ᠲᠡᠷᠢᠭᠦᠨ ᠨᠢᠭᠤᠷ>ᠰᠢᠨ᠎ᠡ ᠬᠦᠳᠡᠭᠡ>ᠬᠥᠳᠡᠭᠡ ᠨᠣᠳᠣᠭ

2026-08-28 16:27:02

ᠵᠣᠬᠢᠶᠠᠭ᠍ᠴᠢ᠄ ᠰᠠᠷᠭᠠᠢ ᠭᠤᠤ ᠬᠤᠨᠭ᠌ ᠯᠢᠶᠠᠨ ᠤᠯᠤᠰᠳᠤ ᠸ·ᠬᠡᠷᠡᠯᠳᠤ ᠲᠤᠷᠠᠰᠤᠮᠵᠢ ᠮᠡᠷᠭᠡᠵᠢᠬᠦ ᠣᠩᠱᠢᠭ᠍ᠰᠠᠨ ᠣᠳᠠᠭ᠎ᠠ᠄ 3

— ᠦᠪᠦᠷ ᠮᠤᠨᠭᠭᠤᠯ ᠤ᠋ᠨ ᠭᠤᠤᠯ ᠪᠤᠯᠬᠤ ᠮᠠᠯ ᠤ᠋ᠨ ᠠᠰᠢᠭ ᠰᠢᠮ᠎ᠠ ᠵᠢᠨ ᠭᠠᠷᠤᠯᠲᠠ ᠵᠢ ᠲᠤᠭᠳᠠᠭᠤᠨ ᠵᠢᠡᠷ ᠨᠡᠮᠡᠭᠳᠡᠭᠦᠯᠬᠦ ᠰᠢᠨ᠎ᠡ ᠠᠷᠭ᠎ᠠ ᠵᠠᠮ ᠢ᠋ ᠰᠢᠨᠵᠢᠯᠡᠬᠦᠢ (ᠲᠦᠷᠪᠡ)

ᠲᠠᠯᠬᠡᠷ ᠵᠤᠨ ᠤ᠋ ᠲᠤᠯᠤᠭᠠᠨ ᠰᠠᠷ᠎ᠡ ᠳ᠋ᠤ᠌ ᠬᠤᠷ᠎ᠡ ᠪᠤᠷᠤᠭᠠᠨ ᠡᠯᠪᠡᠭᠰᠢᠨ ᠡᠪᠡᠰᠤ ᠤᠷᠭᠤᠮᠠᠯ ᠨᠤᠭᠤᠭᠠᠷᠠᠵᠤ᠂ ᠰᠦ ᠰᠠᠢᠳᠡᠢ ᠦᠨᠢᠶᠡᠳ ᠪᠡᠯᠴᠢᠬᠡᠷ ᠲᠡᠬᠡᠨ ᠢᠳᠡᠰᠢᠯᠡᠬᠦ ᠪᠤᠶᠤ ᠬᠠᠰᠢᠶᠠᠨ ᠳ᠋ᠠᠭᠠᠨ ᠲᠠᠪᠠᠳᠠᠢᠬᠠᠨ ᠬᠡᠪᠢᠵᠤ᠂ ᠦᠪᠤᠷ ᠮᠤᠩᠭᠤᠯ ᠤ᠋ᠨ ᠲᠠᠯ᠎ᠠ ᠨᠤᠳᠤᠭ ᠲᠦ᠍ ᠰᠦ ᠵᠢᠨ ᠦᠨᠤᠷ ᠬᠠᠨᠭᠬᠤᠯᠤᠨ᠎ᠡ᠃

ᠦᠪᠤᠷ ᠮᠤᠨᠭᠭᠤᠯ ᠲᠡᠯᠡᠬᠡᠢ ᠨᠡᠢᠳᠡ ᠳ᠋ᠤ᠌ ᠮᠡᠳᠡᠷᠡᠭᠳᠡᠭᠰᠡᠨ ᠰᠦ ᠢ᠋ᠢᠨ ᠢᠷᠡᠯᠳᠡ ᠢ᠋ᠢᠨ ᠰᠢᠵᠢᠷ ᠠᠯᠳᠠᠨ ᠪᠦᠰᠡ ᠳ᠋ᠤ᠌ ᠤᠷᠤᠰᠢᠵᠤ᠂ 2025 ᠤᠨ ᠳ᠋ᠤ᠌ ᠪᠦᠬᠦ ᠤᠷᠤᠨ ᠤ᠋ ᠦᠨᠢᠶᠡᠨ ᠰᠦ ᠢ᠋ᠢᠨ ᠭᠠᠷᠤᠯᠳᠡ 758.5 ᠲᠦᠮᠡᠨ ᠲᠤᠨ ᠳ᠋ᠤ᠌ ᠬᠦᠷᠴᠤ᠂ ᠯᠠᠪᠳᠠᠭᠤᠨ ᠲᠤᠭᠳᠠᠭᠤᠨ ᠵᠢᠡᠷ ᠪᠦᠬᠦ ᠤᠯᠤᠰ ᠤ᠋ᠨ ᠲᠦᠷᠦᠬᠦᠨ ᠳ᠋ᠤ ᠵᠢᠭᠰᠠᠬᠤ ᠪᠤᠯᠵᠠᠢ᠃ ᠡᠢᠨ ᠬᠦ᠌ ᠤᠯᠠᠨ ᠵᠢᠯ ᠤ᠋ᠨ ᠲᠤᠷᠰᠢᠬᠢ ᠨᠡᠮᠡᠭᠳᠡᠯ ᠤ᠋ᠨ ᠰᠠᠭᠤᠷᠢᠨ ᠲᠠᠬᠡᠷ᠎ᠠ ᠬᠡᠷᠬᠢᠨ ᠪᠤᠳᠠᠭᠠᠯᠢ ᠪᠡᠶ᠎ᠡ ᠶ᠋ᠢᠨ ᠭᠠᠷᠤᠯᠲᠠ ᠵᠢ ᠳᠡᠭᠡᠭᠰᠢᠯᠡᠭᠦᠯᠵᠦ᠂ ᠬᠡᠷᠬᠢᠨ ᠦᠨᠢᠶᠡᠨ ᠰᠦ ᠢ᠋ᠢᠨ ᠭᠠᠷᠤᠯᠲᠠ ᠶ᠋ᠢᠨ ᠲᠤᠬᠲᠠᠭᠤᠨ ᠨᠡᠮᠡᠭᠳᠡᠯ ᠢ᠋ ᠦᠷᠬᠦᠯᠵᠢᠯᠡᠨ ᠪᠠᠲᠤᠯᠠᠬᠤ ᠨᠢ ᠦᠪᠦᠷ ᠮᠤᠨᠭᠭᠤᠯ ᠤ᠋ᠨ ᠰᠦ ᠢ᠋ᠢᠨ ᠦᠢᠯᠡᠰ ᠤ᠋ᠨ ᠴᠢᠨᠠᠷ ᠰᠠᠢᠲᠠᠢ ᠬᠦᠭᠵᠢᠯᠲᠡ ᠢ᠋ᠢᠨ ᠵᠠᠩᠭᠢᠯᠠᠭ᠎ᠠ ᠢ᠋ᠢᠨ ᠰᠡᠳᠤᠪ ᠪᠤᠯᠪᠠ᠃ ᠡᠨᠡ ᠲᠤᠬᠠᠢ ᠪᠢᠳᠡ ᠦᠪᠡᠷᠳᠡᠬᠡᠨ ᠵᠠᠰᠠᠬᠤ ᠤᠷᠤᠨ ᠤ᠋ ᠬᠠᠮᠢᠶ᠎ᠠ ᠪᠦᠬᠦᠢ ᠰᠠᠯᠠᠭ᠎ᠠ ᠮᠦᠴᠢᠷ ᠤ᠋ᠨ ᠬᠠᠷᠢᠭᠤᠴᠠᠯᠭᠠᠲᠠᠨ ᠪᠠ ᠲᠤᠰᠬᠠᠢ ᠮᠡᠷᠭᠡᠵᠢᠯᠲᠡᠨ ᠢ᠋ ᠰᠤᠷᠪᠤᠯᠵᠢᠯᠠᠬᠰᠠᠨ ᠪᠦᠬᠡᠳ ᠬᠦᠬᠡᠬᠤᠳᠡ᠂ ᠪᠤᠭᠤᠳᠤ ᠬᠤᠳᠠ᠂ ᠬᠦᠯᠦᠨ ᠪᠤᠢᠷ ᠬᠤᠳᠠ ᠪᠡᠷ ᠰᠤᠷᠪᠤᠯᠵᠢᠯᠠᠵᠤ᠂ ᠰᠠᠭᠠᠯᠢ ᠵᠢᠨ ᠦᠨᠢᠶᠡᠨ ᠤ᠋ ᠪᠤᠳᠠᠭᠠᠯᠢ ᠪᠡᠶ᠎ᠡ ᠶ᠋ᠢᠨ ᠭᠠᠷᠤᠯᠲᠠ ᠵᠢ ᠳᠡᠭᠡᠭᠰᠢᠯᠡᠭᠦᠯᠤᠨ ᠦᠨᠢᠶᠡᠨ ᠰᠦ ᠵᠢᠨ ᠦᠢᠯᠡᠳᠪᠦᠷᠢᠯᠡᠯ ᠤ᠋ᠨ ᠴᠢᠳᠠᠪᠤᠷᠢ ᠵᠢ ᠲᠤᠬᠲᠠᠭᠤᠨ ᠢ᠋ᠶ᠋ᠡᠷ ᠨᠡᠮᠡᠭᠳᠡᠭᠦᠯᠬᠦ ᠰᠢᠨ᠎ᠠ ᠠᠷᠭ᠎ᠠ ᠵᠠᠮ ᠢ᠋ ᠰᠢᠨᠵᠢᠯᠡᠨ ᠵᠠᠳᠠᠯᠤᠭᠰᠠᠨ ᠪᠠᠢᠨ᠎ᠠ᠃


QQ截图20260828163135.png


ᠬᠡᠪᠴᠢᠶᠡᠵᠢᠭᠰᠡᠨ ᠮᠠᠯᠵᠢᠯ ᠤ᠋ᠨ ᠲᠠᠯᠠᠪᠠᠢ


ᠤᠳᠤᠮᠯᠠᠯ ᠤ᠋ᠨ ᠴᠢᠨᠠᠷ ᠢ᠋ ᠰᠠᠢᠵᠢᠷᠠᠭᠤᠯᠬᠤ —

ᠦᠨᠢᠶᠡᠨ ᠰᠦ ᠵᠢᠨ ᠭᠠᠷᠤᠯᠳᠠ ᠵᠢᠨ ᠰᠢᠨ᠎ᠡ ᠦᠰᠦᠷᠦᠯᠳᠡ ᠵᠢ ᠪᠠᠶᠡᠯᠡᠬᠦᠯᠬᠦ ᠵᠢᠨ ᠰᠠᠭᠤᠷᠢ

《ᠰᠠᠭᠠᠯᠢ ᠵᠢᠨ ᠦᠨᠢᠶᠡᠨ ᠤ᠋ ᠰᠦ ᠢ᠋ᠢᠨ ᠭᠠᠷᠤᠯᠲᠠ ᠶ᠋ᠢ ᠲᠠᠬᠡᠭᠰᠢᠯᠡᠬᠦᠯᠬᠦ ᠭᠤᠤᠯ ᠬᠥᠳᠡᠯᠭᠡᠬᠦ᠌ ᠬᠦᠴᠦᠨ ᠨᠢ ᠰᠠᠭᠠᠯᠢ ᠵᠢᠨ ᠦᠨᠢᠶᠡᠨ ᠤ᠋ ᠤᠳᠤᠮᠯᠠᠯ ᠤ᠋ᠨ ᠴᠢᠨᠠᠷ ᠢ᠋ ᠰᠠᠢᠵᠢᠷᠠᠭᠤᠯᠬᠤ ᠳ᠋ᠤ ᠪᠤᠢ᠃ ᠠᠮᠢᠳᠤ ᠪᠣᠳᠠᠰ ᠤ᠋ᠨ ᠬᠣᠱᠢᠭᠤᠷᠠᠯ ᠮᠡᠷᠭᠡᠵᠢᠯ ᠬᠢᠭᠡᠳ ᠦᠷᠡᠵᠢᠭᠦᠯᠦᠨ ᠪᠣᠢᠵᠢᠭᠤᠯᠬᠤ ᠪᠤᠯᠪᠠᠰᠤᠷᠠᠨᠭᠭᠤᠢ ᠱᠢᠰᠲᠸᠮ ᠢ᠋ ᠡᠮᠬᠢᠯᠡᠨ ᠨᠡᠢᠯᠡᠭᠦᠯᠵᠤ ᠪᠠᠢᠭᠠᠳ ᠰᠦ ᠰᠠᠢᠳᠡᠢ ᠰᠠᠭᠠᠯᠢ ᠵᠢᠨ ᠦᠨᠢᠶᠡᠨ ᠤ᠋ ᠡᠭᠦᠯᠳᠡᠷ ᠢ᠋ ᠰᠣᠩᠭᠣᠨ ᠪᠣᠢᠵᠢᠭᠤᠯᠵᠤ᠂ ᠰᠢᠯᠢᠳᠡᠭ ᠡᠭᠦᠯᠳᠡᠷ ᠢ᠋ ᠦᠷᠡᠵᠢᠭᠦᠯᠦᠨ ᠪᠣᠢᠵᠢᠭᠤᠯᠬᠤ ᠱᠢᠰᠲᠧᠮ ᠢ᠋ ᠪᠠᠢᠭᠤᠯᠤᠨ᠂ ᠭᠧᠨ ᠤ᠋ ᠪᠦᠯᠦᠭ ᠢ᠋ ᠰᠣᠩᠭᠣᠬᠤ ᠮᠡᠷᠭᠡᠵᠢᠯ ᠵᠢᠡᠷ ᠲᠠᠮᠵᠢᠨ ᠤᠳᠤᠮᠯᠠᠯ ᠤ᠋ᠨ ᠳᠠᠯᠳᠠ ᠬᠦᠴᠦᠨ ᠢ᠋ ᠨᠢ ᠳᠡᠭᠡᠭ᠌ᠰᠢᠯᠡᠭᠦᠯᠵᠦ᠍᠂ ᠰᠠᠭᠠᠯᠢ ᠵᠢᠨ ᠦᠨᠢᠶᠡᠨ ᠤ᠋ ᠪᠤᠳᠠᠭᠠᠯᠢ ᠪᠠᠶ᠎ᠠ ᠵᠢᠨ ᠰᠦ ᠢ᠋ᠢᠨ ᠭᠠᠷᠤᠯᠳᠡ ᠢ᠋ᠢᠨ ᠲᠦᠪᠰᠢᠨ ᠢ᠋ ᠡᠬᠢ ᠡᠭᠦᠰᠦᠯ ᠡᠴᠡ ᠨᠢ ᠪᠠᠳᠤᠯᠠᠬᠤ ᠴᠢᠬᠤᠯᠠᠳᠡᠢ》 ᠬᠡᠵᠤ ᠦᠪᠤᠷ ᠮᠤᠨᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠲᠠᠷᠢᠶᠠᠯᠠᠨᠭ᠌ ᠮᠠᠯ ᠠᠵᠤ ᠠᠬᠤᠢ ᠢ᠋ᠢᠨ ᠰᠢᠨᠵᠢᠯᠡᠬᠦ ᠤᠬᠠᠭᠠᠨ ᠤ᠋ ᠬᠦᠷᠢᠶᠡᠯᠡᠨᠭ᠌ ᠤ᠋ᠨ ᠲᠠᠷᠢᠶᠠᠯᠠᠨᠭ᠌ ᠮᠠᠯ ᠠᠵᠤ ᠠᠬᠤᠢ ᠢ᠋ᠢᠨ ᠶᠠᠰᠤ ᠴᠢᠨᠠᠷ ᠤ᠋ᠨ ᠠᠮᠤᠷ ᠲᠦᠪᠰᠢᠨ ᠬᠢᠬᠡᠳ ᠱᠢᠯᠭᠠᠨ ᠪᠠᠢᠴᠠᠭᠠᠬᠤ ᠰᠤᠳᠤᠯᠬᠤ ᠲᠠᠰᠤᠭ ᠤ᠋ᠨ ᠲᠡᠳ᠋ ᠲᠠᠷᠤᠭ᠎ᠠ᠂ ᠰᠤᠳᠤᠯᠤᠭᠴᠢ ᠸᠠᠨᠭ᠌ ᠯᠢ ᠹᠠᠨᠭ᠌ ᠬᠡᠯᠡᠨ᠎ᠠ᠃

ᠪᠢᠳᠡ ᠬᠦᠬᠡᠬᠤᠳᠡ ᠢ᠋ᠢᠨ ᠲᠦᠮᠡᠳ ᠵᠡᠬᠦᠨ ᠬᠤᠰᠢᠭᠤᠨ ᠳ᠋ᠤ᠌ ᠪᠠᠢᠷᠢᠯᠠᠭ᠎ᠠ ᠦᠪᠤᠷ ᠮᠤᠩᠭᠤᠯ ᠤ᠋ᠨ ᠶᠢᠦ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠵᠢᠨ ᠴᠡᠯᠡᠬᠡᠷ ᠲᠠᠯ᠎ᠠ ᠠᠮᠢ ᠠᠬᠤᠢ ᠢ᠋ᠢᠨ ᠤᠶᠤᠨᠴᠢ ᠮᠠᠯᠵᠢᠯ ᠤ᠋ᠨ ᠲᠠᠯᠠᠪᠠᠢ ᠳ᠋ᠤ᠌ ᠬᠦᠷᠬᠦ ᠳ᠋ᠤ᠌ ᠤᠳᠤᠬᠢᠴᠢᠯᠠᠭᠰᠠᠨ ᠦᠬᠡᠷ ᠤ᠋ᠨ ᠬᠠᠰᠢᠶ᠎ᠡ ᠡᠩᠨᠡᠷᠡᠨ ᠵᠢᠭᠳᠡᠷᠡᠵᠤ᠂ ᠰᠠᠭᠠᠯᠢ ᠢ᠋ᠢᠨ ᠦᠨᠢᠶᠡᠳ ᠲᠠᠢᠪᠤᠭᠤᠬᠠᠨ ᠬᠡᠪᠢᠵᠤ ᠬᠡᠪᠳᠡᠨ᠎ᠡ᠃ ᠶᠢᠤ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠵᠢᠨ ᠰᠠᠢ ᠺᠸ ᠰᠢᠨᠭ ᠰᠤᠳᠤᠯᠭᠠᠨ ᠤ᠋ ᠬᠦᠷᠢᠶᠡᠯᠡᠨᠭ ᠡᠴᠡ ᠰᠤᠳᠤᠯᠤᠨ ᠨᠡᠬᠡᠬᠡᠭᠰᠡᠨ 《ᠡᠬᠦᠯᠳᠡᠷ ᠪᠤᠢᠵᠢᠭᠤᠯᠬᠤ 1 ᠳ᠋ᠤᠬᠡᠷ ᠨᠤᠮᠸᠷᠳᠤ ᠴᠢᠫ》 ᠨᠢ ᠰᠦ ᠰᠠᠢᠳᠡᠢ᠂ ᠦᠷᠡᠵᠢᠯ ᠰᠠᠢᠳᠡᠢ᠂ ᠬᠡᠮ ᠬᠢᠵᠢᠭ ᠢ᠋ ᠡᠰᠡᠷᠬᠦᠴᠡᠬᠦ ᠴᠢᠳᠠᠪᠤᠷᠢ ᠪᠡᠷ ᠰᠠᠢᠨ ᠰᠠᠭᠠᠯᠢ ᠢ᠋ᠢᠨ ᠦᠨᠢᠶᠡᠨ ᠤ᠋ ᠡᠬᠦᠯᠳᠡᠷ ᠢ᠋ ᠤᠨᠤᠪᠴᠢᠳᠡᠢ ᠮᠠᠭᠠᠳᠯᠠᠨ ᠲᠤᠭᠳᠠᠭᠠᠵᠤ ᠲᠡᠢᠯᠬᠦ ᠪᠤᠯᠵᠤ᠂ ᠤᠳᠤᠮᠯᠠᠯ ᠤ᠋ᠨ ᠭᠸᠨ ᠢ᠋ ᠰᠢᠭᠰᠢᠨ ᠰᠤᠨᠭᠭᠤᠬᠤ ᠤᠨᠤᠪᠴᠢ ᠢ᠋ᠢᠨ ᠨᠤᠷᠮ᠎ᠡ ᠢ᠋ᠢ ᠲᠡᠯᠡᠬᠡᠢ ᠢ᠋ᠢᠨ ᠲᠡᠷᠢᠬᠦᠨ ᠤ᠋ ᠲᠦᠪᠰᠢᠨ ᠳ᠋ᠤ᠌ ᠬᠦᠷᠬᠡᠪᠡ᠃ ᠶᠢᠦ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠨᠢ 62 ᠲᠦᠮᠡᠨ ᠰᠠᠭᠠᠯᠢ ᠵᠢᠨ ᠦᠨᠢᠶ᠎ᠡ ᠢ᠋ᠢᠨ ᠲᠤᠮᠤ ᠰᠦᠷᠦᠭ ᠲᠦ᠍ ᠲᠦᠰᠢᠭᠯᠡᠨ ᠪᠦᠬᠦ᠌ ᠭᠧᠨ ᠤ᠋ ᠪᠦᠯᠦᠭ ᠤ᠋ᠨ ᠰᠢᠯᠭᠠᠨ ᠪᠠᠢᠴᠠᠭᠠᠯᠳᠡ ᠪᠡᠷ ᠰᠦ ᠰᠠᠢᠳᠠᠢ ᠰᠢᠯᠢᠳᠡᠭ ᠡᠬᠦᠯᠳᠡᠷ ᠤ᠋ᠨ ᠭᠤᠤᠯᠯᠠᠬᠤ ᠰᠦᠷᠦᠭ ᠢ᠋ ᠰᠢᠭᠰᠢᠨ ᠰᠤᠨᠭᠭᠤᠵᠤ᠂ ᠬᠦᠪᠦᠷᠡᠯ ᠰᠢᠯᠵᠢᠭᠦᠯᠬᠦ᠌ ᠮᠡᠷᠭᠡᠵᠢᠯ ᠢ᠋ ᠬᠡᠷᠡᠭᠯᠡᠨ ᠤᠳᠤᠮᠯᠠᠯ ᠤ᠋ᠨ ᠴᠢᠨᠠᠷ ᠶ᠋ᠢᠡᠷ ᠰᠠᠢᠨ ᠰᠢᠯᠢᠳᠡᠭ ᠪᠤᠬ᠎ᠠ ᠪᠤᠯᠤᠨ ᠦᠷᠡᠵᠢᠯ ᠰᠠᠢᠳᠡᠢ ᠦᠨᠢᠶ᠎ᠡ ᠵᠢ ᠪᠣᠶ᠋ᠢᠵᠢᠭᠤᠯᠵᠤ᠂ ᠮᠠᠯᠵᠢᠯ ᠤ᠋ᠨ ᠲᠠᠯᠠᠪᠠᠶ ᠵᠢᠨ ᠵᠢᠡᠨ ᠦᠨᠢᠶᠡᠨ ᠰᠦᠷᠦᠭ ᠤ᠋ᠨ ᠪᠦᠲᠦᠴᠡ ᠵᠢ ᠰᠢᠯᠢᠳᠡᠭᠵᠢᠭᠦᠯᠤᠨ᠂ ᠰᠦ ᠰᠠᠢᠳᠡᠢ ᠰᠠᠭᠠᠯᠢ ᠵᠢᠨ ᠦᠨᠢᠶᠡᠨ ᠤ᠋ ᠭᠧᠨ ᠤ᠋ ᠰᠤᠯᠢᠭᠳᠠᠯ ᠢ᠋ ᠲᠦᠷᠬᠡᠳᠬᠡᠭᠰᠡᠨ ᠡᠴᠡ ᠪᠦᠳᠦᠬᠦᠨ ᠰᠠᠭᠠᠯᠢ ᠢ᠋ᠢᠨ ᠦᠨᠢᠶ᠎ᠡ ᠨᠢᠬᠡᠪᠦᠷᠢ ᠢ᠋ᠢᠨ ᠵᠢᠯ ᠤ᠋ᠨ ᠰᠦ ᠢ᠋ᠢᠨ ᠭᠠᠷᠤᠯᠳᠡ ᠨᠢ ᠨᠡᠮᠡᠭᠳᠡᠭᠡᠳ 12.8 ᠲᠣᠨ ᠳ᠋ᠤ ᠬᠦᠷᠴᠠᠢ᠃

《ᠦᠨᠢᠶᠡᠨ ᠰᠦ ᠢ᠋ᠢᠨ ᠭᠠᠷᠤᠯᠲᠠ ᠶ᠋ᠢᠨ ᠲᠤᠬᠲᠠᠭᠤᠨ ᠨᠡᠮᠡᠭᠳᠡᠯ ᠢ᠋ ᠦᠷᠬᠦᠯᠵᠢᠯᠡᠨ ᠪᠠᠲᠤᠯᠠᠬᠤ ᠳ᠋ᠤ ᠡᠩ ᠲᠠᠷᠢᠬᠦᠨ ᠳ᠋ᠤ ᠪᠤᠳᠠᠭᠠᠯᠢ ᠪᠠᠶ᠎ᠡ ᠵᠢᠨ ᠰᠦ ᠵᠢᠨ ᠭᠠᠷᠤᠯᠳᠠ ᠵᠢ ᠲᠠᠬᠡᠭᠰᠢᠯᠡᠬᠦᠯᠬᠦ ᠪᠡᠷ ᠬᠦᠴᠦᠯᠡᠵᠤ᠂ ᠰᠠᠭᠠᠯᠢ ᠵᠢᠨ ᠦᠨᠢᠶᠡᠨ ᠤ᠋ ᠤᠳᠤᠮᠯᠠᠯ ᠤ᠋ᠨ ᠴᠢᠨᠠᠷ ᠢ᠋ ᠰᠠᠢᠵᠢᠷᠠᠭᠤᠯᠤᠨ᠂ ᠤᠨᠴᠠ ᠰᠢᠯᠢᠳᠡᠭ ᠪᠤᠬ᠎ᠠ ᠵᠢ ᠣᠨᠣᠴᠠᠲᠠᠶ ᠰᠢᠯᠢᠨ ᠰᠣᠩᠭᠣᠵᠤ᠂ ᠬᠦᠪᠦᠷᠡᠯ ᠰᠢᠯᠵᠢᠭᠦᠯᠬᠦ᠌ ᠮᠡᠷᠭᠡᠵᠢᠯ ᠢ᠋ ᠶᠡᠬᠡ ᠪᠡᠷ ᠳᠡᠯᠭᠡᠷᠡᠭᠦᠯᠤᠨ᠂ ᠰᠢᠯᠢᠳᠡᠭ ᠡᠭᠦᠯᠳᠡᠷ ᠢ᠋ ᠥᠷᠭᠡᠳᠬᠡᠨ ᠦᠷᠡᠵᠢᠭᠦᠯᠬᠦ᠌ ᠬᠤᠷᠳᠤᠴᠠ ᠵᠢ ᠲᠦᠷᠬᠡᠳᠬᠡᠬᠦ ᠬᠡᠷᠡᠭᠳᠡᠢ᠃ ᠤᠯᠤᠰ ᠡᠴᠡ ᠦᠷ᠎ᠡ ᠵᠢᠨ ᠤᠢᠯᠡᠰ ᠢ᠋ ᠬᠥᠭᠵᠢᠭᠦᠯᠦᠨ ᠮᠠᠨᠳᠤᠭᠤᠯᠬᠤ ᠵᠢ ᠬᠦᠴᠦᠯᠡᠨ ᠠᠬᠢᠭᠤᠯᠵᠤ᠂ ᠥᠪᠡᠷᠲᠡᠭᠡᠨ ᠵᠠᠰᠠᠬᠤ ᠣᠷᠣᠨ ᠡᠴᠡ ᠪᠠᠰᠠ ᠦᠷ᠎ᠡ ᠵᠢᠨ ᠴᠢᠫ ᠤ᠋ᠨ ᠢᠨᠵᠧᠨᠧᠷᠢᠩ ᠢ᠋ ᠴᠢᠩᠭ᠎ᠠ ᠬᠡᠷᠡᠭᠵᠢᠬᠦᠯᠵᠤ ᠪᠤᠢ᠂ ᠡᠨᠡ ᠪᠤᠯ ᠡᠯ᠎ᠠ ᠭᠠᠵᠠᠷ ᠤ᠋ᠨ ᠬᠢᠨ ᠤ᠋ ᠠᠯᠳᠠᠵᠤ ᠪᠤᠯᠤᠰᠢ ᠦᠬᠡᠢ ᠠᠵᠠ ᠲᠤᠬᠢᠶᠠᠯ ᠮᠦᠨ》 ᠬᠡᠵᠤ ᠦᠪᠤᠷ ᠮᠤᠨᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠲᠠᠷᠢᠶᠠᠯᠠᠨᠭ᠌ ᠮᠠᠯ ᠠᠵᠤ ᠠᠬᠤᠢ ᠪᠡ ᠬᠦᠳᠡᠬᠡ ᠲᠤᠰᠬᠤᠨ ᠮᠠᠯᠵᠢᠬᠤ ᠤᠷᠤᠨ ᠤ᠋ ᠲᠢᠨᠭᠬᠢᠮ ᠤ᠋ᠨ ᠰᠦ ᠢ᠋ᠢᠨ ᠤᠢᠯᠡᠰ ᠤ᠋ᠨ ᠭᠠᠵᠠᠷ ᠤ᠋ᠨ ᠬᠠᠷᠢᠭᠤᠴᠠᠯᠭᠠᠳᠠᠨ ᠬᠤᠤ ᠯᠦ᠍ ᠬᠡᠯᠡᠨ᠎ᠠ᠃

ᠪᠢᠳᠡ ᠬᠥᠯᠥᠨ ᠪᠤᠢ᠌ᠷ ᠤ᠋ᠨ ᠠᠳᠠᠷ ᠬᠠᠭᠠᠯᠪᠤᠷᠢᠯᠠᠯᠲᠠ ᠵᠢᠨ ᠪᠦᠯᠦᠭᠯᠡᠯ ᠤ᠋ᠨ ᠰᠢᠷᠠᠲᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠢ᠋ᠢᠨ ᠬᠢᠵᠠᠭᠠᠷᠳᠤ ᠺᠤᠮᠫᠠᠨᠢ ᠳ᠋ᠤ᠌ ᠬᠦᠷᠬᠦ ᠳ᠋ᠤ᠌ ᠲᠠᠷᠭᠤ ᠰᠠᠢᠳᠠᠢ ᠦᠨᠢᠶᠡᠳ ᠡᠮᠬᠢ ᠲᠠᠷᠠᠭᠠᠯᠠᠯ ᠲᠠᠢ ᠪᠡᠷ ᠠᠦ᠋ᠲ᠋ᠤᠴᠢᠯᠠᠭᠰᠠᠨ ᠰᠦ ᠰᠠᠭᠠᠬᠤ ᠮᠠᠰᠢᠨ ᠤ᠋ ᠡᠮᠤᠨ᠎ᠡ ᠡᠩᠨᠡᠷᠡᠨ ᠵᠤᠭᠰᠤᠵᠠᠭᠠᠨ᠎ᠠ᠃ ᠲᠤᠰ ᠮᠠᠯᠵᠢᠯ ᠤ᠋ᠨ ᠲᠠᠯᠠᠪᠠᠢ ᠨᠢ ᠬᠠᠬᠢᠷ ᠬᠦᠢᠳᠡᠨ ᠠᠭᠤᠷ ᠠᠮᠢᠰᠬᠤᠯ ᠳ᠋ᠤ᠌ ᠵᠤᠬᠢᠴᠠᠭᠰᠠᠨ᠂ ᠮᠢᠬ᠎ᠡ ᠰᠦ ᠢ᠋ᠢᠨ ᠬᠤᠤᠰ ᠬᠡᠷᠡᠭᠴᠡᠬᠡᠳᠤ ᠭᠤᠷᠪᠡᠨ ᠭᠤᠤᠯ ᠤ᠋ᠨ ᠦᠬᠡᠷ ᠢ᠋ ᠲᠡᠵᠢᠬᠡᠨ ᠦᠷᠡᠵᠢᠬᠦᠯᠵᠤ᠂ ᠤᠳᠤᠮᠯᠠᠯ ᠤ᠋ᠨ ᠴᠢᠨᠠᠷ ᠢ᠋ ᠰᠠᠶ᠋ᠢᠵᠢᠷᠠᠭᠤᠯᠬᠤ ᠵᠢ ᠴᠢᠬᠤᠯᠠᠴᠢᠯᠠᠨ᠂ ᠰᠢᠯᠢᠳᠡᠭ ᠡᠬᠦᠯᠳᠡᠷ ᠤ᠋ᠨ ᠪᠤᠬ᠎ᠡ ᠢ᠋ᠢ ᠰᠤᠨᠭᠭᠤᠨ ᠰᠢᠨᠵᠢᠯᠡᠬᠦ ᠤᠬᠠᠭᠠᠨᠴᠢ ᠪᠡᠷ ᠬᠡᠬᠡᠯᠳᠦᠬᠦᠯᠬᠡ ᠬᠢᠵᠤ᠂ ᠰᠦᠷᠦᠭ ᠤ᠋ᠨ ᠪᠦᠲᠦᠴᠡ ᠪᠡᠨ ᠲᠠᠰᠤᠷᠠᠯᠲᠠ ᠥᠬᠡᠶ ᠰᠢᠯᠢᠳᠡᠭᠵᠢᠬᠦᠯᠦᠭᠰᠡᠬᠡᠷ ᠢᠷᠠᠵᠠᠢ᠃ 《ᠪᠢᠳᠡ ᠣᠳᠣᠬᠢᠴᠢᠯᠠᠭᠰᠠᠨ ᠡᠭᠦᠯᠳᠡᠷ ᠪᠣᠶ᠋ᠢᠵᠢᠭᠤᠯᠬᠤ ᠰᠢᠰᠲ᠋ᠧᠮ ᠢ᠋ ᠲᠡᠭᠦᠯᠳᠡᠷᠵᠢᠭᠦᠯᠤᠨ᠂ ᠢᠴᠡᠭᠡᠯ ᠦᠷ᠎ᠡ ᠵᠢᠨ ᠲᠣᠭᠠᠴᠢᠯᠠᠭᠰᠠᠨ ᠬᠠᠮᠢᠶᠠᠷᠤᠯᠲᠠ ᠵᠢᠨ ᠰᠢᠰᠲ᠋ᠧᠮ ᠢ᠋ ᠪᠠᠢᠭᠤᠯᠵᠤ᠂ ᠢᠴᠡᠭᠡᠯ ᠦᠷ᠎ᠠ ᠵᠢᠨ ᠨᠢᠭᠲᠠᠴᠠ ᠪᠠ ᠶᠠᠰᠤ ᠴᠢᠨᠡᠷ ᠵᠡᠷᠭᠡ ᠲᠣᠭ᠎ᠠ ᠪᠠᠷᠢᠮᠲᠠ ᠵᠢ ᠰᠢᠨᠵᠢᠨ ᠵᠠᠳᠠᠯᠬᠤ ᠪᠡᠷ ᠲᠠᠮᠵᠢᠨ ᠤᠳᠤᠮᠯᠠᠯ ᠤ᠋ᠨ ᠴᠢᠨᠠᠷ ᠢ᠋ ᠨᠢ ᠰᠤᠳᠤᠯᠤᠨ ᠮᠠᠭᠠᠳᠯᠠᠳᠠᠭ᠃ ᠤᠳᠤ ᠮᠠᠨ ᠤ᠋ ᠮᠠᠯᠵᠢᠯ ᠤ᠋ᠨ ᠲᠠᠯᠠᠪᠠᠢ 5000 ᠭᠠᠷᠤᠢ ᠭᠤᠷᠪᠠᠨ ᠭᠤᠤᠯ ᠤ᠋ᠨ ᠦᠨᠢᠶ᠎ᠡ ᠲᠡᠵᠢᠬᠡᠵᠤ᠂ ᠲᠤᠮᠳᠠᠴᠢ ᠪᠡᠷ ᠦᠨᠢᠶ᠎ᠡ ᠨᠢᠬᠡᠪᠦᠷᠢ ᠢ᠋ᠢᠨ ᠵᠢᠯ ᠤ᠋ᠨ ᠰᠦ ᠵᠢᠨ ᠭᠠᠷᠤᠯᠲᠠ 6.5 ᠲᠣᠨ ᠳ᠋ᠤ᠌ ᠬᠦᠷᠴᠦ ᠪᠠᠢᠨ᠎ᠠ᠃ ᠡᠨᠡ ᠬᠦ᠌ ᠭᠠᠷᠤᠯᠳᠠ ᠵᠢᠨ ᠬᠡᠮᠵᠢᠶ᠎ᠠ ᠨᠢ ᠭᠤᠷᠪᠠᠨ ᠭᠤᠤᠯ ᠤ᠋ᠨ ᠦᠬᠡᠷ ᠲᠦ᠍ ᠠᠪᠴᠦ ᠬᠡᠯᠡᠪᠡᠯ ᠨᠢᠬᠡᠨ ᠯᠤᠳᠤ ᠶᠡᠬᠡ ᠲᠠᠪᠠᠯᠳᠠ ᠪᠤᠯᠬᠤ ᠶᠤᠮ》 ᠬᠡᠵᠤ ᠰᠢᠷᠡᠳᠡᠯ᠎ᠡ ᠲᠠᠷᠢᠶᠠᠯᠠᠩ ᠮᠠᠯᠵᠢᠯ ᠤ᠋ᠨ ᠲᠠᠯᠠᠪᠠᠢ ᠵᠢᠨ ᠭᠤᠷᠪᠡᠳᠤᠭᠠᠷ ᠮᠠᠯᠵᠢᠯ ᠤ᠋ᠨ ᠲᠠᠯᠠᠪᠠᠢ ᠢ᠋ᠢᠨ ᠲᠡᠳ᠋ ᠲᠠᠷᠤᠭ᠎ᠠ ᠶᠠᠨᠭ᠌ ᠯᠢᠦ ᠴᠢᠨᠭ ᠤᠷᠮᠠᠳᠠᠢ ᠲᠠᠨᠢᠯᠴᠠᠭᠤᠯᠤᠨ᠎ᠠ᠃

《ᠰᠠᠭᠠᠯᠢ ᠵᠢᠨ ᠦᠨᠢᠶᠡᠨ ᠤ᠋ ᠰᠦᠷᠦᠭ ᠤ᠋ᠨ ᠪᠦᠳᠦᠴᠡ ᠵᠢ ᠰᠢᠯᠢᠳᠡᠭᠵᠢᠬᠦᠯᠬᠦ ᠵᠢᠨ ᠬᠠᠮᠳᠤ ᠲᠤᠭ᠎ᠠ ᠲᠤᠯᠤᠭᠠᠢ ᠵᠢ ᠲᠣᠭᠲᠠᠭᠤᠨ ᠪᠠᠢᠯᠭᠠᠵᠤ᠂ ᠮᠠᠯᠵᠢᠯ ᠤ᠋ᠨ ᠲᠠᠯᠠᠪᠠᠶ ᠪᠤᠯᠤᠨ ᠲᠠᠵᠢᠬᠡᠪᠤᠷᠢ ᠵᠢᠨ ᠡᠷᠦᠬᠡ ᠵᠢᠨ ᠤᠢᠯᠡᠳᠪᠤᠷᠢᠯᠡᠯ ᠤ᠋ᠨ ᠪᠣᠳᠠᠲᠤ᠌ ᠪᠠᠶ᠋ᠢᠳᠠᠯ ᠲᠠᠶ ᠤᠶᠠᠯᠳᠤᠭᠤᠯᠤᠨ ᠰᠦ ᠵᠢᠨ ᠭᠠᠷᠤᠯᠳᠠ ᠪᠡᠷ ᠲᠤᠤᠷ᠎ᠠ ᠦᠨᠢᠶ᠎ᠠ ᠪᠤᠯᠤᠨ ᠬᠦᠭᠰᠢᠨ ᠦᠨᠢᠶ᠎ᠠ ᠵᠢ ᠲᠠᠷᠤᠢᠬᠠᠨ ᠰᠢᠭᠰᠢᠭᠳᠡᠭᠦᠯᠵᠤ᠂ ᠡᠭᠦᠯᠳᠡᠷ ᠤ᠋ᠨ ᠰᠦᠷᠦᠭ ᠤ᠋ᠨ ᠶᠠᠰᠤ ᠴᠢᠨᠠᠷ ᠢ᠋ ᠴᠢᠩᠭᠠᠳᠬᠠᠨ᠂ ᠰᠦ ᠰᠠᠢᠳᠡᠢ ᠭᠤᠤᠯᠯᠠᠬᠤ ᠦᠨᠢᠶᠡᠨ ᠰᠦᠷᠦᠭ ᠤ᠋ᠨ ᠬᠡᠮᠵᠢᠶ᠎ᠠ ᠪᠠ ᠬᠡᠪᠴᠢᠶ᠎ᠠ ᠵᠢ ᠪᠠᠳᠤᠯᠠᠬᠤ ᠴᠢᠬᠤᠯᠠᠳᠠᠢ》 ᠬᠡᠵᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ ᠵᠢᠨ ᠮᠡᠷᠭᠡᠵᠢᠯ ᠢ᠋ ᠳᠡᠯᠭᠡᠷᠡᠭᠦᠯᠬᠦ᠌ ᠲᠥᠪ ᠤ᠋ᠨ ᠰᠦ᠋ ᠵᠢᠨ ᠤᠢᠯᠡᠰ ᠤ᠋ᠨ ᠮᠡᠷᠬᠡᠵᠢᠯ ᠤ᠋ᠨ ᠭᠠᠵᠠᠷ ᠤ᠋ᠨ ᠳᠠᠷᠤᠭ᠎ᠠ ᠪᠦᠦ ᠾᠧ ᠫᠢᠩ ᠰᠠᠨᠠᠭᠤᠯᠤᠨ᠎ᠠ᠃ ᠲᠡᠬᠦᠨ ᠤ᠋ ᠬᠡᠯᠡᠬᠦ ᠪᠡᠷ᠂ 《ᠦᠪᠡᠷᠳᠡᠬᠡᠨ ᠵᠠᠰᠠᠬᠤ ᠤᠷᠤᠨ — ᠠᠢᠮᠠᠭ ᠬᠤᠳᠠ — ᠬᠤᠰᠢᠭᠤ ᠰᠢᠶᠠᠨ》 ᠭᠤᠷᠪᠠᠨ ᠱᠠᠲᠤᠨ ᠤ᠋ ᠰᠦ᠋ ᠵᠢᠨ ᠤᠢᠯᠡᠰ ᠤ᠋ᠨ ᠮᠡᠷᠭᠡᠵᠢᠯ ᠤ᠋ᠨ ᠤᠢᠯᠡᠴᠢᠯᠡᠬᠡᠨ ᠤ᠋ ᠪᠦᠯᠬᠦᠮ ᠢ᠋ ᠵᠣᠬᠢᠶᠠᠨ ᠪᠠᠶ᠋ᠢᠭᠤᠯᠵᠤ᠂ ᠲᠡᠵᠢᠭᠡᠨ ᠦᠷᠡᠵᠢᠭᠦᠯᠬᠦ᠌ ᠲᠠᠯᠠᠪᠠᠶ ᠵᠢ ᠬᠦᠳᠦᠯᠦᠨ ᠵᠢᠯᠤᠭᠤᠳᠴᠤ ᠪᠠᠢᠭᠠᠳ ᠦᠨᠢᠶᠡᠨ ᠰᠦᠷᠦᠭ ᠲᠠᠬᠢ ᠰᠦ ᠰᠢᠬᠦᠷᠡᠬᠦᠯᠬᠦ ᠰᠠᠭᠠᠯᠢ ᠵᠢᠨ ᠦᠨᠢᠶᠡᠨ ᠤ᠋ ᠬᠠᠷᠢᠴᠠᠯ ᠢ᠋ ᠤᠳᠤ ᠵᠢᠨ 40% ᠣᠷᠴᠢᠮ ᠡᠴᠡ 50% ᠭᠠᠷᠤᠢ ᠪᠤᠯᠭᠠᠨ ᠲᠠᠬᠡᠭᠰᠢᠯᠡᠬᠦᠯᠬᠦ ᠬᠡᠷᠡᠭᠳᠠᠢ᠃ ᠡᠨᠡ ᠪᠤᠯ ᠰᠢᠨᠵᠢᠯᠡᠬᠦ ᠤᠬᠠᠭᠠᠨᠴᠢ ᠬᠠᠷᠢᠴᠠᠯ ᠪᠤᠯᠤᠨ᠎ᠠ᠃


QQ截图20260828163202.png


ᠭᠤᠷᠪᠠᠨ ᠭᠤᠤᠯ ᠤ᠋ᠨ ᠦᠨᠢᠶ᠎ᠠ


ᠰᠢᠮ᠎ᠠ ᠲᠠᠵᠢᠬᠡᠯ ᠢ᠋ ᠤᠨᠤᠴᠠᠳᠠᠢ ᠨᠦᠬᠦᠪᠤᠷᠢᠯᠡᠬᠦ —

ᠦᠨᠢᠶᠡᠨ ᠰᠦ ᠵᠢᠨ ᠭᠠᠷᠤᠯᠳᠠ ᠵᠢᠨ ᠰᠢᠨ᠎ᠡ ᠦᠰᠦᠷᠦᠯᠳᠡ ᠵᠢ ᠪᠠᠶᠡᠯᠡᠬᠦᠯᠬᠦ ᠵᠢᠨ ᠠᠨᠢᠰᠤ

《ᠰᠠᠭᠠᠯᠢ ᠵᠢᠨ ᠦᠨᠢᠶᠡᠨ ᠤ᠋ ᠰᠢᠮ᠎ᠠ ᠲᠠᠵᠢᠬᠡᠯ ᠤ᠋ᠨ ᠬᠠᠩᠭᠠᠯᠭ᠎ᠠ ᠵᠢ ᠰᠢᠨᠵᠢᠯᠡᠬᠦ ᠤᠬᠠᠭᠠᠨᠴᠢ ᠪᠡᠷ ᠨᠠᠷᠢᠨ ᠤᠨᠤᠴᠠᠳᠠᠢ ᠲᠤᠬᠢᠷᠠᠭᠤᠯᠬᠤ ᠪᠤᠯ ᠦᠨᠢᠶᠡᠨ ᠰᠦ ᠵᠢᠨ ᠭᠠᠷᠤᠯᠲᠠ ᠵᠢ ᠨᠡᠮᠡᠭ᠌ᠳᠡᠭᠦᠯᠬᠦ᠌ ᠠᠨᠢᠰᠤ ᠶᠤᠮ᠃ ᠰᠠᠭᠠᠯᠢ ᠵᠢᠨ ᠦᠨᠢᠶᠡᠨ ᠤ᠋ ᠱᠢᠮ᠎ᠡ ᠲᠡᠵᠢᠭᠡᠯ ᠤ᠋ᠨ ᠬᠠᠩᠭᠠᠯᠭ᠎ᠠ ᠵᠢ ᠪᠠᠳᠤᠯᠠᠵᠤ ᠲᠠᠢᠯᠪᠡᠯ ᠰᠦ ᠢ᠋ᠢᠨ ᠭᠠᠷᠤᠯᠲᠠ ᠨᠢ ᠱᠢᠭᠤᠳ ᠨᠡᠮᠡᠭᠳᠡᠳᠡᠭ᠃ ᠬᠡᠬᠦ ᠳ᠋ᠡᠬᠡᠨ ᠪᠣᠳᠠᠭᠠᠯᠢ ᠪᠡᠶ᠎ᠡ ᠵᠢᠨ ᠵᠥᠷᠢᠶ᠎ᠡ᠂ ᠹᠢᠽᠢᠣᠯᠣᠭᠢ ᠵᠢᠨ ᠱᠠᠲᠤ᠌ ᠦᠶ᠎ᠡ ᠪᠠ ᠠᠳᠠᠯᠢ ᠪᠤᠰᠤ ᠤᠢᠯᠡᠳᠪᠤᠷᠢᠯᠡᠯ ᠤ᠋ᠨ ᠴᠢᠳᠠᠪᠬᠢ ᠢ᠋ᠢ ᠨᠢ ᠦᠨᠳᠦᠰᠦᠯᠡᠨ ᠠᠳᠠᠯᠢ ᠪᠤᠰᠤ ᠰᠦᠷᠦᠭ ᠲᠦ᠍ ᠬᠤᠪᠢᠶᠡᠨ ᠠᠷᠠᠴᠢᠯᠠᠨ ᠲᠡᠵᠢᠬᠡᠵᠤ᠂ ᠰᠠᠭᠠᠯᠢ ᠢ᠋ᠢᠨ ᠦᠨᠢᠶ᠎ᠡ ᠨᠢᠬᠡᠪᠤᠷᠢ ᠵᠢᠨ ᠰᠢᠮ᠎ᠡ ᠲᠡᠵᠢᠬᠡᠯ ᠤ᠋ᠨ ᠬᠡᠷᠡᠭᠴᠡᠬᠡ ᠱᠠᠭᠠᠷᠳᠠᠯᠭ᠎ᠠ ᠢ᠋ᠢ ᠨᠢ ᠤᠨᠤᠪᠴᠢᠳᠡᠢ ᠬᠠᠨᠭᠭᠠᠬᠤ ᠬᠡᠷᠡᠭᠳᠠᠢ》 ᠬᠡᠵᠤ ᠸᠠᠨᠭ᠌ ᠯᠢ ᠹᠠᠨᠭ᠌ ᠤᠨᠴᠠᠯᠠᠨ ᠴᠢᠬᠤᠯᠠᠴᠢᠯᠡᠵᠤ ᠪᠠᠢᠯ᠎ᠡ᠃

ᠪᠢᠳᠡ ᠪᠤᠭᠤᠳᠤ ᠬᠤᠳᠠ ᠢ᠋ᠢᠨ ᠵᠢᠦ ᠶᠤᠸᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠳ᠋ᠤ᠌ ᠬᠦᠷᠬᠦ ᠳ᠋ᠤ᠂ ᠲᠤᠰᠬᠠᠢ ᠮᠡᠷᠬᠡᠵᠢᠯ ᠤ᠋ᠨ ᠠᠵᠢᠯᠴᠢᠨ ᠨᠢ ᠨᠠᠷᠢᠨ ᠤᠨᠤᠴᠠᠳᠡᠢ ᠠᠷᠠᠴᠢᠯᠠᠨ ᠲᠡᠵᠢᠬᠡᠬᠦ ᠰᠢᠰᠲ᠋ᠸᠮ ᠢ᠋ᠢᠡᠷ ᠲᠠᠮᠵᠢᠨ ᠰᠠᠭᠠᠯᠢ ᠵᠢᠨ ᠦᠨᠢᠶᠡᠨ ᠤ᠋ ᠬᠡᠪᠳᠡᠷᠢ ᠵᠢᠨ ᠲᠤᠭᠤᠷᠢᠭ᠂ ᠲᠡᠵᠢᠬᠡᠯ ᠦᠭᠬᠦ ᠬᠡᠮᠵᠢᠶ᠎ᠡ᠂ ᠲᠡᠵᠢᠬᠡᠯ ᠦᠭᠬᠦ ᠠᠬᠢᠴᠡ ᠪᠠ ᠲᠤᠨᠤᠭ ᠲᠦᠬᠦᠬᠡᠷᠤᠮᠵᠢ ᠢ᠋ᠢᠨ ᠠᠵᠢᠯᠯᠠᠭᠠᠨ ᠤ᠋ ᠪᠠᠢᠳᠡᠯ ᠢ᠋ ᠨᠢᠮᠪᠠᠢ ᠪᠠᠢᠴᠠᠭᠠᠵᠤ ᠪᠠᠢᠯ᠎ᠡ᠃ 《ᠪᠢᠳᠡ ᠰᠠᠭᠠᠯᠢ ᠢ᠋ᠢᠨ ᠦᠨᠢᠶᠡᠨ ᠤ᠋ ᠰᠢᠨᠵᠢᠯᠡᠬᠦ ᠤᠬᠠᠭᠠᠨᠴᠢᠯᠠᠭᠰᠠᠨ᠂ ᠰᠢᠰᠲ᠋ᠸᠮᠴᠢᠯᠡᠭᠰᠡᠨ᠂ ᠨᠠᠷᠢᠯᠢᠭᠵᠢᠭᠤᠯᠤᠭᠰᠡᠨ ᠰᠢᠮ᠎ᠡ ᠲᠡᠵᠢᠬᠡᠯ ᠤ᠋ᠨ ᠲᠤᠬᠢᠷᠠᠭᠤᠯᠤᠯᠳᠠ ᠬᠠᠮᠢᠶᠠᠷᠤᠯᠳᠡ ᠢ᠋ᠢᠨ ᠰᠢᠰᠲ᠋ᠸᠮ ᠢ᠋ ᠪᠠᠢᠭᠤᠯᠵᠤ᠂ ᠦᠩᠬᠡᠷᠡᠭᠰᠡᠨ ᠤ᠋ ᠲᠡᠷᠡ ᠬᠦ᠌ ᠤᠯᠠᠮᠵᠢᠯᠠᠯᠳᠤ ᠲᠤᠷᠰᠢᠯᠭ᠎ᠠ ᠪᠠᠨ ᠦᠨᠳᠤᠰᠤᠯᠡᠨ ᠡᠪᠡᠰᠤ ᠪᠤᠷᠳᠤᠭᠠᠨ ᠤ᠋ ᠨᠠᠢᠷᠠᠯᠭ᠎ᠠ ᠢ᠋ᠢ ᠡᠬᠡᠬᠡ ᠠᠳᠠᠯᠢ ᠲᠤᠬᠢᠷᠠᠭᠤᠯᠬᠤ ᠵᠠᠭᠪᠤᠷ ᠢ᠋ ᠪᠦᠷᠢᠮᠦᠰᠤᠨ ᠬᠤᠪᠢᠷᠠᠭᠤᠯᠬᠤ ᠵᠢᠨ ᠬᠠᠮᠳᠤ 5000 ᠰᠠᠭᠠᠯᠢ ᠵᠢᠨ ᠦᠨᠢᠶ᠎ᠡ ᠪᠡᠨ ᠰᠦᠷᠦᠭ ᠬᠤᠪᠢᠶᠡᠨ ᠠᠷᠠᠴᠢᠯᠠᠨ ᠲᠠᠵᠢᠬᠡᠭᠰᠡᠨ ᠢ᠋ᠢᠡᠷ ᠪᠤᠳᠠᠭᠠᠯᠢ ᠪᠠᠶ᠎ᠠ ᠵᠢᠨ ᠰᠦ ᠵᠢᠨ ᠭᠠᠷᠤᠯᠳᠠ ᠨᠢ 10% ᠭᠠᠷᠤᠢ ᠪᠡᠷ ᠲᠠᠬᠡᠭᠰᠢᠯᠡᠵᠤ᠂ ᠤᠳᠤ ᠮᠠᠯᠵᠢᠯ ᠤ᠋ᠨ ᠲᠠᠯᠠᠪᠠᠢ ᠢ᠋ᠢᠨ ᠡᠳᠦᠷ ᠤ᠋ᠨ ᠰᠦ ᠢ᠋ᠢᠨ ᠭᠠᠷᠤᠯᠳᠡ 60 ᠲᠣᠨ ᠢ᠋ ᠲᠠᠪᠠᠵᠤ ᠪᠠᠢᠨ᠎ᠠ》 ᠬᠡᠵᠤ ᠵᠢᠦ ᠶᠤᠸᠠᠨ ᠺᠤᠮᠫᠠᠨᠢ ᠢ᠋ᠢᠨ ᠶᠡᠷᠦᠨᠭᠬᠡᠢ ᠲᠠᠭᠠᠭᠠᠮᠠᠯ ᠴᠢ ᠯᠢ ᠲᠢᠩ ᠬᠡᠯᠡᠨ᠎ᠠ᠃

《ᠰᠠᠭᠠᠯᠢ ᠵᠢᠨ ᠦᠨᠢᠶ᠎ᠡ ᠲᠤᠭᠤᠯᠯᠠᠭᠰᠠᠨ ᠤ᠋ ᠲᠠᠷᠠᠭ᠎ᠠ ᠰᠢᠮ᠎ᠡ ᠲᠡᠵᠢᠬᠡᠯ ᠨᠦᠬᠦᠪᠤᠷᠢᠯᠡᠬᠦ ᠵᠢ ᠶᠡᠬᠡ ᠪᠡᠷ ᠱᠠᠭᠠᠷᠳᠠᠵᠤ᠂ ᠬᠡᠷᠪᠡ ᠡᠨᠡ ᠬᠤᠭᠤᠴᠠᠭᠠᠨ ᠳ᠋ᠤ᠌ ᠲᠡᠵᠢᠬᠡᠯ ᠤ᠋ᠨ ᠲᠤᠬᠢᠷᠠᠭᠤᠯᠤᠯᠳᠠ ᠪᠡᠷ ᠲᠠᠮᠵᠢᠨ ᠰᠢᠮ᠎ᠠ ᠲᠠᠵᠢᠬᠡᠯ ᠢ᠋ ᠨᠢ ᠬᠦᠢᠴᠡᠳ ᠬᠠᠩᠭᠠᠵᠤ ᠲᠠᠢᠯᠬᠦ ᠦᠬᠡᠢ ᠪᠤᠯ ᠰᠦ ᠢ᠋ᠢᠨ ᠭᠠᠷᠤᠯᠳᠡ ᠢ᠋ᠢ ᠰᠢᠭᠤᠳ ᠨᠦᠯᠦᠬᠡᠯᠡᠳᠡᠭ᠃ ᠰᠠᠭᠠᠯᠢ ᠢ᠋ᠢᠨ ᠦᠨᠢᠶᠡᠨ ᠤ᠋ ᠰᠦ ᠰᠢᠬᠦᠷᠡᠬᠦᠯᠬᠦ ᠦᠶᠡᠯᠡᠯ ᠤ᠋ᠨ ᠬᠤᠭᠤᠴᠠᠭᠠᠨ ᠳ᠋ᠤ ᠵᠠᠪᠠᠯ ᠡᠪᠡᠰᠤ ᠪᠤᠷᠳᠤᠭ᠎ᠠ ᠢ᠋ᠢ ᠵᠦᠢ ᠵᠣᠬᠢᠰᠲᠠᠶ ᠲᠣᠬᠢᠷᠠᠭᠤᠯᠤᠨ ᠰᠢᠮ᠎ᠡ ᠲᠡᠵᠢᠭᠡᠯ ᠤ᠋ᠨ ᠬᠠᠩᠭᠠᠯᠭ᠎ᠠ ᠵᠢ ᠪᠠᠳᠤᠯᠠᠵᠤ᠂ ᠪᠦᠷᠢᠨ ᠨᠠᠢᠷᠠᠯᠭᠠᠳᠤ ᠲᠡᠵᠢᠭᠡᠯ ᠤ᠋ᠨ ᠮᠡᠷᠭᠡᠵᠢᠯ ᠢ᠋ ᠪᠥᠬᠥ᠌ ᠲᠠᠯ᠎ᠠ ᠪᠠᠷ ᠲᠦᠭᠡᠮᠡᠯᠵᠢᠭᠦᠯᠤᠨ᠂ 〈ᠨᠢᠭᠡ ᠮᠠᠯᠵᠢᠯ ᠤ᠋ᠨ ᠲᠠᠯᠠᠪᠠᠢ ᠳ᠋ᠤ᠌ ᠨᠢᠭᠡ ᠠᠷᠭ᠎ᠠ ᠪᠤᠳᠤᠯᠭ᠎ᠠ〉 ᠪᠠᠷ ᠡᠪᠡᠰᠤ ᠪᠤᠷᠳᠤᠭᠠᠨ ᠤ᠋ ᠲᠤᠬᠢᠷᠠᠭᠤᠯᠤᠯᠳᠠ ᠵᠢᠨ ᠲᠥᠰᠦᠯ ᠢ᠋ ᠨᠠᠷᠢᠨ ᠨᠢᠮᠪᠠᠢ ᠲᠤᠭᠳᠠᠭᠠᠬᠤ ᠴᠢᠬᠤᠯᠠᠳᠡᠢ》 ᠬᠡᠵᠤ ᠪᠤᠤ ᠡᡁᠸ ᠫᠢᠨᠭ ᠰᠠᠨᠠᠭᠤᠯᠵᠤ ᠪᠠᠢᠯ᠎ᠠ᠃

ᠦᠨᠢᠶ᠎ᠠ ᠳ᠋ᠡᠬᠡᠨ ᠲᠠᠵᠢᠬᠡᠯ ᠦᠭᠬᠦ ᠴᠠᠭ ᠪᠤᠯᠴᠢᠬᠠᠯ᠎ᠠ ᠂ ᠰᠢᠷᠠᠲᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠢ᠋ᠢᠨ ᠠᠵᠢᠯᠴᠢᠨ ᠬᠦᠸᠸ ᠶᠢᠦ ᠯᠢᠶᠠᠨᠭ᠌ ᠬᠠᠰᠢᠶᠡᠨ ᠳ᠋ᠡᠬᠢ ᠦᠨᠢᠶ᠎ᠠ ᠵᠢᠨ ᠲᠤᠭ᠎ᠠ ᠪᠡᠷ ᠡᠪᠡᠰᠤ ᠪᠤᠷᠳᠤᠭ᠎ᠠ ᠦᠭᠬᠦ ᠬᠡᠮᠵᠢᠶ᠎ᠡ ᠪᠡᠨ ᠺᠤᠮᠫᠢᠦ᠋ᠲ᠋ᠸᠷ ᠲᠦ᠍ ᠪᠢᠴᠢᠵᠤ ᠤᠷᠤᠭᠤᠯᠤᠭᠠᠳ ᠬᠤᠯᠤᠭᠠᠨᠠᠴᠢᠷ ᠢ᠋ ᠲᠤᠶᠢᠮᠠᠭᠴᠠ ᠪᠦᠷᠢᠨ ᠨᠠᠢᠷᠠᠯᠭᠠᠳᠤ ᠲᠠᠵᠢᠬᠡᠯ ᠤ᠋ᠨ ᠰᠢᠰᠲ᠋ᠸᠮ ᠨᠢ ᠬᠦᠬᠡ ᠲᠠᠷᠤᠰᠢ᠂ ᠴᠠᠷᠭᠠᠰᠤ ᠵᠢᠴᠢ ᠪᠤᠰᠤᠳ ᠪᠤᠷᠳᠤᠭ᠎ᠠ ᠢ᠋ᠢ ᠲᠤᠬᠢᠷᠠᠭᠤᠯᠤᠨ ᠨᠠᠢᠷᠠᠭᠤᠯᠤᠭᠰᠠᠨ ᠤ᠋ ᠲᠠᠷᠠᠭ᠎ᠠ ᠲᠠᠮᠵᠢᠭᠤᠯᠭ᠎ᠠ ᠵᠢᠨ ᠪᠦᠰᠡ ᠪᠡᠷ ᠰᠢᠭᠤᠳ ᠲᠠᠵᠢᠬᠡᠯ ᠤ᠋ᠨ ᠤᠩᠭᠤᠴᠠᠨ ᠳ᠋ᠤ ᠤᠷᠤᠭᠤᠯᠵᠤ᠂ ᠨᠢᠬᠡ ᠯᠡ ᠵᠢᠰᠤᠮ ᠤ᠋ᠨ ᠭᠤᠷᠪᠠᠨ ᠭᠤᠤᠯ ᠤ᠋ᠨ ᠦᠨᠢᠶᠡᠳ ᠲᠤᠬᠢᠶ᠎ᠠ ᠠᠪᠤᠯᠴᠠᠨ ᠬᠦᠷᠴᠦ ᠢᠷᠡᠬᠡᠳ ᠡᠮᠬᠦ ᠡᠮᠬᠦ ᠪᠡᠷ ᠢᠳᠡᠰᠢᠯᠡᠨ᠎ᠠ᠃ 《 ᠮᠠᠯᠵᠢᠯ ᠤ᠋ᠨ ᠲᠠᠯᠠᠪᠠᠢ ᠵᠢᠨ ᠡᠨᠡ ᠬᠦ᠌ ᠪᠦᠷᠢᠨ ᠨᠠᠢᠷᠠᠯᠭᠠᠳᠤ ᠲᠠᠵᠢᠬᠡᠯ ᠤ᠋ᠨ ᠰᠢᠰᠲ᠋ᠧᠮ ᠨᠢ ᠦᠨᠢᠶ᠎ᠠ ᠵᠢᠨ ᠪᠤᠢᠵᠢᠯᠳᠠ᠂ ᠰᠦ᠋ ᠵᠢᠨ ᠭᠠᠷᠤᠯᠳᠠ᠂ ᠡᠷᠡᠭᠦᠯ ᠮᠡᠨᠳᠦ ᠵᠢᠨ ᠲᠣᠭ᠎ᠠ ᠪᠠᠷᠢᠮᠲᠠ ᠲᠠᠶ ᠤᠶᠠᠯᠳᠤᠭᠤᠯᠤᠨ ᠡᠪᠡᠰᠤ ᠪᠣᠷᠳᠣᠭ᠎ᠠ ᠵᠢᠨ ᠨᠠᠢᠷᠠᠯᠭ᠎ᠠ ᠳ᠋ᠤ ᠬᠥᠳᠡᠯᠦᠩᠭᠦᠶ ᠲᠣᠬᠢᠷᠠᠭᠤᠯᠤᠯᠲᠠ ᠬᠢᠵᠦ᠍᠂ ᠦᠨᠢᠶᠡᠳ ᠤ᠋ᠨ ᠰᠢᠮ᠎ᠠ ᠲᠠᠵᠢᠬᠡᠯ ᠤ᠋ᠨ ᠬᠠᠩᠭᠠᠯᠭ᠎ᠠ ᠵᠢ ᠰᠢᠨᠵᠢᠯᠡᠬᠦ ᠤᠬᠠᠭᠠᠨᠴᠢ ᠪᠡᠷ ᠪᠠᠳᠤᠯᠠᠵᠤ ᠪᠠᠢᠨ᠎ᠠ》 ᠬᠡᠵᠤ ᠬᠦᠸᠸ ᠶᠢᠦ ᠯᠢᠶᠠᠨᠭ᠌ ᠲᠠᠨᠢᠯᠴᠠᠭᠤᠯᠤᠨ᠎ᠠ᠃

ᠶᠢᠤ ᠷᠠᠨ ᠮᠠᠯ ᠠᠵᠤ ᠠᠬᠤᠢ ᠶ᠋ᠢᠨ ᠬᠢᠵᠠᠭᠠᠷᠳᠦ ᠺᠤᠮᠫᠠᠨᠢ ᠲᠦᠷᠦᠬᠦᠬᠡᠨ ᠳ᠋ᠤ ᠪᠡᠶ᠎ᠠ ᠪᠡᠨ ᠳᠠᠭᠠᠭᠠᠵᠤ ᠰᠤᠳᠤᠯᠤᠨ ᠦᠢᠯᠡᠳᠦᠭᠰᠡᠨ ᠬᠡᠪᠢᠭᠴᠢ ᠠᠮᠢᠳᠠᠨ ᠳ᠋ᠤ ᠨᠠᠷᠢᠨ ᠤᠨᠤᠴᠠᠳᠠᠢ ᠪᠡᠷ ᠰᠢᠮ᠎ᠠ ᠲᠡᠵᠢᠭᠡᠯ ᠨᠦᠬᠦᠪᠤᠷᠢᠯᠡᠬᠦ 《AI ᠦᠭᠡᠷᠴᠢᠨ ᠳ᠋ᠤᠺᠲ᠋ᠤᠷ》 ᠵᠤᠬᠢᠶᠠᠮᠠᠯ ᠤᠶᠤᠨ ᠴᠢᠳᠠᠪᠤᠷᠢ ᠶ᠋ᠢᠨ ᠰᠢᠰᠲ᠋ᠧᠮ ᠶ᠋ᠢᠡᠨ ᠨᠡᠢᠳᠡᠯᠡᠵᠤ᠂ ᠮᠠᠨ ᠤ᠋ ᠤᠯᠤᠰ ᠤ᠋ᠨ ᠰᠠᠭᠠᠯᠢ ᠶ᠋ᠢᠨ ᠦᠨᠢᠶ᠎ᠠ ᠳ᠋ᠤ ᠰᠢᠮ᠎ᠠ ᠲᠡᠵᠢᠭᠡᠯ ᠨᠦᠬᠦᠪᠤᠷᠢᠯᠡᠬᠦ ᠬᠦᠷᠢᠶᠡᠨ ᠤ᠋ ᠠᠩᠬᠠᠳᠠᠭᠴᠢ AI ᠮᠡᠷᠭᠡᠵᠢᠯ ᠢ᠋ ᠠᠰᠢᠭᠯᠠᠨ ᠬᠡᠷᠡᠭᠯᠡᠭᠰᠡᠨ ᠠᠵᠤ ᠠᠬᠤᠢᠯᠠᠯ ᠪᠤᠯᠵᠠᠢ᠃ ᠲᠤᠰ ᠺᠤᠮᠫᠠᠨᠢ ᠪᠦᠬᠦ ᠤᠯᠤᠰ ᠲᠤ᠌ ᠡᠩ ᠲᠡᠷᠢᠬᠦᠨ ᠳ᠋ᠤ ᠲᠡᠵᠢᠭᠡᠯ ᠪᠤᠷᠳᠤᠭ᠎ᠠ ᠶ᠋ᠢᠨ ᠲᠦᠬᠦᠭᠡᠢ ᠮᠠᠲᠧᠷᠢᠶᠠᠯ ᠤ᠋ᠨ ᠰᠢᠮ᠎ᠠ ᠲᠡᠵᠢᠭᠡᠯ ᠢ᠋ ᠤᠢᠷ᠎ᠠ ᠤᠯᠠᠭᠠᠨ ᠤ᠋ ᠭᠠᠳᠠᠨᠠᠬᠢ ᠲᠤᠶᠠᠭ᠎ᠠ ᠪᠡᠷ ᠰᠢᠯᠭᠠᠨ ᠪᠠᠢᠴᠠᠭᠠᠬᠤ ᠳ᠋ᠠᠢᠲ᠋ᠠ ᠬᠦᠮᠦᠷᠭᠡ ᠶ᠋ᠢ ᠪᠠᠢᠭᠤᠯᠵᠤ᠂ 1 ᠮᠢᠨᠦ᠋ᠲ ᠤ᠋ᠨ ᠲᠤᠳᠤᠷ᠎ᠠ ᠲᠡᠵᠢᠭᠡᠯ ᠪᠤᠷᠳᠤᠭ᠎ᠠ ᠶ᠋ᠢᠨ ᠦᠯᠢᠭᠡᠷ ᠮᠠᠲᠧᠷᠢᠶᠠᠯ ᠤ᠋ᠨ ᠰᠢᠮ᠎ᠠ ᠲᠡᠵᠢᠭᠡᠯ ᠢ᠋ ᠰᠢᠯᠭᠠᠨ ᠪᠠᠢᠴᠠᠭᠠᠵᠤ ᠦᠨ᠎ᠠ ᠦᠷᠳᠡᠭ ᠢ᠋ ᠨᠢ ᠵᠢᠱ᠌ᠢᠨ ᠦᠨᠡᠯᠡᠬᠦ ᠴᠢᠳᠠᠪᠤᠷᠢ ᠶ᠋ᠢ ᠪᠦᠷᠢᠯᠳᠦᠭᠦᠯᠤᠨ᠂ ᠰᠠᠭᠠᠯᠢ ᠶ᠋ᠢᠨ ᠦᠨᠢᠶ᠎ᠠ ᠨᠢᠭᠡᠪᠤᠷᠢ ᠳ᠋ᠡᠬᠡᠨ ᠵᠠᠬᠢᠶᠠᠯᠠᠭ᠎ᠠ ᠶ᠋ᠢᠨ ᠬᠡᠯᠪᠡᠷᠢ ᠶ᠋ᠢᠨ ᠰᠢᠮ᠎ᠠ ᠲᠡᠵᠢᠭᠡᠯ ᠨᠦᠬᠦᠪᠤᠷᠢᠯᠡᠬᠦ ᠲᠦᠰᠦᠯ ᠢ᠋ ᠬᠠᠩᠭᠠᠵᠤ ᠪᠠᠢᠨ᠎ᠠ᠃

《ᠺᠤᠮᠫᠠᠨᠢ ᠡᠴᠡ ᠰᠤᠳᠤᠯᠤᠨ ᠦᠢᠯᠡᠳᠪᠤᠷᠢᠯᠡᠭᠰᠡᠨ ᠰᠢᠮ᠎ᠠ ᠲᠠᠵᠢᠬᠡᠯ ᠤ᠋ᠨ ᠲᠤᠰᠬᠠᠢ ᠨᠠᠢᠷᠠᠯᠭ᠎ᠠ ᠲᠠᠢ ᠨᠡᠭᠦᠷᠡᠰᠦᠲᠥ᠋ᠷᠥᠭᠴᠢ ᠢ᠋ᠢᠨ ᠭᠠᠳᠠᠭᠰᠢᠯᠠᠭᠤᠯᠤᠯᠳᠡ ᠢ᠋ᠢ ᠪᠠᠭᠠᠰᠬᠠᠬᠤ ᠲᠠᠵᠢᠬᠡᠯ ᠪᠣᠷᠳᠣᠭ᠎ᠠ ᠨᠢ ᠰᠠᠭᠠᠯᠢ ᠵᠢᠨ ᠦᠨᠢᠶ᠎ᠠ ᠵᠢᠨ ᠮᠧᠲ᠋ᠠᠨ ᠤ᠋ ᠭᠠᠳᠠᠭᠰᠢᠯᠠᠭᠤᠯᠤᠯᠲᠠ ᠵᠢ 20% ᠭᠠᠷᠤᠢ ᠪᠡᠷ ᠪᠠᠭᠠᠰᠬᠠᠬᠤ ᠢ᠋ᠢᠨ ᠬᠠᠮᠳᠤ ᠰᠠᠭᠠᠯᠢ ᠵᠢᠨ ᠦᠨᠢᠶ᠎ᠡ ᠨᠢᠬᠡᠪᠦᠷᠢ ᠢ᠋ᠢᠨ ᠡᠳᠦᠷ ᠤ᠋ᠨ ᠰᠦ ᠢ᠋ᠢᠨ ᠭᠠᠷᠤᠯᠳᠡ ᠢ᠋ᠢ ᠳᠤᠮᠳᠠᠴᠢ ᠪᠡᠷ 2 ᠺᠢᠯᠣᠭ᠌ᠷᠠᠮ ᠡᠴᠡ ᠳᠡᠭᠡᠭᠰᠢ ᠨᠡᠮᠡᠭᠳᠡᠬᠦᠯᠵᠤ᠂ ᠨᠡᠭᠦᠷᠡᠰᠦᠲᠥ᠋ᠷᠥᠭᠴᠢ ᠢ᠋ᠢᠨ ᠭᠠᠳᠠᠭᠰᠢᠯᠠᠭᠤᠯᠤᠯᠳᠡ ᠢ᠋ᠢ ᠪᠠᠭᠠᠰᠬᠠᠭᠰᠠᠨ ᠪᠦᠬᠡᠳ ᠰᠦ ᠢ᠋ᠢᠨ ᠭᠠᠷᠤᠯᠳᠡ ᠢ᠋ᠢ ᠴᠦ᠍ ᠶᠡᠬᠡ ᠪᠡᠷ ᠨᠡᠮᠡᠭᠳᠡᠬᠦᠯᠪᠡ》 ᠬᠡᠵᠤ ᠶᠢᠦ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠵᠢᠨ ᠴᠡᠯᠡᠬᠡᠷ ᠲᠠᠯ᠎ᠠ ᠠᠮᠢ ᠠᠬᠤᠢ ᠢ᠋ᠢᠨ ᠤᠶᠤᠨᠴᠢ ᠮᠠᠯᠵᠢᠯ ᠤ᠋ᠨ ᠲᠠᠯᠠᠪᠠᠢ ᠢ᠋ᠢᠨ ᠬᠠᠷᠢᠭᠤᠴᠠᠯᠭᠠᠳᠠᠨ ᠸᠠᠨᠭ᠌ ᠶᠤᠸᠠᠢ ᠱᠸᠨᠭ ᠬᠡᠯᠡᠨ᠎ᠠ᠃


QQ截图20260828163232.png


ᠲᠡᠵᠢᠭᠡᠯ ᠡᠪᠡᠰᠦ ᠶ᠋ᠢᠨ ᠰᠠᠭᠤᠷᠢᠨ


ᠲᠤᠭᠠᠴᠢᠯᠠᠭᠰᠠᠨ ᠤᠶᠤᠨᠴᠢᠯᠠᠭᠰᠠᠨ ᠲᠡᠢᠰᠢ ᠬᠤᠪᠢᠷᠠᠭᠤᠯᠬᠤ —

ᠦᠨᠢᠶᠡᠨ ᠰᠦ ᠵᠢᠨ ᠭᠠᠷᠤᠯᠳᠠ ᠵᠢᠨ ᠰᠢᠨ᠎ᠡ ᠦᠰᠦᠷᠦᠯᠳᠡ ᠵᠢ ᠪᠠᠶᠡᠯᠡᠬᠦᠯᠬᠦ ᠵᠢᠨ ᠵᠠᠩᠬᠢᠯᠠᠭ᠎ᠠ

《ᠣᠶᠤᠨᠴᠢ ᠮᠠᠯᠵᠢᠯ ᠤ᠋ᠨ ᠲᠠᠯᠠᠪᠠᠶ ᠵᠢᠨ ᠲᠡᠵᠢᠭᠡᠨ ᠦᠷᠡᠵᠢᠭᠦᠯᠬᠦ᠌ ᠵᠠᠭ᠍ᠪᠤᠷ ᠢ᠋ ᠳᠡᠯᠭᠡᠷᠡᠭᠦᠯᠵᠦ᠍᠂ ᠰᠠᠭᠠᠯᠢ ᠵᠢᠨ ᠦᠨᠢᠶᠡᠨ ᠤ᠋ ᠤᠷᠤᠭ᠎ᠠ ᠤᠷᠤᠬᠤ ᠵᠢ ᠬᠢᠨᠠᠨ ᠬᠡᠮᠵᠢᠬᠦ᠂ ᠤᠶᠤᠨᠴᠢ ᠪᠡᠷ ᠲᠠᠵᠢᠬᠡᠯ ᠦᠭᠬᠦ᠂ ᠠᠦ᠋ᠲ᠋ᠤ᠋ ᠪᠡᠷ ᠰᠦ ᠰᠠᠭᠠᠬᠤ ᠵᠡᠷᠭᠡ ᠲᠤᠭᠠᠴᠢᠯᠠᠭᠰᠠᠨ ᠲᠥᠬᠥᠭᠡᠷᠦᠮᠵᠢ ᠵᠢ ᠲᠦᠬᠡᠮᠡᠯᠵᠢᠬᠦᠯᠦᠨ᠂ ᠰᠠᠭᠠᠯᠢ ᠵᠢᠨ ᠦᠨᠢᠶᠡᠨ ᠤ᠋ ᠮᠠᠯᠵᠢᠯ ᠤ᠋ᠨ ᠲᠤᠭᠠᠴᠢᠯᠠᠭᠰᠠᠨ ᠬᠠᠮᠢᠶᠠᠷᠤᠯᠳᠡ ᠪᠠ ᠤᠶᠤᠨᠴᠢᠯᠠᠭᠰᠠᠨ ᠡᠵᠡᠮᠳᠡᠯ ᠢ᠋ ᠪᠡᠶᠡᠯᠡᠭᠦᠯᠬᠦ ᠬᠡᠷᠡᠭᠳᠠᠢ᠃ ᠡᠨᠡ ᠪᠤᠯ ᠮᠠᠯ ᠠᠵᠤ ᠠᠬᠤᠢ ᠵᠢᠨ ᠤᠳᠤᠬᠢᠴᠢᠯᠠᠯᠳᠠ ᠵᠢ ᠪᠡᠶᠡᠯᠡᠬᠦᠯᠵᠤ᠂ ᠠᠵᠤ ᠠᠬᠤᠶ ᠨᠡᠢᠭᠡᠮ ᠤ᠋ᠨ ᠦᠷ᠎ᠡ ᠠᠱᠢᠭ ᠢ᠋ ᠪᠥᠬᠥ᠌ ᠲᠠᠯ᠎ᠠ ᠪᠠᠷ ᠪᠠᠳᠠᠷᠠᠭᠤᠯᠬᠤ ᠵᠢᠨ ᠵᠠᠢᠯᠠᠰᠢ ᠦᠬᠡᠢ ᠶᠠᠪᠤᠬᠤ ᠵᠠᠮ ᠮᠦᠨ》 ᠬᠡᠵᠤ ᠪᠦᠦ ᠾᠧ ᠫᠢᠩ ᠶᠠᠷᠢᠨ᠎ᠠ᠃

ᠰᠢᠷᠠᠲᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠢ᠋ᠢᠨ ᠰᠠᠭᠠᠯᠢ ᠵᠢᠨ ᠦᠨᠢᠶᠡᠳ ᠨᠢ 《ᠡᠯᠧᠺᠲ᠋ᠷᠣᠨ ᠡᠭᠡᠮᠦᠭ》 ᠪᠤᠯᠤᠨ 《ᠣᠶᠤᠨᠴᠢ ᠬᠦᠵᠦᠭᠦᠪᠴᠢ》 ᠵᠡᠬᠦᠴᠢᠬᠡᠭᠰᠡᠨ ᠬᠠᠷᠠᠭᠳᠠᠨ᠎ᠠ᠃ 《ᠡᠨᠡ ᠡᠭᠡᠮᠦᠭ ᠪᠤᠯ 〈ᠡᠯᠧᠺᠲ᠋ᠷᠣᠨ ᠪᠡᠶ᠎ᠡ ᠵᠢᠨ ᠦᠨᠡᠮᠯᠡᠯ〉 ᠪᠠᠢᠵᠤ᠂ ᠦᠨᠢᠶ᠎ᠡ ᠨᠢᠬᠡᠪᠤᠷᠢ ᠢ᠋ᠢᠨ ᠪᠠᠢᠳᠡᠯ ᠢ᠋ ᠴᠠᠭ ᠲᠤᠬᠠᠢ ᠳ᠋ᠤᠨᠢ ᠡᠵᠡᠮᠳᠡᠬᠦ ᠢ᠋ᠢᠨ ᠬᠠᠮᠳᠤ ᠡᠳᠤᠷ ᠤ᠋ᠨ ᠰᠦ ᠢ᠋ᠢᠨ ᠭᠠᠷᠤᠯᠳᠡ ᠢ᠋ᠢ ᠨᠢ ᠤᠨᠤᠪᠴᠢᠳᠠᠢ ᠲᠡᠮᠳᠡᠭᠯᠡᠵᠤ ᠪᠤᠢ᠃ ᠡᠨᠡ ᠬᠦᠵᠤᠬᠦᠪᠴᠢ ᠪᠤᠯᠤᠭᠰᠠᠭᠠᠷ ᠦᠨᠢᠶᠡᠳ ᠤ᠋ᠨ ᠬᠥᠳᠡᠯᠭᠡᠭᠡᠨ᠂ ᠬᠡᠪᠢᠯᠬᠡ ᠵᠢᠴᠢ ᠣᠷᠣᠭ᠎ᠠ ᠤᠷᠤᠬᠤ ᠪᠠᠢᠳᠠᠯ ᠵᠡᠷᠭᠡ ᠵᠢ ᠬᠢᠨᠠᠨ ᠬᠡᠮᠵᠢᠵᠤ᠂ ᠬᠡᠪ ᠤ᠋ᠨ ᠪᠤᠰᠤ ᠢᠯᠡᠷᠡᠯ ᠭᠠᠷᠤᠭᠰᠠᠭᠠᠷ ᠲᠣᠭᠠᠴᠢᠯᠠᠭᠰᠠᠨ ᠬᠠᠮᠢᠶᠠᠷᠤᠯᠲᠠ ᠵᠢᠨ ᠲᠠᠪᠴᠠᠩ ᠳ᠋ᠤ ᠴᠠᠭ ᠲᠤᠬᠠᠢ ᠳ᠋ᠤᠨᠢ ᠲᠤᠳᠤᠷᠠᠭᠤᠯᠳᠠᠭ》 ᠬᠡᠵᠤ ᠰᠢᠷᠠᠳᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠵᠢᠨ ᠠᠵᠢᠯᠴᠢᠨ ᠶᠤᠸᠠᠢ ᠫᠢᠩ ᠲᠠᠨᠢᠯᠴᠠᠭᠤᠯᠤᠨ᠎ᠠ᠃ ᠵᠢᠦ ᠶᠤᠸᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠳ᠋ᠤ᠌ ᠰᠠᠭᠠᠯᠢ ᠢ᠋ᠢᠨ ᠦᠨᠢᠶᠡᠳ ᠰᠦ ᠰᠠᠭᠠᠬᠤ ᠮᠠᠰᠢᠨ ᠬᠦᠮᠦᠨ ᠤ᠋ ᠬᠠᠵᠠᠭᠤ ᠳ᠋ᠤ ᠬᠦᠷᠬᠦᠯᠠᠷ ᠮᠸᠬᠠᠨᠢᠭ ᠭᠠᠷ ᠰᠠᠭᠤᠯᠠᠭ᠎ᠠ ᠰᠠᠪᠠ ᠵᠢ ᠲᠠᠷᠤᠢᠬᠠᠨ ᠲᠤᠬᠢᠷᠠᠭᠤᠯᠵᠤ ᠰᠦ ᠰᠠᠭᠠᠵᠤ ᠡᠬᠢᠯᠡᠨ᠎ᠡ᠃ 《ᠡᠨᠡ ᠮᠠᠰᠢᠨ ᠬᠦᠮᠦᠨ ᠪᠤᠯ ᠭᠠᠳᠠᠭᠠᠳᠤ ᠵᠢᠨ ᠬᠠᠮᠤᠭ ᠤ᠋ᠨ ᠲᠡᠷᠢᠭᠦᠨ ᠤ᠋ ᠤᠶᠤᠨᠴᠢ ᠰᠦ᠋ ᠰᠠᠭᠠᠬᠤ ᠮᠠᠰᠢᠨ ᠬᠥᠮᠦᠨ ᠪᠠᠢᠵᠤ᠂ ᠮᠠᠯᠵᠢᠯ ᠤ᠋ᠨ ᠲᠠᠯᠠᠪᠠᠢ ᠢ᠋ᠢᠨ ᠶᠠᠰᠤ ᠴᠢᠨᠠᠷ ᠢ᠋ ᠲᠡᠭᠡᠭᠰᠢᠯᠡᠬᠦᠯᠦᠨ ᠦᠷ᠎ᠡ ᠠᠰᠢᠭ ᠢ᠋ ᠨᠡᠮᠡᠭᠳᠡᠬᠦᠯᠬᠦ ᠭᠤᠤᠯ ᠬᠦᠳᠡᠯᠬᠡᠬᠦᠷ ᠪᠤᠯᠪᠠ》 ᠬᠡᠵᠤ ᠴᠢ ᠯᠢ ᠲᠢᠩ ᠬᠡᠯᠡᠨ᠎ᠠ᠃

ᠶᠢᠦ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠵᠢᠨ ᠴᠡᠯᠡᠬᠡᠷ ᠲᠠᠯ᠎ᠠ ᠠᠮᠢ ᠠᠬᠤᠢ ᠢ᠋ᠢᠨ ᠤᠶᠤᠨᠴᠢ ᠮᠠᠯᠵᠢᠯ ᠤ᠋ᠨ ᠲᠠᠯᠠᠪᠠᠢ ᠪᠤᠯ ᠤᠯᠠᠨ ᠤᠯᠤᠰ ᠤ᠋ᠨ ᠬᠤᠯᠪᠤᠭᠠᠳᠤ ᠪᠠᠢᠭᠤᠯᠭ᠎ᠠ ᠡᠴᠡ ᠬᠡᠷᠡᠴᠢᠯᠡᠭᠰᠡᠨ ᠪᠦᠬᠦ ᠲᠠᠯᠠᠬᠡᠢ ᠵᠢᠨ ᠰᠠᠭᠠᠯᠢ ᠵᠢᠨ ᠦᠨᠢᠶ᠎ᠠ ᠲᠠᠵᠢᠬᠡᠬᠦ ᠬᠦᠷᠢᠶᠡᠨ ᠳ᠋ᠡᠬᠢ ᠠᠩᠬᠠᠳᠠᠭᠴᠢ 《5G ᠶ᠋ᠢᠨ ᠵᠢᠱ᠌ᠢᠶ᠎ᠠ ᠦᠵᠡᠬᠦᠯᠬᠦ ᠲᠤᠷᠰᠢᠯᠳᠠ ᠵᠢᠨ ᠮᠠᠯᠵᠢᠯ ᠤ᠋ᠨ ᠲᠠᠯᠠᠪᠠᠢ》 ᠪᠤᠯᠤᠨ᠎ᠠ᠃ ᠪᠢᠳᠡ ᠲᠤᠰ ᠮᠠᠯᠵᠢᠯ ᠤ᠋ᠨ ᠲᠠᠯᠠᠪᠠᠢ ᠡᠴᠡ ᠤᠶᠤᠨᠴᠢ ᠰᠦ ᠰᠠᠭᠠᠬᠤ ᠮᠠᠰᠢᠨ ᠬᠦᠮᠦᠨ᠂ ᠪᠤᠷᠳᠤᠭ᠎ᠠ ᠦᠭᠬᠦ ᠮᠠᠰᠢᠨ ᠬᠦᠮᠦᠨ᠂ ᠢᠯᠭᠠᠳᠠᠰᠤ ᠴᠡᠪᠡᠷᠯᠡᠬᠦ ᠮᠠᠰᠢᠨ ᠬᠦᠮᠦᠨ ᠵᠡᠷᠬᠡ ᠦᠩᠬᠡᠷᠡᠭᠰᠡᠨ ᠳ᠋ᠤ ᠤᠯᠵᠤ ᠦᠵᠡᠬᠦ ᠪᠠᠢᠳᠤᠭᠠᠢ ᠤᠯᠵᠤ ᠰᠤᠨᠤᠰᠤᠭᠰᠠᠨ ᠴᠦ᠍ ᠦᠬᠡᠢ ᠤᠯᠠᠨ ᠠᠷᠪᠢᠨ ᠮᠠᠰᠢᠨ ᠬᠦᠮᠦᠨ ᠢ᠋ ᠤᠯᠵᠤ ᠬᠠᠷᠠᠯ᠎ᠠ᠃ ᠡᠨᠳᠡᠬᠢ ᠵᠢᠨ ᠰᠠᠭᠠᠯᠢ ᠵᠢᠨ ᠦᠨᠢᠶᠡᠳ ᠨᠠᠷᠢᠯᠢᠭ ᠲᠡᠵᠢᠬᠡᠬᠦ ᠰᠢᠰᠲ᠋ᠸᠮ ᠢ᠋ᠢᠡᠷ ᠨᠠᠢᠷᠠᠭᠤᠯᠤᠭᠰᠠᠨ ᠰᠢᠮ᠎ᠠ ᠰᠠᠢᠳᠠᠢ ᠡᠪᠡᠰᠤ ᠪᠤᠷᠳᠤᠭ᠎ᠠ ᠢ᠋ᠢ ᠢᠳᠡᠰᠢᠯᠡᠨ᠂ ᠤᠶᠤᠨᠴᠢ AI ᠰᠦᠷᠴᠢᠬᠦᠷ ᠢ᠋ᠢᠡᠷ ᠰᠡᠷᠢᠬᠦᠴᠡᠵᠤ᠂ ᠪᠦᠷᠢᠨ ᠠᠦ᠋ᠲ᠋ᠤ᠋ ᠪᠡᠷ ᠡᠵᠡᠮᠳᠡᠭᠰᠡᠨ ᠦᠶᠦᠭ ᠲᠠᠪᠠᠳᠠᠢ ᠤᠷᠴᠢᠨ ᠳ᠋ᠤ᠌ ᠠᠷᠢᠭᠤᠨ ᠰᠦ ᠪᠡᠨ ᠰᠢᠬᠦᠷᠡᠬᠦᠯᠦᠨ ᠢᠪᠢᠯᠦᠬᠦᠯᠦᠨ᠎ᠠ᠃ ᠤᠢᠯᠠᠭᠠᠭᠰᠠᠨ ᠵᠢᠡᠷ᠂ ᠲᠤᠰ ᠮᠠᠯᠵᠢᠯ ᠤ᠋ᠨ ᠲᠠᠯᠠᠪᠠᠢ ᠵᠢᠨ ᠰᠠᠭᠠᠯᠢ ᠢ᠋ᠢᠨ ᠦᠨᠢᠶᠡᠨ ᠤ᠋ ᠪᠤᠳᠠᠭᠠᠯᠢ ᠪᠠᠶ᠎ᠠ ᠵᠢᠨ ᠡᠳᠤᠷ ᠤ᠋ᠨ ᠰᠦ ᠵᠢᠨ ᠭᠠᠷᠤᠯᠳᠡ ᠲᠤᠮᠳᠠᠴᠢ ᠪᠡᠷ 49 ᠺᠢᠯᠣᠭ᠌ᠷᠠᠮ ᠢ᠋ ᠳᠠᠪᠠᠵᠤ᠂ ᠪᠦᠬᠦ ᠤᠯᠤᠰ ᠤ᠋ᠨ ᠰᠠᠭᠠᠯᠢ ᠢ᠋ᠢᠨ ᠦᠨᠢᠶᠡᠨ ᠤ᠋ ᠮᠠᠯᠵᠢᠯ ᠤ᠋ᠨ ᠲᠠᠯᠠᠪᠠᠢ ᠲᠤᠳᠤᠷ᠎ᠠ ᠮᠠᠨᠭᠯᠠᠢᠯᠠᠵᠤ ᠪᠤᠢ᠃

《ᠰᠠᠭᠠᠯᠢ ᠵᠢᠨ ᠦᠨᠢᠶᠡᠨ ᠤ᠋ ᠮᠠᠯᠵᠢᠯ ᠤ᠋ᠨ ᠲᠠᠯᠠᠪᠠᠢ ᠳ᠋ᠤ ᠤᠶᠤᠨᠴᠢ ᠬᠢᠨᠠᠨ ᠬᠡᠮᠵᠢᠯᠳᠡ ᠵᠢᠨ ᠰᠢᠰᠲᠸᠮ ᠢ᠋ ᠪᠠᠢᠷᠢᠯᠠᠭᠤᠯᠵᠤ᠂ ᠪᠤᠳᠠᠰ ᠤ᠋ᠨ ᠰᠦᠯᠵᠢᠶᠡᠨ ᠤ᠋ ᠲᠤᠨᠤᠭ ᠲᠦᠬᠦᠬᠡᠷᠤᠮᠵᠢ ᠪᠡᠷ ᠲᠠᠮᠵᠢᠨ ᠰᠠᠭᠠᠯᠢ ᠵᠢᠨ ᠦᠨᠢᠶᠡᠨ ᠤ᠋ ᠢᠳᠡᠰᠢᠯᠡᠬᠦ ᠬᠡᠮᠵᠢᠶ᠎ᠠ᠂ ᠰᠦ ᠵᠢᠨ ᠭᠠᠷᠤᠯᠳᠠ᠂ ᠪᠠᠶ᠎ᠠ ᠵᠢᠨ ᠲᠤᠯᠠᠭᠠᠨ᠂ ᠬᠡᠪᠢᠯᠬᠡ ᠵᠢᠨ ᠪᠠᠢᠳᠠᠯ ᠵᠡᠷᠬᠡ ᠵᠢ ᠴᠠᠭ ᠲᠤᠬᠠᠢ ᠳ᠋ᠤᠨᠢ ᠬᠢᠨᠠᠨ ᠬᠡᠮᠵᠢᠵᠤ᠂ ᠲᠤᠭ᠎ᠠ ᠪᠠᠷᠢᠮᠳᠠ ᠵᠢᠨ ᠵᠠᠳᠠᠯᠤᠯᠳᠠ ᠳ᠋ᠤ ᠬᠡᠪ ᠤ᠋ᠨ ᠪᠤᠰᠤ ᠢᠯᠡᠷᠡᠯ ᠭᠠᠷᠤᠭᠰᠠᠭᠠᠷ ᠪᠠᠷᠢᠨ ᠰᠡᠷᠡᠮᠵᠢ ᠵᠢᠨ ᠲᠤᠬᠢᠶ᠎ᠠ ᠨᠡᠢᠳᠡᠯᠡᠵᠤ᠂ ᠡᠷᠳᠡᠬᠡᠨ ᠤᠨᠤᠰᠢᠯᠠᠨ ᠲᠤᠳᠤᠯᠠᠵᠤ ᠡᠷᠳᠡᠬᠡᠨ ᠡᠮᠨᠡᠨ ᠵᠠᠰᠠᠬᠤ ᠵᠢ ᠪᠠᠳᠤᠯᠠᠳᠠᠭ᠃ ᠡᠨᠡ ᠪᠤᠯ ᠰᠠᠭᠠᠯᠢ ᠵᠢᠨ ᠦᠨᠢᠶᠡᠨ ᠤ᠋ ᠮᠠᠯᠵᠢᠯ ᠤ᠋ᠨ ᠨᠠᠷᠢᠯᠢᠭᠵᠢᠭᠤᠯᠤᠭᠰᠠᠨ ᠬᠠᠮᠢᠶᠠᠷᠤᠯᠳᠠ ᠡᠵᠡᠮᠳᠡᠯ ᠢ᠋ ᠪᠡᠶᠡᠯᠡᠬᠦᠯᠵᠤ᠂ ᠦᠨᠢᠶᠡᠨ ᠰᠦ ᠵᠢᠨ ᠭᠠᠷᠤᠯᠳᠠ ᠵᠢᠨ ᠲᠤᠭᠳᠠᠭᠤᠨ ᠨᠡᠮᠡᠭᠳᠡᠯ ᠢ᠋ ᠪᠠᠳᠤᠯᠠᠬᠤ ᠵᠠᠩᠬᠢᠯᠠᠭ᠎ᠠ ᠶᠤᠮ》 ᠬᠡᠵᠤ ᠬᠤᠤ ᠯᠦ᠍ ᠬᠡᠯᠡᠨ᠎ᠠ᠃


QQ截图20260828164136.png


ᠰᠤᠷᠪᠤᠯᠵᠢᠯᠠᠭ᠎ᠠ ᠬᠦᠯᠢᠶᠡᠭᠰᠡᠳ᠄

ᠸᠠᠨᠭ᠌ ᠯᠢ ᠹᠠᠨᠭ᠌᠄ ᠦᠪᠤᠷ ᠮᠤᠨᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠲᠠᠷᠢᠶᠠᠯᠠᠨᠭ᠌ ᠮᠠᠯ ᠠᠵᠤ ᠠᠬᠤᠢ ᠢ᠋ᠢᠨ ᠰᠢᠨᠵᠢᠯᠡᠬᠦ ᠤᠬᠠᠭᠠᠨ ᠤ᠋ ᠬᠦᠷᠢᠶᠡᠯᠡᠨᠭ᠌ ᠤ᠋ᠨ ᠲᠠᠷᠢᠶᠠᠯᠠᠨᠭ᠌ ᠮᠠᠯ ᠠᠵᠤ ᠠᠬᠤᠢ ᠢ᠋ᠢᠨ ᠶᠠᠰᠤ ᠴᠢᠨᠠᠷ ᠤ᠋ᠨ ᠠᠮᠤᠷ ᠲᠦᠪᠰᠢᠨ ᠬᠢᠬᠡᠳ ᠱᠢᠯᠭᠠᠨ ᠪᠠᠢᠴᠠᠭᠠᠬᠤ ᠰᠤᠳᠤᠯᠬᠤ ᠲᠠᠰᠤᠭ ᠤ᠋ᠨ ᠲᠡᠳ᠋ ᠲᠠᠷᠤᠭ᠎ᠠ᠂ ᠰᠤᠳᠤᠯᠤᠭᠴᠢ

ᠬᠤᠤ ᠯᠦ᠍᠄ ᠦᠪᠤᠷ ᠮᠤᠨᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠲᠠᠷᠢᠶᠠᠯᠠᠨᠭ᠌ ᠮᠠᠯ ᠠᠵᠤ ᠠᠬᠤᠢ ᠪᠡ ᠬᠦᠳᠡᠬᠡ ᠲᠤᠰᠬᠤᠨ ᠮᠠᠯᠵᠢᠬᠤ ᠤᠷᠤᠨ ᠤ᠋ ᠲᠢᠨᠭᠬᠢᠮ ᠤ᠋ᠨ ᠰᠦ ᠢ᠋ᠢᠨ ᠤᠢᠯᠡᠰ ᠤ᠋ᠨ ᠭᠠᠵᠠᠷ ᠤ᠋ᠨ ᠬᠠᠷᠢᠭᠤᠴᠠᠯᠭᠠᠳᠠᠨ

ᠪᠦᠦ ᠾᠧ ᠫᠢᠩ᠄ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ ᠵᠢᠨ ᠮᠡᠷᠭᠡᠵᠢᠯ ᠢ᠋ ᠳᠡᠯᠭᠡᠷᠡᠭᠦᠯᠬᠦ᠌ ᠲᠥᠪ ᠤ᠋ᠨ ᠰᠦ᠋ ᠵᠢᠨ ᠤᠢᠯᠡᠰ ᠤ᠋ᠨ ᠮᠡᠷᠬᠡᠵᠢᠯ ᠤ᠋ᠨ ᠭᠠᠵᠠᠷ ᠤ᠋ᠨ ᠳᠠᠷᠤᠭ᠎ᠠ

ᠶᠠᠨᠭ᠌ ᠯᠢᠦ ᠴᠢᠨᠭ᠄ ᠰᠢᠷᠡᠳᠡᠯ᠎ᠡ ᠲᠠᠷᠢᠶᠠᠯᠠᠩ ᠮᠠᠯᠵᠢᠯ ᠤ᠋ᠨ ᠲᠠᠯᠠᠪᠠᠢ ᠵᠢᠨ ᠭᠤᠷᠪᠡᠳᠤᠭᠠᠷ ᠮᠠᠯᠵᠢᠯ ᠤ᠋ᠨ ᠲᠠᠯᠠᠪᠠᠢ ᠢ᠋ᠢᠨ ᠲᠡᠳ᠋ ᠲᠠᠷᠤᠭ᠎ᠠ

ᠴᠢ ᠯᠢ ᠲᠢᠩ᠄ ᠵᠢᠦ ᠶᠤᠸᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠢ᠋ᠢᠨ ᠶᠡᠷᠦᠨᠭᠬᠡᠢ ᠲᠠᠭᠠᠭᠠᠮᠠᠯ

ᠬᠦᠸᠸ ᠶᠢᠦ ᠯᠢᠶᠠᠩ᠄ ᠰᠢᠷᠠᠲᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠢ᠋ᠢᠨ ᠠᠵᠢᠯᠴᠢᠨ

ᠸᠠᠨᠭ᠌ ᠶᠤᠸᠠᠢ ᠱᠸᠨᠭ᠄ ᠶᠢᠦ ᠷᠠᠨ ᠮᠠᠯ ᠠᠵᠤ ᠠᠬᠤᠢ ᠢ᠋ᠢᠨ ᠬᠢᠵᠠᠭᠠᠷᠳᠤ ᠺᠤᠮᠫᠠᠨᠢ ᠵᠢᠨ ᠴᠡᠯᠡᠬᠡᠷ ᠲᠠᠯ᠎ᠠ ᠠᠮᠢ ᠠᠬᠤᠢ ᠢ᠋ᠢᠨ ᠤᠶᠤᠨᠴᠢ ᠮᠠᠯᠵᠢᠯ ᠤ᠋ᠨ ᠲᠠᠯᠠᠪᠠᠢ ᠢ᠋ᠢᠨ ᠬᠠᠷᠢᠭᠤᠴᠠᠯᠭᠠᠳᠠᠨ

ᠶᠤᠸᠠᠢ ᠫᠢᠩ᠄ ᠰᠢᠷᠠᠲᠠᠯ᠎ᠠ ᠲᠠᠷᠢᠶᠠᠯᠠᠩ ᠮᠠᠯᠵᠢᠯ ᠤ᠋ᠨ ᠲᠠᠯᠠᠪᠠᠢ ᠢ᠋ᠢᠨ ᠠᠵᠢᠯᠴᠢᠨ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面