢᠯᠠᠯᠳᠦ ᠰᠤᠶᠤᠯ᠎ᠢ ᠤᠯᠠᠮᠵᠢᠯᠠᠨ ᠵᠠᠯᠭᠠᠮᠵᠢᠯᠠᠵᠦ᠂ ᠬᠡᠥᠬᠡᠳ ᠪᠠᠭᠠᠴᠤᠤᠯ᠎ᠳᠦ ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠤ ᠵᠠᠩ ᠦᠢᠯᠡ᠎ᠵᠢ ᠴᠡᠭᠡᠵᠢᠯᠡᠬᠦᠯᠦᠨ ᠂ ᠲᠡᠥᠬᠡᠳᠦ ᠬᠦᠮᠦᠨ ᠴᠢᠥᠢ ᠶᠤᠧᠠᠨ᠎ᠢ ᠲᠤᠷᠠᠳᠬᠠᠵᠦ᠂ ᠤᠯᠠᠮᠵᠢᠯᠠᠯᠳᠦ ᠪᠠᠶᠠᠷ ᠲᠤᠷᠠᠰᠬᠠᠯ᠎ᠤᠨ ᠡᠳᠦᠷ᠎ᠤᠨ ᠴᠠᠭᠠᠨ᠎ᠠ ᠠᠭᠤᠯᠤᠭᠳᠠᠬᠤ ᠤᠴᠢᠷ ᠤᠳᠬ᠎ᠠ᠂ ᠤᠷᠢᠳᠤᠰ ᠳᠡᠭᠡᠳᠦᠰ᠎ᠤᠨ ᠶᠢᠷᠳᠢᠨᠴᠦ᠎ᠶᠢᠨ ᠦᠵᠡᠯᠳᠡ ᠬᠢᠭᠡᠳ ᠰᠢᠳᠦᠯᠬᠡ ᠪᠢᠰᠢᠷᠡᠯ᠂ ᠵᠠᠩ ᠦᠢᠯᠡ᠂ ᠪᠤᠳᠤᠯ ᠰᠡᠳᠬᠢᠯᠬᠡᠨ᠎ᠢ ᠤᠢᠯᠠᠭᠠᠭᠤᠯᠵᠦ᠂ ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠤ ᠡᠳᠦᠷ᠎ᠤᠨ ᠰᠢᠷᠢᠰ ᠠᠵᠢᠯᠯᠠᠭ᠎ᠠ ᠪᠡᠷ ᠨᠢᠭᠡ ᠵᠢᠯ᠎ᠤᠨ ᠠᠮᠤᠷ ᠠᠮᠤᠭᠤᠯᠠᠩ᠂ ᠡᠷᠡᠬᠦᠯ ᠡᠩᠬᠡ᠂ ᠪᠠᠶᠠᠷ ᠵᠢᠷᠭᠠᠯ ᠦᠯᠵᠡᠢ ᠪᠡᠯᠭᠡ ᠲᠠᠢ ᠪᠠᠢᠬᠤ᠎ᠵᠢ ᠪᠡᠯᠭᠡᠳᠡᠨ ᠳᠠᠭᠠᠳᠬᠠᠭᠰᠠᠨ ᠰᠠᠨᠠᠭ᠎ᠠ ᠠᠬᠤᠢ᠎ᠵᠢ ᠮᠡᠳᠡᠬᠦᠯᠵᠡᠢ᠃ ᠮᠦᠨ ᠴᠸ᠋ ᠭᠤᠤ᠎ᠠ ᠰᠠᠢᠬᠠᠨ᠎ᠤ ᠬᠥᠮᠦᠵᠢᠯ ᠪᠣᠯᠤᠨ ᠶᠣᠰᠣ ᠰᠤᠷᠲᠠᠬᠤᠨ᠎ᠤ ᠬᠥᠮᠦᠵᠢᠯ᠎ᠦᠨ ᠭᠦᠨᠵᠡᠭᠡᠢ ᠠᠭᠤᠰᠤᠯᠴᠠᠯ ᠨᠢ ᠤᠯᠠᠮᠵᠢᠯᠠᠯᠲᠤ ᠪᠠᠶᠠᠷ᠎ᠤᠨ ᠡᠳᠦᠷ᠎ᠲᠦ ᠵᠠᠯᠠᠭᠤ ᠨᠠᠰᠤᠨ᠎ᠤ ᠠᠮᠢᠵᠢᠷᠠᠯ᠎ᠤᠨ ᠬᠦᠴᠦᠨ᠎ᠢ ᠨᠡᠮᠡᠷᠢᠯᠡᠵᠦ᠍᠂ ᠨᠡᠩ ᠴᠤ᠌ ᠰᠣᠶᠣᠯ᠎ᠤᠨ ᠤᠯᠠᠮᠵᠢᠯᠠᠯ᠎ᠤᠨ ᠦᠷ᠎ᠡ᠎ᠶ᠋ᠢ ᠵᠠᠯᠠᠭᠤᠴᠤᠳ ᠪᠠᠭᠠᠴᠤᠳ᠎ᠤᠨ ᠰᠡᠳᠭᠢᠯ᠎ᠳᠦ ᠦᠨᠳᠦᠰᠦᠯᠡᠭᠦᠯᠦᠨ ᠰᠣᠶᠣᠭᠠᠯᠠᠭᠤᠯᠵᠤ᠂ ᠢᠳᠡᠷᠡᠭᠦᠨ᠎ᠢᠶᠡᠷ ᠪᠣᠢᠵᠢᠭᠤᠯᠪᠠ᠃


ᠭᠠᠳᠠᠭᠠᠳᠤ ᠵᠢᠨ ᠤᠶᠤᠳᠠᠳ᠎ᠤᠨ ᠪᠠᠬᠠᠷᠬᠠᠯ ᠡᠴᠡ ᠰᠤᠶᠤᠯ᠎ᠤᠨ ᠲᠡᠯᠡᠬᠡᠢᠵᠢᠯ᠎ᠢ ᠮᠡᠳᠡᠷᠡᠬᠦᠢ

ᠲᠤᠷᠤᠨᠠᠳᠠᠬᠢᠨ᠎ᠤ ᠠᠷᠠᠳ ᠲᠦᠮᠡᠨ᠎ᠤ ᠤᠶᠤᠨ ᠤᠬᠠᠭᠠᠨ᠂ ᠤᠷ᠎ᠠ ᠮᠡᠷᠭᠡᠵᠢᠯ᠎ᠢ ᠤᠯᠠᠮᠵᠢᠯᠠᠨ ᠳᠠᠨᠢᠭᠤᠯᠵᠦ᠂ ᠲᠤᠮᠳᠠᠳᠦ᠎ᠶᠢᠨ ᠤᠯᠠᠮᠵᠢᠯᠠᠯᠳᠦ ᠪᠠᠶᠠᠷ ᠲᠤᠷᠠᠰᠬᠠᠯ᠎ᠤᠨ ᠡᠳᠦᠷ᠎ᠤᠨ ᠵᠠᠩ ᠦᠢᠯᠡ᠎ᠵᠢ ᠤᠢᠯᠠᠭᠠᠭᠤᠯᠤᠨ᠂ ᠤᠳᠬ᠎ᠠ ᠤᠴᠢᠷ᠎ᠢ ᠮᠡᠳᠡᠬᠦᠯᠦᠨ᠎ᠠ᠃ 5 ᠰᠠᠷ᠎ᠠ᠎ᠶᠢᠨ 28᠎ᠤ᠋ ᠡᠳᠦᠷ᠂ ᠦᠪᠦᠷ ᠮᠤᠨᠭᠭᠤᠯ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠤᠯᠠᠨ ᠤᠯᠤᠰ᠎ᠤᠨ ᠰᠤᠯᠢᠯᠴᠠᠭᠠᠨ᠎ᠤ ᠳᠡᠭᠡᠳᠦ ᠰᠤᠷᠭᠠᠭᠤᠯᠢ᠎ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠤ ᠵᠠᠩ ᠦᠢᠯᠡ᠂ ᠰᠤᠶᠤᠯ᠂ ᠭᠠᠷ ᠤᠷᠠᠯᠠᠯ᠎ᠢ ᠪᠡᠶᠡᠴᠢᠯᠡᠨ ᠤᠢᠯᠠᠭᠠᠬᠤ ᠰᠢᠷᠢᠰ ᠠᠵᠢᠯᠯᠠᠭ᠎ᠠ ᠦᠷᠨᠢᠬᠦᠯᠵᠦ ᠂ ᠤᠳᠬ᠎ᠠ ᠠᠭᠤᠯᠭ᠎ᠠ ᠲᠠᠢ ᠬᠢᠴᠢᠶᠡᠯᠯᠡᠬᠡ ᠨᠢ ᠤᠶᠤᠳᠠᠳ᠎ᠤᠨ ᠬᠦᠷᠢᠶᠡᠯᠡᠯ᠎ᠢ ᠤᠯᠵᠠᠢ᠃

ᠠᠵᠢᠯᠯᠠᠭ᠎ᠠ᠎ᠳᠦ᠂ ᠤᠷᠤᠰ᠂ ᠮᠤᠨᠭᠭᠤᠯ᠂ ᠺᠤᠷᠢᠶᠠ ᠵᠡᠷᠭᠡ ᠤᠯᠤᠰ᠎ᠤᠨ ᠬᠤᠷᠢ ᠰᠢᠬᠠᠮ ᠤᠶᠤᠳᠠᠳ ᠤᠷᠤᠯᠴᠠᠵᠦ᠂ ᠪᠠᠭᠰᠢ᠎ᠶᠢᠨ ᠶᠡᠬᠡ ᠰᠤᠷᠭᠠᠭᠤᠯᠢ᠎ᠶᠢᠨ ᠤᠯᠠᠨ ᠤᠯᠤᠰ᠎ᠤᠨ ᠰᠤᠯᠢᠯᠴᠠᠭᠠᠨ᠎ᠤ ᠳᠡᠭᠡᠳᠦ ᠰᠤᠷᠭᠠᠭᠤᠯᠢ᠎ᠶᠢᠨ ᠪᠠᠭᠰᠢ ᠸᠠᠩ ᠵᠢᠶᠠ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠠᠷᠠᠳ᠎ᠤᠨ ᠵᠠᠩ ᠦᠢᠯᠡ ᠵᠢᠨ ᠡᠬᠦᠰᠦᠭᠰᠡᠨ ᠲᠡᠥᠬᠡᠨ ᠠᠬᠤᠢ ᠪᠠᠢᠳᠠᠯ ᠪᠤᠯᠤᠨ ᠡᠭᠦᠰᠦᠯ ᠳᠡᠯᠭᠡᠷᠡᠯ᠎ᠤᠨ ᠴᠠᠭ ᠬᠤᠭᠤᠴᠠᠭ᠎ᠠ᠂ ᠶᠠᠪᠤᠴᠠ᠎ᠵᠢ ᠳᠠᠨᠢᠯᠴᠠᠭᠤᠯᠵᠦ᠂ ᠦᠰᠦᠭ ᠵᠢᠷᠤᠭ᠎ᠤᠨ ᠳᠠᠨᠢᠯᠴᠠᠭᠤᠯᠭ᠎ᠠ ᠪᠡᠷ ᠵᠠᠩ ᠦᠢᠯᠡ᠂ ᠠᠮᠳᠠᠳᠦ ᠢᠳᠡᠬᠡᠨ᠂ ᠵᠠᠰᠠᠯ ᠴᠢᠮᠡᠭᠯᠡᠯ ᠵᠡᠷᠭᠡ᠎ᠵᠢ ᠡᠳ᠋ᠯᠡᠬᠦ ᠶᠤᠰᠤ ᠵᠠᠩᠰᠢᠯ᠂ ᠬᠢᠬᠦ ᠠᠷᠭ᠎ᠠ᠂ ᠭᠠᠵᠠᠷ ᠤᠷᠤᠨ᠎ᠤ ᠵᠦᠷᠢᠶ᠎ᠠ ᠵᠢ ᠨᠠᠷᠢᠨ ᠳᠠᠢᠯᠪᠤᠷᠢᠯᠠᠵᠦ᠂ ᠬᠤᠯᠪᠤᠭᠳᠠᠯ ᠪᠦᠬᠦᠢ ᠨᠡᠷᠡᠢᠳᠦᠯ᠎ᠤᠨ ᠬᠢᠳᠠᠳ ᠦᠰᠦᠭ᠎ᠢ ᠨᠢᠮᠪᠠᠢ ᠵᠢᠭᠠᠵᠦ ᠦᠭᠴᠡᠢ᠃ ᠭᠠᠳᠠᠭᠠᠳᠦ ᠵᠢᠨ ᠤᠶᠤᠳᠠᠳ ᠠᠮᠳᠠᠳᠦ ᠪᠡᠷᠡᠭᠡᠰᠠᠢ ᠠᠮᠳᠠᠯᠠᠨ᠂ ᠬᠢᠬᠦ᠌ ᠠᠷᠭ᠎ᠠ᠎ᠶ᠋ᠢ ᠰᠣᠨᠣᠰᠴᠤ᠌᠂ ᠪᠡᠷᠡᠭᠡᠰᠠᠢ᠎ᠶ᠋ᠢᠨ ᠲᠥᠷᠥᠯ ᠵᠦᠶ᠋ᠯ ᠵᠢᠴᠢ ᠡᠮᠦᠨᠡᠲᠦ ᠤᠮᠠᠷᠠᠲᠤ᠎ᠤᠷᠤᠨ᠎ᠤ ᠠᠮᠳᠠ ᠰᠢᠮ᠎ᠠ᠎ᠶᠢᠨ ᠵᠥᠷᠢᠶ᠎ᠡ᠎ᠶ᠋ᠢ ᠤᠢᠯᠠᠭᠠᠪᠠ᠃

ᠦᠨᠦᠷᠲᠦ ᠬᠠᠪᠲᠠᠭ᠎ᠠ ᠬᠢᠬᠦ᠌ ᠠᠵᠢᠯᠯᠠᠭ᠎ᠠ ᠨᠢ ᠤᠶᠤᠳᠠᠳ᠎ᠤᠨ ᠬᠠᠮᠤᠭ᠎ᠠᠴᠠ ᠰᠣᠨᠢᠷᠬᠠᠯ ᠲᠦᠷᠦᠳᠡᠭ ᠵᠦᠢᠯ ᠪᠠᠢᠯ᠎ᠠ᠃ ᠣᠯᠠᠨ᠎ᠢᠶᠠᠷ᠎ᠢᠶᠠᠨ ᠪᠠᠭ᠍ᠰᠢ᠎ᠶ᠋ᠢᠨ ᠵᠢᠡᠨ ᠳᠠᠭᠠᠭᠤᠯᠭ᠎ᠠ ᠪᠡᠷ ᠵᠠᠭᠠᠷ᠂ ᠰᠤᠢᠬ᠎ᠠ ᠡᠪᠡᠰᠦ᠂ ᠴᠠᠭᠠᠨ ᠰᠦᠭ᠌ᠪᠠ᠂ ᠪᠠᠳᠷᠠᠰᠢ ᠵᠡᠷᠭᠡ ᠡᠪᠡᠰᠦᠨ ᠡᠮ᠎ᠢ ᠲᠠᠨᠢᠭ᠍ᠰᠠᠨ᠎ᠢᠶᠠᠷ ᠪᠠᠷᠠᠬᠤ ᠥᠬᠡᠶ᠂ ᠥᠪᠡᠷ᠎ᠦᠨ ᠳᠤᠷᠠᠱᠢᠯ᠎ᠢᠶᠠᠨ ᠦᠨᠳᠦᠰᠦᠯᠡᠨ ᠠᠳᠠᠯᠢ ᠪᠤᠰᠤ ᠬᠠᠷᠢᠴᠠᠯ᠎ᠢᠶᠡᠷ ᠡᠮ᠎ᠦᠨ ᠮᠠᠲ᠋ᠧᠷᠢᠶᠠᠯ᠎ᠢ ᠬᠠᠪᠳᠠᠭ᠎ᠠ᠎ᠳᠦ ᠬᠢᠵᠦ᠍ ᠡᠲᠡᠭᠡᠳ ᠰᠠᠢᠬᠠᠨ ᠦᠨᠦᠷᠲᠦ ᠬᠠᠪᠲᠠᠭ᠎ᠠ ᠪᠣᠯᠭᠠᠭᠠᠳ ᠪᠠᠶᠠᠷᠯᠠᠵᠦ ᠪᠠᠢᠯ᠎ᠠ᠃ ᠮᠤᠨᠭᠭᠤᠯ ᠤᠯᠤᠰ᠎ᠤᠨ ᠤᠶᠤᠳᠠᠨ ᠭᠠᠩᠰᠦ᠋ᠯᠳᠠ ᠸᠠᠩ ᠵᠢᠶᠠ ᠪᠠᠭᠰᠢ᠎ᠶᠢᠨ ᠳᠠᠢᠯᠪᠤᠷᠢ᠎ᠵᠢ ᠨᠢᠮᠪᠠᠢ ᠰᠤᠨᠤᠰᠴᠤ ᠂ ᠦᠨᠦᠷᠳᠦ ᠬᠠᠪᠳᠠᠭ᠎ᠠ᠎ᠵᠢ ᠳᠡᠮᠳᠡᠢ ᠬᠡᠭᠴᠢ ᠨᠢ ᠤᠶᠤᠵᠦ ᠰᠠᠭᠤᠨ᠎ᠠ᠃ ᠲᠡᠷᠡ᠄ 《ᠠᠩᠬ᠎ᠠ ᠤᠳᠠᠭ᠎ᠠ ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠤ ᠠᠵᠢᠯᠯᠠᠭ᠎ᠠ᠎ᠳᠦ ᠤᠷᠤᠯᠴᠠᠭᠠᠳ ᠶᠡᠬᠡ ᠰᠤᠨᠢᠷᠬᠠᠯ ᠲᠠᠢ ᠰᠠᠨᠠᠭᠳᠠᠵᠦ ᠪᠠᠢᠨ᠎ᠠ ᠃ ᠪᠡᠷᠡᠭᠡᠰᠠᠢ᠎ᠶᠢᠨ ᠠᠮᠳᠠ ᠨᠢ ᠶᠡᠬᠡ ᠵᠦᠭᠡᠷ》 ᠭᠡᠵᠦ ᠪᠠᠢᠯ᠎ᠠ᠃


3.png


ᠲᠠᠪᠤᠨ ᠥᠩᠭᠡ᠎ᠶ᠋ᠢᠨ ᠲᠤᠷᠭᠠᠨ ᠤᠳᠠᠰᠤ ᠨᠢ ᠭᠠᠯ᠂ ᠰᠢᠷᠤᠢ᠂ ᠳᠡᠮᠦᠷ᠂ ᠤᠰᠤ᠂ ᠮᠤᠳᠤ᠎ᠵᠢ ᠲᠦᠯᠦᠬᠡᠯᠡᠨ᠂ ᠠᠮᠢ ᠠᠮᠢᠵᠢᠷᠠᠯ᠂ ᠤᠮᠤᠭ ᠵᠤᠷᠢᠭ᠂ ᠠᠮᠤᠷ ᠠᠮᠤᠭᠤᠯᠠᠩ᠂ ᠡᠷᠡᠰ ᠪᠠᠳᠤ᠂ ᠬᠤᠷᠴᠠ ᠭᠠᠪᠰᠢᠭᠠᠢ᠎ᠵᠢ ᠪᠡᠯᠭᠡᠳᠡᠳᠡᠭ᠃ ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠳᠦ ᠬᠥᠮᠦᠰ ᠲᠠᠪᠤᠨ ᠥᠩᠭᠡ᠎ᠶ᠋ᠢᠨ ᠬᠦᠷᠦᠮᠡᠯ ᠵᠡᠬᠦᠯᠳᠡ ᠬᠦᠷᠦᠵᠦ᠂ ᠡᠷᠡᠭᠦᠯ ᠮᠡᠨᠳᠦ᠂ ᠦᠯᠵᠡᠢ ᠪᠡᠯᠭᠡ ᠲᠠᠢ ᠪᠠᠢᠬᠤ᠎ᠪᠠᠨ ᠳᠠᠭᠠᠳᠬᠠᠳᠠᠭ᠃ ᠤᠶᠤᠳᠠᠳ ᠥᠪᠡᠷᠰᠠᠳ᠎ᠢᠶᠡᠨ ᠭᠠᠷ ᠬᠦᠳᠡᠯᠦᠨ ᠬᠦᠷᠦᠮᠡᠯ ᠵᠡᠬᠦᠯᠳᠡ ᠪᠡᠨ ᠨᠢᠮᠪᠠᠢᠯᠠᠨ ᠬᠢᠵᠦ᠂ ᠡᠯ᠎ᠡ ᠵᠦᠶ᠋ᠯ᠎ᠦᠨ ᠵᠠᠰᠠᠯ ᠴᠢᠮᠡᠭ᠌ᠯᠡᠯ᠎ᠦᠨ ᠡᠳ᠋ ᠨᠡᠮᠡᠵᠦ᠂ ᠨᠢᠭᠡ ᠨᠢᠭᠡᠨ᠎ᠳᠡᠭᠡᠨ ᠵᠡᠭᠦᠯᠭᠡᠵᠦ ᠪᠠᠶᠠᠷᠯᠠᠯᠳᠤᠨ᠎ᠠ᠃ 《ᠲᠤᠮᠳᠠᠳᠦ᠎ᠶᠢᠨ ᠤᠯᠠᠮᠵᠢᠯᠠᠯᠳᠤ ᠰᠤᠶᠤᠯ᠎ᠢ ᠭᠠᠳᠠᠭᠠᠳᠤ ᠵᠢᠨ ᠤᠶᠤᠳᠠᠳ ᠲᠦ᠍ ᠤᠢᠯᠠᠭᠠᠭᠤᠯᠬᠤ᠎ᠵᠢ ᠵᠤᠷᠢᠵᠦ ᠮᠠᠨ᠎ᠤ ᠰᠤᠷᠭᠠᠭᠤᠯᠢ ᠭᠠᠷᠠᠭ᠎ᠲᠦ ᠨᠢᠭᠡ ᠤᠳᠠᠭ᠎ᠠ ᠲᠡᠥᠬᠡ ᠰᠤᠶᠤᠯ ᠵᠠᠩ ᠦᠢᠯᠡ᠎ᠶᠢᠨ ᠬᠢᠴᠢᠶᠡᠯ ᠲᠤᠬᠢᠷᠠᠭᠤᠯᠵᠦ ᠪᠠᠢᠭ᠎ᠠ ᠶᠤᠮ ᠃ ᠳᠠᠪᠤᠨ ᠰᠠᠷ᠎ᠠ᠎ᠶᠢᠨ ᠰᠢᠨ᠎ᠠ᠎ᠶᠢᠨ ᠳᠠᠪᠤᠨ᠎ᠤ ᠠᠵᠢᠯᠯᠠᠭ᠎ᠠ᠎ᠳᠦ ᠲᠤᠮᠳᠠᠳᠦ᠎ᠶᠢᠨ ᠪᠤᠯᠪᠠᠰᠤᠨ᠎ᠢ ᠬᠦᠷᠰᠢ ᠵᠡᠷᠭᠡᠯᠡᠳᠡᠭᠡ ᠤᠯᠤᠰ ᠤᠷᠤᠨ᠎ᠳᠤ ᠳᠠᠨᠢᠭᠤᠯᠬᠤ᠂ ᠤᠶᠤᠳᠠᠳ᠎ᠤᠨ ᠤᠯᠤᠰ ᠤᠷᠤᠨ᠎ᠢᠶᠡᠨ ᠬᠠᠢᠷᠠᠯᠠᠬᠤ ᠦᠵᠡᠯ ᠰᠤᠷᠳᠠᠯ᠎ᠢ ᠬᠦᠮᠦᠵᠢᠬᠦᠯᠬᠦ᠎ᠳᠦ ᠮᠠᠰᠢ ᠠᠰᠢᠭᠳᠠᠢ᠃ ᠮᠦᠨ᠎ᠴᠦ᠂ ᠲᠤᠮᠳᠠᠳᠦ᠎ᠶᠢᠨ ᠰᠤᠶᠤᠯ᠎ᠢ ᠤᠢᠯᠠᠭᠠᠬᠤ ᠨᠢ ᠬᠢᠳᠠᠳ ᠬᠡᠯᠡ᠎ᠵᠢ ᠢᠳᠡᠪᠬᠢᠳᠡᠢ ᠰᠤᠷᠬᠤ᠎ᠳᠦ ᠴᠢᠬᠤᠯᠠ ᠦᠢᠯᠡᠳᠦᠯ ᠦᠵᠡᠬᠦᠯᠦᠨ᠎ᠠ ᠭᠡᠵᠦ ᠪᠢ ᠪᠤᠳᠤᠵᠦ ᠪᠠᠢᠨ᠎ᠠ》 ᠭᠡᠵᠦ ᠪᠠᠭᠰᠢ᠎ᠶᠢᠨ ᠶᠡᠬᠡ ᠰᠤᠷᠭᠠᠭᠤᠯᠢ᠎ᠶᠢᠨ ᠤᠯᠠᠨ ᠤᠯᠤᠰ᠎ᠤᠨ ᠰᠤᠯᠢᠯᠴᠠᠭᠠᠨ᠎ᠤ ᠳᠡᠭᠡᠳᠦ ᠰᠤᠷᠭᠠᠭᠤᠯᠢ᠎ᠶᠢᠨ ᠪᠠᠭᠰᠢ ᠬᠠᠰᠴᠢᠯᠠᠭᠤ ᠤᠴᠢᠷᠯᠠᠨ᠎ᠠ᠃

ᠦᠪᠦᠷ ᠮᠤᠨᠭᠭᠤᠯ᠎ᠤᠨ ᠪᠠᠭᠰᠢ᠎ᠶᠢᠨ ᠶᠡᠬᠡ ᠰᠤᠷᠭᠠᠭᠤᠯᠢ ᠭᠠᠳᠠᠭᠠᠳᠦ ᠵᠢᠨ ᠤᠶᠤᠳᠠᠳ᠎ᠲᠦ ᠲᠤᠮᠳᠠᠳᠦ᠎ᠶᠢᠨ ᠰᠢᠯᠢᠳᠡᠭ ᠤᠯᠠᠮᠵᠢᠯᠠᠯᠳᠦ ᠰᠤᠶᠤᠯ᠎ᠢ ᠨᠡᠩ ᠰᠠᠢᠨ ᠤᠢᠯᠠᠭᠠᠭᠤᠯᠬᠤ᠎ᠶᠢᠨ ᠲᠤᠯᠠᠳᠠ᠂ ᠭᠠᠷᠠᠭ᠎ᠤᠨ ᠴᠢᠯᠦᠬᠡ ᠠᠮᠠᠷᠠᠯᠳᠠ᠎ᠵᠢ ᠲᠤᠬᠢᠶᠠᠯᠳᠤᠭᠤᠯᠤᠨ᠂ ᠲᠤᠮᠳᠠᠳᠦ᠎ᠶᠢᠨ ᠴᠠᠢ᠎ᠶᠢᠨ ᠰᠤᠶᠤᠯ᠂ ᠠᠷᠠᠯᠵᠢᠶ᠎ᠠ ᠬᠤᠳᠠᠯᠳᠤᠭ᠎ᠠ᠎ᠶᠢᠨ ᠲᠡᠥᠬᠡ ᠰᠤᠶᠤᠯ᠂ ᠮᠦᠩᠬᠦᠨ ᠬᠦᠢᠯᠬᠡᠬᠡ᠂ ᠵᠤᠭᠤᠰ᠎ᠤᠨ ᠰᠤᠶᠤᠯ᠂ ᠰᠢᠳᠠᠷ᠎ᠠ᠂ 《ᠨᠢᠭᠡ ᠪᠦᠰᠡ ᠨᠢᠭᠡ ᠵᠠᠮ》 ᠶ᠋ᠢᠨ ᠲᠡᠥᠬᠡ ᠰᠤᠶᠤᠯ᠎ᠢ ᠳᠠᠨᠢᠭᠤᠯᠬᠤ ᠪᠡᠷ ᠲᠤᠬᠠᠢ᠎ᠶᠢᠨ ᠭᠠᠵᠠᠷ᠎ᠲᠦ ᠳᠠᠭᠠᠭᠤᠯᠤᠨ ᠬᠦᠷᠴᠦ ᠪᠡᠶᠡᠴᠢᠯᠡᠨ ᠤᠢᠯᠠᠭᠠᠭᠤᠯᠵᠦ ᠪᠠᠢᠬᠤ ᠪᠦᠭᠡᠳ ᠵᠢᠯ᠎ᠳᠦ ᠨᠢᠭᠡ ᠤᠳᠠᠭ᠎ᠠ ᠰᠤᠶᠤᠯ᠎ᠤᠨ ᠠᠭᠤᠯᠤᠭᠳᠠᠬᠤᠨ ᠡᠯᠪᠡᠭ ᠭᠠᠵᠠᠷ ᠤᠷᠤᠨ᠎ᠢᠶᠡᠷ ᠰᠢᠨᠵᠢᠯᠡᠨ ᠰᠤᠳᠤᠯᠵᠦ ᠪᠠᠢᠨ᠎ᠠ᠃


5.png


ᠲᠤᠰ ᠤᠳᠠᠭᠠᠨ᠎ᠤ ᠰᠢᠷᠢᠰ ᠠᠵᠢᠯᠯᠠᠭ᠎ᠠ᠎ᠳᠤ ᠪᠠᠰᠠ ᠬᠤᠯᠤᠰᠤ ᠪᠡᠷ ᠯᠤᠤᠳᠤ ᠤᠩᠭᠤᠴᠠ ᠦᠢᠯᠡᠳᠬᠦ᠂ ᠠᠰᠠᠭᠤᠯᠳᠠ ᠬᠠᠷᠢᠭᠤᠯᠬᠤ᠂ ᠮᠡᠳᠡᠯᠭᠡ᠎ᠶᠢᠨ ᠲᠤᠭᠯᠠᠭᠠᠮ ᠲᠤᠭᠯᠠᠬᠤ᠂ ᠰᠤᠢᠬ᠎ᠠ ᠡᠪᠡᠰᠦᠨ ᠪᠠᠭᠴᠠ ᠬᠢᠬᠦ ᠬᠡᠬᠦᠴᠢᠯᠡᠨ ᠰᠤᠨᠢᠷᠬᠠᠯᠳᠦ ᠠᠵᠢᠯᠯᠠᠭ᠎ᠠ ᠦᠷᠨᠢᠬᠦᠯᠦᠨ᠂ ᠭᠠᠳᠠᠭᠠᠳᠤ ᠵᠢᠨ᠎ᠤᠶᠤᠳᠠᠳ᠎ᠤᠨ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠲᠡᠦᠬᠡ ᠰᠣᠶᠣᠯ᠎ᠤᠨ ᠲᠤᠬᠠᠶ ᠣᠢᠯᠠᠭᠠᠯᠲᠠ᠎ᠶ᠋ᠢ ᠭᠦᠨᠵᠡᠭᠡᠢᠷᠡᠭᠦᠯᠵᠦ᠍᠂ ᠳᠤᠮᠳᠠᠳᠤ ᠤᠯᠤᠰ᠎ᠤᠨ ᠤᠯᠠᠮᠵᠢᠯᠠᠯᠲᠤ ᠰᠣᠶᠣᠯ᠎ᠤᠨ ᠷᠢᠳᠢ ᠱᠢᠳᠢ᠎ᠶ᠋ᠢ ᠭᠦᠶ᠋ᠴᠡᠳ ᠣᠢᠯᠠᠭᠠᠭᠤᠯᠵᠤ᠂ ᠲᠤᠬᠠᠶ᠎ᠶ᠋ᠢᠨ ᠭᠠᠵᠠᠷ᠎ᠤᠨ ᠶᠤᠰᠤ ᠵᠠᠩᠰᠢᠯ᠎ᠳᠦ ᠠᠭᠤᠰᠬᠠᠨ᠂ ᠵᠠᠩ ᠦᠢᠯᠡ᠎ᠳᠤ ᠠᠭᠤᠰᠭᠠᠬᠤ᠂ ᠨᠥᠬᠥᠷᠯᠡᠯ᠎ᠢᠶᠡᠨ ᠵᠤᠵᠠᠭᠠᠳᠭᠠᠬᠤ᠂ ᠣᠯᠠᠨ ᠶᠠᠩᠵᠤ᠎ᠶ᠋ᠢᠨ ᠰᠣᠶᠣᠯ᠎ᠤᠨ ᠣᠢᠯᠠᠭᠠᠯᠴᠠᠭ᠎ᠠ ᠪᠠ ᠰᠣᠯᠢᠯᠴᠠᠭ᠎ᠠ᠎ᠪᠠᠨ ᠳᠡᠭᠡᠭ᠌ᠰᠢᠯᠡᠭᠦᠯᠬᠦ᠌᠎ᠶ᠋ᠢ ᠵᠣᠷᠢᠭ᠍ᠵᠢᠭᠤᠯᠵᠦ᠂ ᠲᠤᠮᠳᠠᠳᠦ᠎ᠵᠢ ᠤᠢᠯᠠᠭᠠᠬᠤ᠂ ᠲᠤᠮᠳᠠᠳᠦ᠎ᠵᠢ ᠬᠦᠷᠢᠶᠡᠯᠡᠬᠦ᠂ ᠲᠤᠮᠳᠠᠳᠦ᠎ᠵᠢ ᠬᠠᠢᠷᠠᠯᠠᠬᠤ᠎ᠳᠦ ᠢᠳᠡᠪᠬᠢ ᠬᠦᠴᠦᠨ ᠵᠢᠳᠬᠦᠯ ᠦᠵᠡᠬᠦᠯᠬᠦ᠎ᠵᠢ ᠵᠤᠷᠢᠵᠠᠢ᠃


ᠤᠳᠠᠴᠢ ᠪᠤᠷᠬᠠᠨ ᠵᠠᠯᠠᠷᠠᠨ ᠪᠠᠭᠤᠭᠰᠠᠨ ᠭᠡᠬᠦ ᠲᠤᠮᠤᠭ ᠡᠴᠡ ᠡᠷᠡᠬᠦᠯ ᠡᠩᠭᠡ ᠵᠢᠨ ᠪᠡᠯᠭᠡᠳᠡᠯ᠎ᠢ ᠤᠢᠯᠠᠭᠠᠬᠤᠢ

ᠮᠤᠩᠭᠤᠯᠴᠤᠳ ᠪᠢᠯᠢᠭ᠎ᠤᠨ ᠤᠯᠠᠷᠢᠯ᠎ᠤᠨ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠦᠷ ᠵᠢᠡᠷ ᠪᠤᠰᠴᠤ᠂ ᠦᠭᠡ ᠲᠤᠤᠭᠠᠷᠬᠤ ᠦᠬᠡᠢ ᠪᠡᠷ ᠬᠤᠳᠳᠤᠭ ᠪᠤᠶᠤ ᠭᠤᠤᠯ᠎ᠤᠨ ᠤᠰᠤᠨ᠎ᠳᠤ ᠰᠡᠬᠦᠳᠡᠷ ᠵᠢᠡᠨ ᠲᠤᠰᠬᠠᠨ᠂ ᠬᠤᠳᠳᠤᠭ ᠪᠤᠶᠤ ᠭᠤᠤᠯ᠎ᠤᠨ ᠤᠰᠤᠨ ᠡᠴᠡ ᠠᠪᠴᠤ ᠭᠠᠵᠠᠷ ᠬᠦᠷᠭᠡᠯ ᠦᠭᠡᠢ ᠪᠡᠷ ᠤᠤᠭᠤᠵᠦ᠂ ᠨᠢᠭᠤᠷ ᠭᠠᠷ ᠵᠢᠡᠨ ᠤᠬᠢᠶᠠᠨ᠂ ᠠᠮᠠ ᠪᠠᠨ ᠵᠠᠢᠯᠠᠵᠦ ᠪᠡᠶ᠎ᠠ ᠪᠠᠨ ᠠᠷᠢᠭᠤᠳᠬᠠᠳᠠᠭ᠃ ᠡᠨᠡ ᠭᠠᠵᠠᠷ ᠬᠦᠷᠭᠡᠭᠡ ᠦᠭᠡᠢ ᠤᠰᠤ ᠪᠠᠨ ᠲᠡᠬᠦᠵᠢᠡᠭ ᠤᠰᠤ ᠭᠡᠵᠦ᠂ ᠲᠡᠬᠦᠵᠢᠡᠭ ᠤᠰᠤ ᠪᠡᠨ ᠭᠡᠷ ᠲᠡᠭᠡᠨ ᠠᠪᠠᠴᠢᠵᠤ᠂ ᠨᠠᠰᠤᠳᠠᠢᠴᠤᠳ᠎ᠤᠨ ᠵᠢᠡᠨ ᠨᠢᠭᠤᠷ ᠭᠠᠷ᠎ᠢ ᠨᠢ ᠤᠬᠢᠶᠠᠨ ᠦᠭᠴᠦ᠂ ᠡᠪᠡᠳᠴᠢᠨ ᠵᠤᠪᠠᠯᠠᠩ ᠡᠴᠡ ᠵᠠᠢᠯᠠᠭᠤᠯᠬᠤ ᠵᠢ ᠵᠦᠩᠨᠡᠳᠡᠭ᠃

ᠪᠠᠰᠠ ᠨᠡᠷᠡ ᠪᠢᠳᠡᠬᠦᠤ ᠪᠡᠷ ᠬᠡᠬᠡᠷ᠎ᠠ ᠭᠠᠷᠴᠤ ᠠᠬᠢ ᠰᠤᠢᠬ᠎ᠠ ᠡᠪᠡᠰᠤ ᠲᠡᠬᠦᠵᠤ ᠴᠢᠬᠢᠨ᠎ᠳᠡᠭᠡᠨ ᠵᠡᠬᠦᠳᠡᠭ ᠪᠦᠭᠡᠳ ᠠᠬᠢ᠂ ᠰᠤᠢᠬ᠎ᠠ᠂ ᠲᠤᠭᠤᠯ ᠡᠪᠡᠰᠤ ᠵᠡᠷᠭᠡ ᠮᠡᠳᠤ ᠡᠪᠡᠰᠦ ᠵᠢ ᠲᠡᠬᠦᠨ ᠭᠡᠷ ᠲᠡᠭᠡᠨ ᠠᠪᠴᠢᠷᠠᠵᠦ᠂ ᠡᠬᠦᠳᠡ ᠴᠤᠡᠭᠬᠤ᠂ ᠠᠪᠳᠠᠷ᠎ᠠ ᠬᠤᠷᠭᠤ ᠵᠢᠨ ᠵᠠᠪᠰᠠᠷ ᠵᠢᠡᠷ ᠬᠠᠪᠴᠢᠭᠤᠯᠵᠦ᠂ ᠡᠷᠡᠬᠦᠯ ᠡᠩᠭᠡ ᠪᠠᠢᠬᠤ ᠵᠢ ᠬᠦᠰᠡᠳᠡᠭ᠃

ᠤᠳᠠᠴᠢ ᠪᠤᠷᠬᠠᠨ ᠵᠠᠯᠠᠷᠠᠨ ᠪᠠᠭᠤᠭᠰᠠᠨ ᠪᠤᠯᠬᠤᠷ ᠲᠤᠰ ᠡᠳᠦᠷ ᠡᠮᠴᠢ ᠰᠤᠷᠪᠠᠯ ᠰᠠᠢᠨ ᠡᠮᠴᠢ ᠪᠤᠯᠵᠦ ᠴᠢᠳᠠᠨ᠎ᠠ ᠭᠡᠳᠡᠭ ᠤᠯᠠᠮᠵᠢᠯᠠᠯ ᠶᠠᠷᠢᠶ᠎ᠠ ᠪᠤᠢ᠃ ᠮᠤᠩᠭᠤᠯᠴᠤᠳ ᠡᠷᠳᠡ ᠦᠶ᠎ᠡ᠎ᠳᠤ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠡᠳᠦᠷ ᠬᠦᠷᠢᠶ᠎ᠡ ᠠᠩ ᠬᠢᠳᠡᠭ ᠵᠠᠩᠰᠢᠯ ᠲᠠᠢ ᠪᠠᠢᠪᠠ᠃ ᠤᠳᠤ ᠡᠨᠡ ᠬᠦ᠌ ᠵᠠᠩᠰᠢᠯ ᠨᠢᠭᠡᠨᠳᠡ ᠭᠡᠭᠡᠭᠳᠡᠭᠰᠡᠨ ᠪᠤᠯᠪᠠᠴᠤ᠂ ᠬᠤᠷᠴᠢᠨ ᠮᠤᠩᠭᠤᠯᠴᠤᠳ ᠲᠠᠪᠤᠨ ᠰᠠᠷ᠎ᠠ ᠵᠢᠨ ᠰᠢᠨ᠎ᠡ ᠵᠢᠨ ᠲᠠᠪᠤᠨ᠎ᠤ ᠡᠳᠦᠷ ᠲᠤᠭᠤᠯ ᠲᠠᠩ ᠢᠳᠡᠵᠦ᠂ ᠲᠠᠬᠢᠶᠠᠨ ᠦᠨᠳᠡᠭᠡ ᠦᠩᠬᠦᠷᠢᠭᠦᠯᠳᠡᠭ ᠵᠠᠩᠰᠢᠯ ᠵᠢᠡᠨ ᠪᠠᠰᠠ ᠬᠠᠳᠠᠭᠠᠯᠠᠨ ᠤᠯᠠᠮᠵᠢᠯᠠᠭᠰᠠᠭᠠᠷ᠃ ᠬᠠᠷᠢᠨ ᠤᠷᠠᠳ ᠮᠤᠩᠭᠤᠯᠴᠤᠳ ᠨᠠᠷᠠᠨ ᠡᠴᠡ ᠡᠮᠦᠨ᠎ᠡ ᠮᠠᠯ ᠵᠢᠡᠨ ᠪᠡᠯᠴᠢᠭᠡᠵᠦ᠂ ᠲᠠᠪᠤᠨ ᠬᠤᠰᠢᠭᠤ ᠮᠠᠯ ᠵᠢᠡᠨ ᠲᠠᠷᠭᠤ ᠬᠦᠴᠦ ᠰᠠᠢᠳᠠᠢ ᠦᠨᠢᠷ ᠦᠰᠬᠦ ᠵᠢ ᠪᠡᠯᠭᠡᠰᠢᠶᠡᠳᠡᠭ ᠪᠦᠭᠡᠳ ᠠᠷᠴᠠ ᠲᠡᠬᠦᠬᠦ ᠵᠠᠩᠰᠢᠯ ᠲᠠᠢ᠃

ᠴᠠᠬ ᠦᠶ᠎ᠡ ᠵᠢᠨ ᠬᠦᠭᠵᠢᠯᠳᠡ ᠵᠢ ᠲᠠᠭᠠᠯᠳᠤᠭᠠᠳ ᠪᠠᠷᠡᠭᠡᠰᠠᠢ ᠢᠳᠡᠬᠦ᠂ ᠲᠠᠪᠤᠨ ᠦᠩᠭᠡ ᠵᠢᠨ ᠲᠤᠷᠭᠠᠨ ᠤᠳᠠᠰᠤ ᠵᠡᠬᠦᠬᠦ᠂ ᠬᠤᠯᠤ ᠲᠡᠬᠦᠵᠢᠯᠡᠬᠦ ᠵᠡᠷᠭᠡ ᠲᠤᠮᠳᠠᠳᠤ ᠵᠢᠨ ᠤᠯᠠᠮᠵᠢᠯᠠᠯᠳᠤ ᠵᠠᠩᠰᠢᠯ ᠵᠢᠡᠷ ᠲᠠᠪᠤᠨ ᠰᠠᠷ᠎ᠠ ᠵᠢᠨ ᠰᠢᠨ᠎ᠠ ᠵᠢᠨ ᠲᠠᠪᠤᠨ ᠵᠢᠡᠨ ᠪᠡᠯᠭᠡᠯᠡᠵᠦ ᠴᠦ᠍ ᠪᠤᠢ᠃ ᠡᠯ᠎ᠡ ᠦᠨᠳᠦᠰᠦᠳᠡᠨ ᠪᠤᠶᠤ ᠠᠢᠮᠠᠬ ᠤᠭᠰᠠᠭ᠎ᠠ ᠵᠢᠨ ᠲᠠᠪᠤᠨ ᠰᠠᠷ᠎ᠠ ᠵᠢᠨ ᠰᠢᠨ᠎ᠠ ᠵᠢᠨ ᠲᠠᠪᠤᠨ᠎ᠤ ᠵᠠᠩ ᠦᠢᠯᠡ ᠬᠤᠭᠤᠷᠤᠨᠳᠤ ᠪᠠᠨ ᠬᠠᠷᠠᠬᠠᠨ ᠢᠯᠭᠠᠭ᠎ᠠ ᠲᠠᠢ ᠪᠤᠯᠪᠠᠴᠤ ᠡᠷᠡᠬᠦᠯ ᠴᠢᠬᠢᠷᠠᠭ᠂ ᠠᠮᠤᠷ ᠲᠠᠢᠪᠤᠩ᠂ ᠦᠭᠡᠳᠡ ᠡᠰᠡᠷᠡᠭ ᠪᠠᠢᠬᠤ ᠵᠢ ᠪᠡᠯᠭᠡᠳᠡᠭᠰᠡᠨ ᠲᠠᠯ᠎ᠠ ᠪᠠᠷ ᠵᠢᠡᠨ ᠪᠦᠷ ᠠᠳᠠᠯᠢᠬᠠᠨ ᠪᠠᠢᠳᠠᠭ᠃

(ᠵᠤᠬᠢᠶᠠᠯ / ᠵᠢᠷᠤᠭ᠄ ᠬᠦᠭᠵᠢᠯᠳᠤ ᠭᠤᠤ ᠬᠤᠩ ᠯᠢᠶᠠᠨ ᠰᠡᠷᠮᠡᠬᠦᠨ ᠴᠡᠩᠭᠡᠷ ᠶᠠᠩ ᠪᠢᠩ ᠢ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面