2026-10-16 16:56:20
ᠨᠠᠮᠤᠷᠤᠨ ᠲᠤᠮᠳᠠ ᠰᠠᠷ᠎ᠠ ᠠᠭᠤᠯᠠᠨᠳᠤ ᠰᠠᠭᠠᠳᠠᠪᠠ᠃ ᠠᠭᠤᠯᠠ ᠵᠢᠨ ᠦᠩᠭᠡ ᠰᠢᠷᠭᠠᠯᠳᠤᠭᠠᠳ ᠯᠡ︕ ᠡᠪᠡᠰᠦ ᠮᠤᠳᠤ᠂ ᠬᠠᠳᠠ ᠴᠢᠯᠠᠭᠤ᠂ ᠲᠠᠷᠢᠶ᠎ᠠ ᠲᠦᠮᠦᠰᠦ᠂ ᠤᠰᠤ ᠭᠤᠤᠯ᠂ ᠵᠠᠮ ᠬᠠᠷᠭᠤᠢ ᠁ ᠨᠠᠮᠤᠷᠤᠨ ᠦᠩᠭᠡ ᠲᠠᠢ᠂ ᠠᠶᠠᠰ ᠲᠠᠢ᠂ ᠠᠢᠵᠠᠮ ᠲᠠᠢ᠃ ᠠᠭᠤᠯᠠᠨ ᠲᠤᠰᠬᠤᠨᠤ ᠨᠠᠮᠤᠷᠤᠨ ᠤᠨᠴᠠᠭᠠᠢ ᠨᠢᠭᠡᠨ ᠦᠵᠡᠮᠵᠢ ᠭᠡᠪᠡᠯ ᠶᠠᠭᠠᠬᠢᠬᠤ ᠵᠢᠨ ᠠᠷᠭ᠎ᠠ ᠦᠭᠡᠢ ᠲᠠᠷᠢᠶᠠᠴᠢᠳ᠃ ᠬᠠᠳᠤᠵᠦ ᠤᠨᠠᠭᠠᠭᠰᠠᠨ ᠡᠷᠳᠡᠨᠢ ᠰᠢᠰᠢ ᠵᠢᠨ ᠲᠠᠷᠢᠶᠠᠨᠳᠠᠭᠠᠨ ᠲᠠᠪᠠᠳᠠᠢᠬᠠᠨ ᠴᠦ᠍ ᠭᠡᠭᠴᠢ ᠵᠠᠪᠢᠯᠠᠨ ᠰᠠᠭᠤᠭᠠᠳ ᠡᠷᠳᠡᠨᠢ ᠰᠢᠰᠢ ᠪᠠᠨ ᠴᠠᠭᠠᠯᠠᠵᠦ᠂ ᠠᠯᠳᠠᠨ ᠰᠢᠷᠭᠠᠯ ᠡᠷᠳᠡᠨᠢ ᠰᠢᠰᠢ ᠪᠠᠨ ᠲᠡᠷᠭᠡ ᠲᠡᠷᠭᠡ ᠪᠡᠷ ᠲᠡᠭᠡᠭᠡᠵᠦ ᠪᠠᠢᠭ᠎ᠠ ᠨᠢ ᠡᠯᠪᠡᠭ ᠬᠤᠷᠢᠶᠠᠯᠳᠠ ᠵᠢᠨ ᠪᠠᠶᠠᠰᠤᠯ᠃ ᠤᠯᠠᠭᠠᠨ ᠰᠢᠰᠢ ᠵᠢᠨ ᠪᠤᠯᠪᠠᠰᠤᠷᠠᠭᠰᠠᠨ ᠲᠦᠷᠦᠭᠦᠦ ᠡᠩᠨᠡᠷᠡᠨ ᠤᠯᠠᠢᠭᠠᠳ᠂ ᠬᠦᠭᠵᠢᠯ ᠮᠠᠨᠳᠤᠯᠤᠨ ᠭᠠᠯ ᠤᠯᠠᠭᠠᠨ ᠲᠤᠭ ᠨᠠᠮᠢᠷᠠᠭ᠎ᠠ ᠭᠡᠮᠡᠷ᠃ ᠮᠠᠯ ᠵᠢᠡᠨ ᠭᠤᠤᠷᠰᠤᠯᠠᠭᠤᠯᠵᠦ ᠪᠠᠢᠭ᠎ᠠ ᠮᠠᠯᠴᠢᠨ ᠮᠠᠯᠤᠨ ᠵᠢᠡᠨ ᠲᠡᠷᠭᠡᠳᠡ ᠲᠠᠪᠠᠳᠠᠢ ᠰᠠᠭᠤᠨ᠎ᠠ᠃ ᠲᠤᠰᠤᠨ ᠲᠠᠷᠭᠤ ᠠᠪᠤᠭᠤᠯᠵᠦ ᠪᠠᠢᠭ᠎ᠠ ᠨᠢ ᠲᠡᠷᠡ᠃

ᠡᠯᠪᠡᠭ ᠬᠤᠷᠢᠶᠠᠯᠳᠠ
ᠦᠳᠦᠷᠮ᠎ᠡ ᠠᠪᠴᠤ ᠪᠠᠢᠭ᠎ᠠ ᠬᠦᠮᠦᠰ ᠨᠡᠩ ᠶᠠᠳᠠᠷᠠᠯᠳᠠᠢ᠂ ᠶᠠᠭᠠᠷᠠᠯᠳᠠᠢ᠂ ᠪᠠᠶᠠᠰᠤᠯᠳᠠᠢ᠃ ᠪᠦᠯᠳᠡᠢᠳᠡᠯᠡ ᠪᠤᠯᠪᠠᠰᠤᠷᠠᠭᠰᠠᠨ ᠬᠠᠷ᠎ᠠ ᠪᠤᠷᠴᠠᠭ᠂ ᠰᠢᠷ᠎ᠠ ᠪᠤᠷᠴᠠᠭ᠂ ᠨᠠᠷᠢᠮᠤ᠂ ᠰᠢᠯᠦᠭᠡᠢ᠂ ᠮᠤᠩᠭᠤᠯ ᠠᠮᠤ ᠵᠡᠷᠭᠡ ᠪᠠᠨ ᠲᠷᠠᠺᠲ᠋ᠤᠷ ᠵᠢᠡᠷ ᠲᠠᠯᠬᠢᠵᠦ᠂ ᠡᠰᠢᠨ ᠡᠴᠡ ᠨᠢ ᠰᠠᠯᠭᠠᠭᠠᠳ᠂ ᠮᠤᠳᠤᠨ ᠬᠦᠷᠵᠡ ᠪᠡᠷ ᠲᠡᠭᠡᠭᠰᠢ ᠰᠠᠴᠤᠨ ᠬᠠᠶᠠᠯᠠᠬᠤᠳᠤ᠂ ᠨᠠᠮᠤᠷᠤᠨ ᠬᠤᠩᠭᠤᠷ ᠰᠠᠯᠬᠢᠨ ᠵᠦᠭᠡᠯᠡᠭᠡᠨ ᠦᠯᠢᠶᠡᠭᠡᠳ᠂ ᠪᠤᠳᠠᠭ᠎ᠠ ᠪᠤᠯᠤᠨ ᠰᠦᠷᠡᠯ ᠲᠠᠢ ᠨᠢ ᠰᠠᠯᠭᠠᠭᠠᠳ ᠦᠭᠴᠢᠬᠡᠨᠡ᠃ ᠬᠠᠳᠠᠭᠤᠬᠠᠨ ᠬᠤᠯᠤᠰᠤᠨ ᠱᠦᠬᠦᠷ ᠵᠢᠡᠷ ᠱᠦᠬᠦᠷᠳᠡᠵᠦ᠂ ᠰᠠᠢᠵᠠᠳᠠᠭᠠᠳ ᠮᠠᠳᠠᠢ ᠮᠠᠳᠠᠢ ᠪᠡᠷ ᠲᠦᠬᠦᠷᠭᠡᠨ᠂ ᠦᠳᠦᠷᠮᠡᠳᠡᠭᠡᠨ ᠵᠡᠷᠭᠡᠯᠡᠵᠦ ᠲᠠᠯᠪᠢᠬᠤᠳᠤ ᠴᠡᠷᠢᠭᠤᠨ ᠵᠢᠭᠰᠠᠭᠠᠯ ᠴᠦ᠍ ᠭᠡᠮᠡᠷ ᠃ ᠡᠯᠪᠡᠭ ᠬᠤᠷᠢᠶᠠᠯᠳᠠ ᠵᠢᠨ ᠦᠷ᠎ᠡ ᠵᠢᠮᠢᠰ ᠭᠡᠵᠦ ᠡᠨᠡ᠃

ᠰᠢᠯᠢᠳᠡᠭ ᠡᠭᠦᠯᠳᠡᠷ
ᠲᠠᠷᠢᠶᠠᠨ ᠭᠤᠤᠷᠰᠤ᠂ ᠬᠠᠳᠤᠵᠦ ᠲᠠᠯᠪᠢᠭᠠᠳ ᠰᠡᠪᠡᠷᠡᠭᠡᠵᠦ ᠪᠠᠢᠭ᠎ᠠ ᠲᠠᠷᠢᠶ᠎ᠠ᠂ ᠨᠠᠭᠠᠰᠢ ᠴᠠᠭᠠᠰᠢ ᠵᠦᠷᠢᠯᠳᠦᠨ ᠪᠠᠢᠭ᠎ᠠ ᠲᠠᠷᠢᠶᠠᠯᠠᠩᠤᠨ ᠮᠠᠰᠢᠨ᠂ ᠦᠳᠦᠷᠮ᠎ᠡ ᠵᠢᠨ ᠲᠤᠯᠢ ᠲᠦᠭᠦᠷᠡᠩ ᠤᠪᠤᠭᠠᠯᠠᠭᠠᠰᠤᠳᠠᠢ ᠲᠠᠷᠢᠶ᠎ᠠ᠂ ᠲᠠᠷᠭᠤ ᠲᠡᠪᠡᠭᠡᠷᠡᠭ ᠲᠠᠢ ᠮᠠᠯ ᠰᠦᠷᠦᠭ᠂ ᠵᠢᠭᠤᠯᠴᠢᠯᠠᠵᠦ ᠰᠡᠯᠡᠭᠦᠴᠡᠭᠡ ᠬᠤᠳᠠ ᠵᠢᠨ ᠬᠢᠨ᠂ ᠮᠤᠳᠤ ᠲᠠᠮᠵᠢᠨ ᠲᠡᠪᠳᠡᠷᠢᠨ ᠨᠢᠰᠦᠭᠡ ᠠᠯᠠᠬ ᠱᠠᠭᠠᠵᠠᠭᠠᠢ ᠬᠦᠷᠳᠡᠯ᠎ᠡ ᠁ ᠠᠭᠤᠯᠠᠨ ᠲᠤᠰᠬᠤᠨᠤ ᠨᠠᠮᠤᠷᠤᠨ ᠦᠵᠡᠮᠵᠢ ᠵᠢᠨ ᠲᠤᠳᠠᠭᠳᠠᠵᠦ ᠪᠤᠯᠤᠰᠢ ᠦᠭᠡᠢ ᠦᠩᠭᠡ ᠦᠵᠡᠮᠵᠢ ᠭᠡᠮᠡᠷ᠃ ᠦᠪᠡᠷ ᠦᠪᠡᠷᠤᠨ ᠵᠢᠡᠷ ᠵᠢᠡᠨ ᠪᠠᠶᠠᠰᠤᠯᠳᠠᠢ᠂ ᠦᠪᠡᠷ ᠦᠪᠡᠷᠤᠨ ᠵᠢᠡᠷ ᠵᠢᠡᠨ ᠶᠠᠭᠠᠷᠠᠯᠳᠠᠢ᠃ ᠡᠯᠪᠡᠭ ᠬᠤᠷᠢᠶᠠᠯᠳᠠ ᠵᠢᠨ ᠡᠭᠡᠰᠢᠭ ᠨᠠᠢᠷᠠᠭ ᠭᠡᠵᠦ ᠡᠨᠡ᠃

ᠶᠠᠭᠠᠷᠠᠯᠳᠠᠢ ᠠᠵᠢᠯ
ᠦᠪᠡᠷᠳᠡᠭᠡᠨ ᠵᠠᠰᠠᠬᠤ ᠤᠷᠤᠨᠤ ᠨᠠᠮᠤᠨ ᠬᠤᠷᠢᠶ᠎ᠠ ᠵᠢᠨ ᠱᠦᠵᠢ ᠸᠠᠩ ᠸᠸᠢ ᠵᠦᠩ ᠡᠨᠡ ᠵᠢᠯᠤᠨ 9 ᠰᠠᠷ᠎ᠠ ᠵᠢᠨ 19 ᠡᠴᠡ 21ᠤ᠋ ᠡᠳᠦᠷ ᠪᠤᠯᠳᠠᠯ᠎ᠠ ᠬᠢᠩᠭᠠᠨ ᠠᠢᠮᠠᠬ ᠲᠦ᠍ ᠭᠦᠨᠵᠡᠭᠡᠢᠷᠡᠨ ᠪᠠᠢᠴᠠᠭᠠᠨ ᠰᠤᠳᠤᠯᠬᠤᠳᠠᠭᠠᠨ ᠨᠠᠮᠤᠷᠤᠨ ᠠᠮᠤ ᠪᠤᠳᠠᠭ᠎ᠠ ᠬᠤᠷᠢᠶᠠᠵᠦ ᠬᠠᠳᠠᠭᠠᠯᠠᠵᠦ ᠪᠠᠢᠭ᠎ᠠ ᠪᠠᠢᠳᠠᠯᠢ ᠪᠠᠢᠴᠠᠭᠠᠨ ᠦᠵᠡᠵᠦ᠂ ᠲᠤᠬᠠᠢ ᠵᠢᠨ ᠭᠠᠵᠠᠷᠤᠨ ᠬᠢᠨᠢ ᠲᠠᠷᠢᠶ᠎ᠠ ᠬᠤᠷᠢᠶᠠᠬᠤ ᠴᠠᠬᠢ ᠠᠮᠵᠢᠨ ᠨᠠᠮᠤᠷᠤᠨ ᠬᠤᠷᠢᠶᠠᠯᠳᠠ ᠵᠢᠨ ᠠᠵᠢᠯᠢ ᠰᠢᠨᠵᠢᠯᠡᠬᠦ ᠤᠬᠠᠭᠠᠨᠴᠢ ᠪᠠᠷ ᠠᠬᠢᠭᠤᠯᠵᠦ᠂ ᠴᠠᠬ ᠠᠭᠤᠷᠤᠨ ᠭᠠᠮᠰᠢᠬᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠬᠦᠯᠬᠦ ᠪᠠ ᠭᠠᠮᠰᠢᠬᠢ ᠰᠡᠷᠭᠡᠢᠯᠡᠵᠦ᠂ ᠭᠠᠮᠰᠢᠬᠢ ᠪᠠᠭᠠᠰᠬᠠᠬᠤ ᠵᠢ ᠴᠢᠩᠭᠠᠳᠬᠠᠵᠦ᠂ ᠨᠢᠭᠡ ᠮᠦᠬᠦᠯᠢᠭ ᠠᠮᠤ ᠵᠢ ᠴᠦ᠍ ᠤᠷᠬᠢᠭᠳᠠᠭᠤᠯᠬᠤ ᠦᠭᠡᠢ ᠬᠤᠷᠢᠶᠠᠨ ᠠᠪᠴᠤ ᠬᠦᠮᠦᠷᠭᠡᠯᠡᠬᠦ ᠭᠡᠷᠡᠭᠳᠡᠢ ᠭᠡᠵᠦ ᠵᠠᠬᠢᠪᠠ᠃
ᠪᠠᠶᠠᠰᠤᠯᠳᠤ ᠮᠦᠴᠡ
9 ᠰᠠᠷᠠᠶᠢᠨ 20 ᠡᠴᠡ 22 ᠤ᠋ᠨ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨᠤ ᠨᠠᠮᠤᠨ ᠬᠣᠷᠢᠶ᠎ᠠ ᠵᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨᠤ ᠠᠷᠠᠳ ᠤ᠋ᠨ ᠵᠠᠰᠠᠭᠤᠨ ᠣᠷᠳᠣᠨᠤ ᠲᠡᠷᠢᠭᠦᠯᠡᠭᠴᠢ ᠪᠦᠦ ᠭᠠᠩ ᠪᠠᠶᠠᠨᠨᠠᠭᠤᠷ ᠬᠣᠲᠠᠳᠤ ᠬᠢᠯᠢ ᠵᠢᠨ ᠪᠣᠭᠣᠮᠲᠠᠶᠢᠨ ᠪᠥᠲᠥᠭᠡᠨ ᠪᠠᠶ᠋ᠢᠭᠤᠯᠤᠯᠲᠠ᠂ ᠨᠠᠮᠤᠷᠤᠨ ᠠᠮᠤ ᠪᠤᠳᠠᠭᠠᠨᠤ ᠤᠨᠠᠯᠲᠠᠶᠢ ᠲᠣᠭᠲᠠᠪᠤᠷᠢᠵᠢᠭᠤᠯᠤᠨ ᠣᠷᠣᠯᠭᠠᠶᠢ ᠨᠡᠮᠡᠭᠳᠡᠭᠦᠯᠬᠦ᠌ ᠪᠠ ᠦᠨᠳᠦᠰᠦᠲᠡᠨᠦ ᠪᠦᠯᠬᠦᠮᠳᠡᠯ ᠳᠠᠪᠰᠢᠯᠲᠠᠶᠢᠨ ᠠᠵᠢᠯᠢ ᠪᠠᠶ᠋ᠢᠴᠠᠭᠠᠨ ᠰᠤᠳᠤᠯᠬᠤᠳᠠᠭᠠᠨ᠂ 《ᠨᠠᠮᠤᠷᠤᠨ ᠤᠯᠠᠷᠢᠯᠤᠨ ᠠᠮᠤ ᠪᠤᠳᠠᠭᠠᠨᠤ ᠦᠢᠯᠡᠳᠪᠦᠷᠢᠯᠡᠯᠢ ᠯᠠᠪᠳᠠᠭᠤᠨ ᠪᠠᠲᠤᠲᠠᠶ ᠰᠠᠶ᠋ᠢᠲᠤᠷ ᠠᠳᠬᠤᠵᠤ᠂ ᠴᠠᠭ ᠠᠭᠤᠷᠤᠨ ᠭᠠᠮᠰᠢᠭᠢ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠪᠠ ᠰᠡᠷᠭᠡᠶ᠋ᠢᠯᠡᠨ ᠠᠷᠭᠠᠴᠠᠭᠠᠬᠤᠪᠠᠨ ᠴᠢᠩᠭᠠᠳᠬᠠᠵᠤ᠂ ᠲᠣᠬᠢᠷᠠᠮᠵᠢᠲᠠᠶ ᠬᠤᠭᠤᠴᠠᠭᠠᠨᠤ ᠬᠤᠷᠢᠶᠠᠯᠲᠠᠶᠢ ᠡᠮᠬᠢ ᠵᠢᠷᠤᠮᠲᠠᠶ ᠵᠣᠬᠢᠶᠠᠨ ᠪᠠᠶ᠋ᠢᠭᠤᠯᠵᠤ᠂ ᠬᠤᠷᠢᠶᠠᠪᠠᠰᠤ ᠵᠣᠬᠢᠬᠤᠶᠢᠨᠢ ᠪᠦᠬᠦᠨᠢ ᠬᠤᠷᠢᠶᠠᠵᠤ᠂ ᠨᠢᠭᠡ ᠮᠦᠬᠦᠯᠢᠭ ᠠᠮᠤ ᠵᠢ ᠴᠦ᠍ ᠤᠷᠬᠢᠭᠳᠠᠭᠤᠯᠬᠤ ᠦᠭᠡᠢ ᠬᠤᠷᠢᠶᠠᠨ ᠠᠪᠴᠤ ᠬᠦᠮᠦᠷᠭᠡᠯᠡᠬᠦᠶᠢ ᠪᠠᠲᠤᠯᠠᠬᠤ ᠬᠡᠷᠡᠭᠲᠡᠶ》 ᠭᠡᠵᠦ ᠱᠠᠭᠠᠷᠳᠠᠪᠠ᠃
ᠲᠠᠷᠢᠶᠠᠨ ᠲᠦᠷᠦᠬᠦᠦ
ᠤᠯᠤᠰᠤᠨ ᠠᠮᠤ ᠪᠤᠳᠠᠭᠠᠨᠤ ᠠᠮᠤᠷ ᠲᠦᠪᠰᠢᠨᠢ ᠪᠠᠳᠤᠯᠠᠬᠤ᠂ ᠤᠯᠤᠰᠤᠨ ᠴᠢᠬᠤᠯᠠ ᠮᠠᠯᠤᠨ ᠠᠰᠢᠬ ᠰᠢᠮ᠎ᠠ ᠲᠠᠷᠢᠶᠠᠯᠠᠩᠤᠨ ᠪᠦᠲᠦᠭᠡᠭᠳᠡᠬᠦᠨᠤ ᠦᠢᠯᠡᠳᠪᠦᠷᠢᠯᠡᠯᠤᠨ ᠰᠠᠭᠤᠷᠢᠨᠢ ᠪᠦᠲᠦᠭᠡᠨ ᠪᠠᠢᠭᠤᠯᠬᠤ ᠪᠤᠯ ᠶᠡᠷᠦᠩᠬᠡᠢ ᠱᠦᠵᠢ ᠰᠢ ᠵᠢᠨ ᠫᠢᠩ ᠪᠤᠯᠤᠨ ᠨᠠᠮᠤᠨ ᠲᠦᠪ ᠬᠤᠷᠢᠶ᠎ᠠ ᠡᠴᠡ ᠦᠪᠦᠷ ᠮᠤᠩᠭᠤᠯ ᠳ᠋ᠤ ᠤᠯᠭᠤᠭᠰᠠᠨ ᠲᠠᠪᠤ ᠶᠡᠭᠡ ᠪᠠᠢᠯᠳᠤᠬᠤ ᠪᠤᠳᠤᠯᠭ᠎ᠠ ᠶ᠋ᠢᠨ ᠪᠠᠢᠷᠢ ᠳᠤᠭᠳᠠᠭᠠᠯᠳᠠ ᠪᠠ ᠡᠭᠦᠷᠭᠡ ᠬᠠᠷᠢᠭᠤᠴᠠᠯᠭ᠎ᠠ ᠵᠢᠨ ᠨᠢᠭᠡ ᠪᠤᠯᠤᠨ᠎ᠠ᠃ ᠦᠪᠦᠷ ᠮᠤᠩᠭᠤᠯ ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠦ᠂ ᠲᠠᠷᠢᠶᠠᠨ ᠭᠠᠵᠠᠷᠤᠨ ᠠᠮᠤ ᠪᠤᠳᠠᠭᠠᠨᠤ ᠦᠢᠯᠡᠳᠪᠦᠷᠢᠯᠡᠯᠤᠨ ᠴᠢᠳᠠᠪᠤᠷᠢ ᠵᠢ ᠪᠠᠳᠤᠯᠠᠵᠦ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠵᠢᠡᠷ ᠠᠮᠤ ᠪᠤᠳᠠᠭᠠᠨᠤ ᠤᠨᠠᠯᠳᠠ ᠵᠢ ᠨᠡᠮᠡᠭᠳᠡᠬᠦᠯᠬᠦ ᠪᠠᠢᠯᠳᠤᠬᠤ ᠪᠤᠳᠤᠯᠭ᠎ᠠ ᠵᠢ ᠨᠠᠢᠳᠠᠪᠤᠷᠢᠵᠢᠭᠤᠯᠵᠦ᠂ ᠵᠢᠯ ᠲᠠᠷᠠᠭᠠᠯᠠᠨ ᠡᠯᠪᠡᠭ ᠬᠤᠷᠢᠶᠠᠯᠳᠠ ᠪᠠᠨ ᠪᠠᠳᠤᠯᠠᠭᠰᠠᠭᠠᠷ ᠢᠷᠡᠪᠡ᠃ ᠡᠨᠡ ᠪᠤᠯ ᠦᠪᠦᠷ ᠮᠤᠩᠭᠤᠯᠤᠨ ᠪᠠᠰᠠ ᠨᠢᠭᠡᠨ ᠢᠷᠠᠭᠤ ᠠᠯᠳᠠᠷ᠃ ᠡᠬᠦᠨᠳᠤ ᠠᠭᠤᠯᠠᠨ ᠲᠤᠰᠬᠤᠨᠤ ᠲᠠᠷᠢᠶᠠᠯᠠᠩᠤᠨ ᠡᠯᠪᠡᠭ ᠬᠤᠷᠢᠶᠠᠯᠳᠠ ᠮᠦᠨᠴᠦ ᠲᠤᠳᠠᠭᠳᠠᠵᠦ ᠪᠤᠯᠤᠰᠢ ᠦᠭᠡᠢ ᠦᠢᠯᠡᠳᠦᠯ ᠦᠵᠡᠬᠦᠯᠵᠦ ᠪᠠᠢᠭ᠎ᠠ ᠵᠢ ᠦᠭᠡᠢᠰᠭᠡᠵᠦ ᠪᠤᠯᠬᠤ ᠦᠭᠡᠢ᠃ 《ᠲᠠᠯᠠᠢᠳᠤ ᠲᠤᠰᠤᠯ ᠨᠡᠮᠡᠷᠢ》 ᠭᠡᠳᠡᠭ ᠰᠢᠦ᠃ ᠨᠢᠭᠡ ᠮᠦᠬᠦᠯᠢᠭ ᠠᠮᠤ ᠵᠢ ᠴᠦ᠍ ᠤᠷᠬᠢᠭᠳᠠᠭᠤᠯᠤᠯ ᠦᠭᠡᠢ ᠬᠤᠷᠢᠶᠠᠵᠦ ᠪᠠᠢᠮᠠᠨᠵᠢᠨ ᠰᠠᠶᠢ ᠬᠦᠮᠦᠷᠭᠡ ᠲᠦᠬᠦᠷᠡᠩ ᠡᠯᠪᠡᠭ ᠬᠤᠷᠢᠶᠠᠯᠳᠠ ᠵᠢ ᠪᠠᠳᠤᠯᠠᠵᠦ ᠲᠡᠢᠯᠦᠨᠡ᠃ ᠲᠠᠷᠢᠶᠠᠴᠢᠳ ᠬᠦᠯᠦᠰᠦ ᠪᠠᠨ ᠤᠷᠤᠰᠬᠠᠨ᠂ ᠦᠷᠯᠦᠭᠡ ᠦᠳᠡᠰᠢ ᠵᠢ ᠲᠡᠮᠡᠴᠡᠵᠦ᠂ ᠲᠠᠷᠢᠶ᠎ᠠ ᠪᠠᠨ ᠬᠤᠷᠢᠶᠠᠭᠠᠳ ᠶᠠᠪ ᠶᠠᠭᠠᠷᠠᠤ᠃
ᠮᠦᠬᠦᠯᠢᠭ ᠠᠮᠤ
ᠭᠠᠵᠠᠷᠤᠨ ᠪᠠᠢᠴᠠ ᠵᠢᠨ ᠪᠡᠷᠭᠡ ᠪᠠᠷᠳᠠᠭ᠎ᠠ ᠡᠴᠡ ᠪᠤᠯᠵᠦ ᠲᠤᠮᠤ ᠲᠤᠮᠤ ᠬᠡᠯᠪᠡᠷᠢ ᠵᠢᠨ ᠮᠠᠰᠢᠨ ᠮᠸᠬᠠᠨᠢᠬᠢ ᠭᠡᠷᠡᠭᠯᠡᠵᠦ ᠲᠡᠢᠯᠬᠦ ᠦᠭᠡᠢ ᠪᠤᠯᠪᠠᠴᠤ᠂ ᠵᠢᠵᠢᠭ ᠲᠷᠠᠺᠲ᠋ᠤᠷ᠂ ᠭᠤᠷᠪᠠᠨ ᠬᠦᠷᠳᠦᠳᠦ ᠲᠡᠷᠭᠡ ᠵᠡᠷᠭᠡ ᠵᠢ ᠭᠡᠷᠡᠭᠯᠡᠭᠡᠳ ᠠᠭᠤᠯᠠᠨ ᠲᠤᠰᠬᠤᠨᠤ ᠲᠠᠷᠢᠶᠠᠴᠢᠳ ᠡᠯᠪᠡᠭ ᠬᠤᠷᠢᠶᠠᠯᠳᠠ ᠪᠠᠨ ᠪᠠᠳᠤᠯᠠᠵᠦ᠂ ᠤᠨᠳᠤ ᠤᠷᠤᠭᠰᠠᠭᠠᠷ ᠪᠠᠢᠨ᠎ᠠ᠃ ᠤᠯᠠᠭᠠᠨᠴᠠᠪ ᠬᠤᠳᠠ ᠵᠢᠨ ᠮᠠᠨ ᠬᠠᠨ ᠪᠠᠯᠭᠠᠰᠤ ᠵᠢᠨ ᠬᠤᠢᠳᠤᠳᠠ ᠴᠸ ᠭᠸᠦ ᠲᠤᠰᠬᠤᠨᠤ ᠠᠷᠠᠳ ᠴᠸᠨ ᠶᠦᠩ ᠰᠢ ᠡᠨᠡ ᠵᠢᠯ 10 ᠭᠠᠷᠤᠢ ᠮᠦ᠍ ᠬᠠᠷ᠎ᠠ ᠪᠤᠷᠴᠠᠭ ᠲᠠᠷᠢᠭᠠᠳ 1 ᠲᠦᠮᠡ ᠰᠢᠬᠠᠭᠤ ᠵᠢᠩ ᠬᠤᠷᠢᠶᠠᠵᠦ᠂ ᠵᠢᠩ ᠪᠦᠷᠢ ᠵᠢ 4.5 ᠲᠦᠭᠦᠷᠢᠭ ᠵᠢᠡᠷ ᠬᠤᠳᠠᠯᠳᠤᠪᠠ᠃ ᠪᠤᠰᠤᠳ ᠲᠠᠷᠢᠮᠠᠯ ᠲᠠᠢ ᠪᠠᠨ 20 ᠲᠦᠮᠡ ᠭᠠᠷᠤᠢ ᠲᠦᠭᠦᠷᠢᠭᠤᠨ ᠤᠷᠤᠯᠭ᠎ᠠ ᠤᠯᠴᠢᠬᠠᠨ᠎ᠠ ᠭᠡᠵᠦ ᠴᠸᠨ ᠶᠦᠩ ᠰᠢ ᠬᠠᠷ᠎ᠠ ᠪᠤᠷᠴᠠᠭ ᠶ᠋ᠢᠡᠨ ᠠᠪᠬᠤ ᠵᠢᠨ ᠲᠠᠭᠠᠤ ᠶᠠᠷᠢᠵᠦ ᠪᠠᠢᠯ᠎ᠠ᠃
ᠠᠭᠤᠯᠠᠨ ᠲᠤᠰᠬᠤᠨᠤ ᠨᠠᠮᠤᠷ
《ᠬᠠᠯᠪᠠᠭ᠎ᠠ ᠲᠤᠳᠤᠷᠠᠬᠢ ᠨᠢᠭᠡᠨ ᠮᠦᠬᠦᠯᠢᠭ ᠠᠮᠤ ᠵᠢᠨ ᠬᠠᠯᠠᠰᠢᠷᠠᠯ ᠵᠤᠪᠠᠯᠠᠩᠢ ᠬᠡᠨ ᠮᠡᠳᠡᠬᠦ ᠠᠵᠢ》 ᠭᠡᠵᠦ ᠡᠷᠳᠡᠨᠤ ᠰᠢᠯᠦᠭ ᠲᠦ᠍ ᠪᠤᠢ᠃ ᠬᠠᠪᠤᠷ ᠲᠠᠷᠢᠵᠦ ᠬᠠᠯᠠᠰᠢᠷᠠᠯ ᠦᠭᠡᠢ ᠠᠷᠠᠴᠢᠯᠠᠵᠦ ᠪᠠᠢᠮᠠᠨ ᠨᠠᠮᠤᠷᠤᠨ ᠡᠯᠪᠡᠭ ᠬᠤᠷᠢᠶᠠᠯᠳᠠ ᠵᠢ ᠪᠠᠳᠤᠯᠠᠳᠠᠭ᠃ ᠠᠭᠤᠯᠠᠨ ᠲᠤᠰᠬᠤᠨᠤ ᠨᠠᠮᠤᠷᠤᠨ ᠦᠵᠡᠮᠵᠢ ᠰᠡᠳᠬᠢᠯ ᠰᠡᠷᠭᠦᠭᠡᠮ᠎ᠡ ᠭᠤᠶᠤᠬᠠᠨ᠃ ᠠᠭᠤᠯᠠᠨ ᠲᠤᠰᠬᠤᠨᠤ ᠲᠠᠷᠢᠶᠠᠴᠢᠳᠤᠨ ᠡᠯᠪᠡᠭ ᠬᠤᠷᠢᠶᠠᠯᠳᠠ ᠵᠢᠨ ᠪᠠᠶᠠᠰᠤᠯ ᠮᠠᠩᠨᠠᠢ ᠲᠡᠨᠢᠢᠮᠠ ᠰᠠᠢᠬᠠᠨ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃