2026-11-15 11:39:25
ᠦᠪᠤᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠠᠯ ᠤ᠋ᠨ ᠲᠢᠩᠬᠢᠮ ᠡᠴᠡ ᠤᠢᠯᠠᠭᠠᠭᠰᠠᠨ ᠢ᠋ᠶ᠋ᠡᠷ᠂ ᠮᠠᠨ ᠤ᠋ ᠤᠷᠤᠨ ᠪᠥᠬᠥ ᠤᠯᠤᠰ ᠤ᠋ᠨ ᠵᠢᠭᠤᠯᠴᠢᠯᠠᠭᠰᠠᠳ ᠲᠦ᠍ ᠵᠤᠷᠢᠭᠤᠯᠤᠨ ᠤᠢᠷ᠎ᠠ ᠳ᠋ᠤ 500 ᠲᠦᠮᠡᠨ ᠲᠥᠭᠥᠷᠢᠭ ᠤ᠋ᠨ ᠡᠪᠤᠯ ᠤ᠋ᠨ ᠤᠯᠠᠷᠢᠯ ᠤ᠋ᠨ ᠰᠣᠶᠣᠯ ᠵᠢᠭᠤᠯᠴᠢᠯᠠᠯ ᠤ᠋ᠨ ᠬᠡᠷᠡᠭᠯᠡᠭᠡᠨ ᠤ᠋ ᠲᠡᠮᠳᠡᠭᠳᠦ ᠲᠠᠷᠬᠠᠭᠠᠵᠤ᠂ ᠦᠵᠡᠮᠵᠢ ᠶ᠋ᠢᠨ ᠣᠷᠣᠨ ᠤ᠋ ᠡᠭᠦᠳᠡᠨ ᠪᠢᠯᠧᠲ᠂ ᠴᠠᠨᠠᠯᠠᠯᠳᠠ᠂ ᠲᠣᠨᠣᠭ ᠲᠥᠬᠦᠭᠡᠷᠦᠮᠵᠢ ᠲᠦᠷᠢᠶᠡᠰᠦᠯᠡᠬᠦ ᠦᠢᠯᠡᠴᠢᠯᠡᠭᠡ ᠵᠡᠷᠭᠡ ᠵᠢ ᠴᠥᠮ ᠬᠠᠷᠠᠭᠠᠯᠵᠠᠯ ᠤ᠋ᠨ ᠬᠡᠪᠴᠢᠶᠡᠨ ᠳ᠋ᠦ ᠣᠷᠣᠭᠤᠯᠪᠠ᠃
ᠤᠢᠯᠠᠭᠠᠭᠰᠠᠨ ᠢ᠋ᠶ᠋ᠠᠷ᠂ ᠡᠨᠡ ᠡᠪᠦᠯ ᠮᠠᠨ ᠤ᠋ ᠣᠷᠣᠨ 《ᠪᠠᠶᠠᠷ ᠪᠠᠶᠠᠰᠬᠤᠯᠠᠩᠳᠦ ᠮᠥᠰᠥ ᠴᠠᠰᠤᠨ ᠤ᠋ ᠤᠯᠠᠷᠢᠯ ᠠᠶᠠᠯᠭᠤᠳᠤ ᠵᠢᠭᠤᠯᠴᠢᠯᠠᠯ ᠦᠪᠦᠷ ᠮᠤᠨᠭᠭᠤᠯ》 ᠢ᠋ᠶ᠋ᠠᠷ ᠭᠣᠣᠯ ᠰᠡᠳᠦᠪ ᠪᠣᠯᠭᠠᠨ᠂ ᠮᠥᠰᠥ ᠴᠠᠰᠤᠨ ᠤ᠋ ᠵᠢᠭᠤᠯᠴᠢᠯᠠᠯ᠂ ᠮᠥᠰᠥ ᠴᠠᠰᠤᠨ ᠤ᠋ ᠪᠡᠶ᠎ᠠ ᠵᠢᠨ ᠲᠠᠮᠢᠷ᠂ ᠮᠥᠰᠥ ᠴᠠᠰᠤᠨ ᠤ᠋ ᠰᠣᠶᠣᠯ᠂ ᠮᠥᠰᠥ ᠴᠠᠰᠤᠨ ᠤ᠋ ᠵᠠᠩ ᠦᠶ᠋ᠯᠡ᠂ ᠮᠥᠰᠥ ᠴᠠᠰᠤᠨ ᠤ᠋ ᠡᠷᠡᠭᠦᠯᠵᠢᠯ ᠤ᠋ᠨ ᠠᠵᠢᠯᠯᠠᠭ᠎ᠠ ᠶ᠋ᠢᠨ ᠲᠣᠭᠣᠷᠢᠨ ᠳ᠋ᠤ ᠠᠯᠢ ᠣᠯᠠᠨ ᠣᠨᠴᠠᠯᠢᠭ᠍ᠲᠤ ᠠᠵᠢᠯᠯᠠᠭ᠎ᠠ ᠪᠠ ᠰᠣᠳᠣᠨ ᠵᠠᠮ ᠱᠤᠭᠤᠮ ᠢ᠋ ᠭᠠᠷᠭᠠᠵᠠᠢ᠃ ᠵᠢᠭᠤᠯᠴᠢᠯᠠᠭᠰᠠᠳ ᠬᠥᠬᠡᠬᠣᠲᠠ ᠳ᠋ᠤ ᠥᠯᠵᠡᠢᠲᠦ ᠡᠳᠦᠷ ᠤ᠋ᠨ ᠰᠦᠮ᠎ᠡ ᠶ᠋ᠢᠨ ᠴᠤᠭᠯᠠᠭᠠᠨ ᠢ᠋ᠶ᠋ᠠᠷ ᠲᠣᠭᠣᠷᠢᠵᠤ᠂ ᠪᠣᠳᠠᠰ ᠤ᠋ᠨ ᠪᠤᠰᠤ ᠰᠣᠶᠣᠯ ᠤ᠋ᠨ ᠥᠪ ᠢ᠋ ᠰᠣᠨᠢᠷᠬᠠᠨ᠂ ᠠᠮᠲᠠᠲᠤ ᠢᠳᠡᠭᠡᠨ ᠠᠮᠳᠠᠯᠠᠵᠦ᠂ ᠬᠤᠸᠠᠷ ᠫᠤᠤᠵᠢᠩ ᠰᠣᠨᠢᠷᠬᠠᠵᠤ ᠪᠣᠯᠣᠨ᠎ᠠ; ᠪᠤᠭᠤᠲᠤ ᠳ᠋ᠤ ᠬᠠᠲᠤᠨ ᠭᠣᠣᠯ ᠤ᠋ᠨ ᠬᠠᠯᠢᠶ᠎ᠠ ᠦᠶᠡᠷ ᠢ᠋ ᠰᠣᠨᠢᠷᠬᠠᠵᠤ᠂ ᠶᠡᠬᠡ ᠭᠣᠣᠯ ᠤ᠋ᠨ ᠠᠥᠭᠠ ᠰᠦᠷᠯᠢᠭ ᠪᠠᠢᠳᠠᠯ ᠢ᠋ ᠮᠡᠳᠡᠷᠡᠵᠦ ᠪᠣᠯᠣᠨ᠎ᠠ; ᠬᠢᠩᠭᠠᠨ ᠠᠢᠮᠠᠭ ᠲᠦ᠍ ᠡᠪᠦᠯ ᠬᠦᠯᠳᠡᠳᠡᠭ ᠦᠬᠡᠢ ᠪᠦᠯᠢᠶᠡᠨ ᠭᠣᠣᠯ ᠢ᠋ ᠦᠵᠡᠨ᠂ ᠬᠠᠯᠠᠭᠤᠨ ᠷᠠᠰᠢᠶᠠᠨ ᠳ᠋ᠤ ᠰᠠᠭᠤᠵᠤ᠂ ᠬᠠᠬᠢᠷ ᠬᠦᠢᠳᠡᠨ ᠬᠢᠭᠡᠳ ᠭᠠᠯ ᠬᠠᠯᠠᠭᠤᠨ ᠰᠤᠯᠪᠢᠴᠠᠭᠰᠠᠨ ᠥᠪᠡᠷᠮᠢᠴᠡ ᠲᠦᠷᠦᠭᠳᠡᠯ ᠢ᠋ ᠮᠡᠳᠡᠷᠡᠵᠦ ᠪᠣᠯᠣᠨ᠎ᠠ; ᠲᠦᠩᠯᠢᠶᠣᠣ ᠬᠤᠳᠠ ᠳ᠋ᠦ ᠬᠣᠣᠯᠢᠨ ᠭᠣᠣᠯ ᠤ᠋ᠨ ᠮᠥᠰᠥ ᠴᠠᠰᠤᠨ ᠤ᠋ ᠨᠠᠷᠬᠢᠶᠠᠨ ᠢ᠋ ᠰᠣᠨᠢᠷᠬᠠᠨ᠂ ᠬᠡᠭᠡᠷᠡᠯᠡᠨ ᠠᠶᠠᠯᠠᠵᠦ᠂ ᠮᠥᠰᠥᠨ ᠭᠤᠤᠯ ᠳ᠋ᠦ ᠵᠢᠭᠠᠰᠤ ᠭᠥᠬᠢᠳᠡᠬᠦ ᠬᠠᠪᠤ ᠴᠡᠩᠭᠡᠯ ᠢ᠋ ᠪᠡᠶᠡᠴᠢᠯᠡᠨ ᠣᠢᠯᠠᠭᠠᠵᠤ ᠪᠣᠯᠣᠨ᠎ᠠ; ᠤᠯᠠᠭᠠᠨᠬᠠᠳᠠ ᠳ᠋ᠤ ᠲᠡᠯᠡᠢᠨᠠᠭᠤᠷ ᠤ᠋ᠨ ᠡᠪᠦᠯ ᠤ᠋ᠨ ᠠᠩᠨᠠᠯ ᠳ᠋ᠤ ᠣᠷᠣᠯᠴᠠᠵᠤ᠂ ᠵᠢᠭᠠᠰᠤ ᠠᠩᠨᠠᠬᠤ ᠰᠣᠶᠣᠯ ᠢ᠋ ᠰᠣᠨᠢᠷᠬᠠᠨ᠂ ᠡᠪᠦᠯ ᠤ᠋ᠨ ᠵᠢᠭᠠᠰᠤᠨ ᠤ᠋ ᠰᠣᠷᠭᠣᠭ ᠠᠮᠲᠠ ᠵᠢ ᠠᠮᠲᠠᠯᠠᠵᠤ ᠪᠣᠯᠣᠨ᠎ᠠ; ᠰᠢᠯᠢ ᠶ᠋ᠢᠨ ᠭᠣᠣᠯ ᠳ᠋ᠤ ᠡᠪᠦᠯ ᠤ᠋ᠨ ᠤᠯᠠᠷᠢᠯ ᠤ᠋ᠨ ᠮᠣᠩᠭᠣᠯ ᠮᠣᠷᠢᠨ ᠤ᠋ ᠤᠷᠤᠯᠳᠤᠭᠠᠨ ᠢ᠋ ᠰᠣᠨᠢᠷᠬᠠᠵᠤ᠂ ᠠᠵᠢᠨᠠᠢ ᠬᠦᠯᠦᠭ ᠤ᠋ᠨ ᠰᠦᠷ ᠬᠦᠴᠦᠨ ᠢ᠋ ᠮᠡᠳᠡᠷᠡᠵᠤ ᠪᠤᠯᠤᠨ᠎ᠠ; ᠤᠯᠠᠭᠠᠨᠴᠠᠪ ᠲᠦ᠍ ᠭᠠᠯᠲᠤ ᠠᠭᠤᠯᠠᠨ ᠳ᠋ᠦ ᠭᠠᠷᠴᠤ᠂ ᠮᠥᠰᠥ ᠴᠠᠰᠤᠨ ᠳ᠋ᠦ ᠬᠤᠴᠢᠭᠳᠠᠭᠰᠠᠨ ᠭᠠᠯᠲᠤ ᠠᠭᠤᠯᠠ ᠶ᠋ᠢᠨ ᠦᠪᠡᠷᠮᠢᠴᠡ ᠦᠵᠡᠮᠵᠢ ᠵᠢ ᠦᠵᠡᠵᠦ ᠪᠣᠯᠣᠨ᠎ᠠ; ᠣᠷᠳᠣᠰ ᠲᠦ᠍ ᠮᠥᠰᠥ ᠴᠠᠰᠤᠨ ᠤ᠋ ᠨᠠᠭᠠᠳᠤᠮ᠂ ᠣᠨᠴᠠᠯᠢᠭ᠍ᠲᠤ ᠮᠥᠰᠥ ᠴᠠᠰᠤᠨ ᠤ᠋ ᠲᠣᠭᠯᠠᠯᠲᠠ ᠵᠢ ᠪᠡᠶᠡᠴᠢᠯᠡᠨ ᠣᠢᠯᠠᠭᠠᠵᠤ ᠪᠣᠯᠣᠨ᠎ᠠ; ᠪᠠᠶᠠᠨᠨᠠᠭᠤᠷ ᠪᠤᠯᠤᠨ ᠠᠯᠠᠱᠨ ᠳ᠋ᠤ ᠠᠷᠠᠳ ᠤ᠋ᠨ ᠵᠠᠩ ᠦᠢᠯᠡ᠂ ᠠᠮᠲᠠᠲᠤ ᠢᠳᠡᠭᠡᠨ᠂ ᠡᠯᠡᠰᠦᠨ ᠴᠦᠯ ᠤ᠋ᠨ ᠮᠥᠰᠥ ᠴᠠᠰᠤ ᠵᠢ ᠪᠡᠶᠡᠴᠢᠯᠡᠨ ᠣᠢᠯᠠᠭᠠᠵᠤ ᠪᠣᠯᠣᠨ᠎ᠠ᠃
ᠮᠠᠨ ᠤ᠋ ᠣᠷᠣᠨ ᠪᠠᠰᠠ 《ᠴᠠᠨᠠᠯᠠᠯᠳᠠ + ᠭᠣᠣᠯ ᠰᠡᠳᠦᠪᠲᠦ ᠵᠠᠮ ᠱᠤᠭᠤᠮ》 ᠤ᠋ᠨ ᠦᠢᠯᠡᠳᠬᠦᠨ ᠭᠠᠷᠭᠠᠵᠦ᠂ 11 ᠰᠠᠷ᠎ᠠ ᠶ᠋ᠢᠨ ᠡᠬᠢ ᠪᠡᠷ ᠷᠠᠰᠢᠶᠠᠨ᠂ ᠵᠠᠯᠠᠨ ᠠᠢᠯ᠂ ᠶᠠᠭ᠍ᠰᠢ ᠵᠡᠷᠭᠡ ᠭᠠᠵᠠᠷ ᠤ᠋ᠨ ᠴᠠᠨᠠᠯᠠᠯᠳᠠ ᠶ᠋ᠢᠨ ᠲᠠᠯᠠᠪᠠᠶ ᠵᠢᠨ ᠴᠠᠨᠠᠯᠠᠯᠳᠠ ᠵᠢ ᠵᠠᠯᠭᠠᠭ᠎ᠠ ᠪᠠᠷ ᠡᠬᠢᠯᠡᠬᠦᠯᠵᠦ᠂ ᠠᠳᠠᠯᠢ ᠪᠤᠰᠤ ᠵᠢᠭᠤᠯᠴᠢᠯᠠᠭ᠍ᠴᠢᠳ ᠤ᠋ᠨ ᠳᠤᠷᠠᠰᠢᠯ ᠢ᠋ᠶ᠋ᠠᠷ ᠭᠣᠣᠯᠯᠠᠭᠤᠯᠤᠨ᠂ ᠴᠠᠨᠠᠯᠠᠯᠳᠠ ᠶ᠋ᠢᠨ ᠮᠡᠳᠡᠷᠡᠮᠵᠢ ᠶ᠋ᠢᠨ ᠵᠠᠮ᠂ ᠭᠠᠯᠲᠤ ᠠᠭᠤᠯᠠ ᠶ᠋ᠢᠨ ᠬᠡᠷᠡᠯ ᠵᠢᠷᠤᠭ ᠠᠪᠬᠤ ᠵᠠᠮ᠂ ᠬᠣᠲᠠ ᠶ᠋ᠢᠨ ᠬᠤᠸᠠᠷ ᠫᠤᠤᠵᠢᠩ ᠠᠮᠲᠠᠲᠤ ᠢᠳᠡᠭᠡᠨᠦ ᠵᠠᠮ ᠱᠤᠭᠤᠮ ᠵᠡᠷᠭᠡ ᠭᠣᠣᠯ ᠰᠡᠳᠦᠪᠲᠦ ᠵᠠᠮ ᠱᠤᠭᠤᠮ ᠢ᠋ ᠭᠠᠷᠭᠠᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃