2026-09-11 10:51:42
ᠬᠠᠲᠤᠯᠠᠩᠤᠨ ᠨᠠᠮᠦᠷ
ᠲᠠᠡᠭᠰᠤᠭ ᠨᠠᠮᠤᠷ ᠤ᠋ᠨ ᠳᠤᠮᠳᠠ ᠰᠠᠷ᠎ᠠ ᠪᠡᠷ᠂ ᠬᠠᠷᠠᠭ᠎ᠠ ᠠᠯᠳᠠᠮ᠎ᠠ ᠬᠦᠯᠦᠨ ᠪᠤᠢᠷ ᠤ᠋ᠨ ᠲᠠᠯ᠎ᠠ ᠳ᠋ᠤ ᠬᠠᠳᠤᠯᠠᠡᠭ ᠤ᠋ᠨ ᠮᠠᠰᠢᠨ ᠬᠦᠷᠴᠢᠭᠢᠨᠠᠵᠤ᠂ ᠮᠠᠯᠴᠢᠳ ᠤᠨᠠᠭᠰᠠᠨ ᠮᠠᠯᠠᠭᠠᠢ ᠪᠡᠨ ᠠᠪᠬᠤ ᠵᠠᠪ ᠦᠭᠡᠢ ᠶᠠᠭᠠᠷᠠᠯᠳᠤᠨ᠎ᠠ᠃ ᠡᠨᠡ ᠵᠢᠯ ᠬᠦᠯᠦᠨ ᠪᠤᠢᠷ ᠤ᠋ᠨ ᠲᠠᠯ᠎ᠠ ᠨᠤᠲᠤᠭ ᠲᠤ᠌ ᠨᠠᠷᠠ ᠬᠤᠷ᠎ᠠ ᠲᠡᠭᠰᠢ᠂ ᠡᠪᠡᠰᠤ ᠪᠡᠯᠴᠢᠬᠡᠷ ᠰᠠᠬᠤᠯᠢᠭ᠂ ᠲᠠᠪᠤᠨ ᠬᠤᠰᠢᠭᠤ ᠮᠠᠯ ᠲᠠᠷᠭᠤ ᠬᠦᠴᠦ ᠪᠡᠷ ᠰᠠᠢᠨ ᠪᠤᠯᠬᠤᠷ ᠮᠠᠯᠴᠢᠳ ᠤ᠋ᠨ ᠰᠡᠳᠬᠢᠯ ᠲᠡᠨᠢᠭᠡᠷ ᠪᠠᠢᠯ᠎ᠠ᠃

ᠬᠦᠯᠦᠨ ᠪᠤᠢᠷ ᠬᠤᠲᠠ ᠢ᠋ᠢᠨ ᠰᠢᠨ᠎ᠠ ᠪᠠᠷᠭᠤ ᠵᠠᠭᠦᠨ ᠬᠤᠰᠢᠭᠤᠨ ᠤ᠋ ᠴᠠᠭᠠᠨ ᠪᠠᠯᠭᠠᠰᠤ ᠢ᠋ᠢᠨ ᠭᠠᠯᠪᠠᠷ ᠭᠠᠴᠠᠭᠠᠨ ᠤ᠋ ᠮᠠᠯᠴᠢᠨ ᠢᠮᠢᠨᠬᠦᠤ ᠢ᠋ᠢᠨ ᠬᠠᠳᠤᠯᠠᠡᠭ ᠳ᠋ᠤ ᠬᠦᠷᠬᠦ ᠳ᠋ᠤ ᠬᠠᠳᠤᠬᠤ᠂ ᠬᠠᠮᠤᠬᠤ᠂ ᠪᠤᠭᠤᠵᠢᠯᠠᠬᠤ᠂ ᠲᠡᠭᠡᠭᠡᠪᠦᠷᠢᠯᠡᠬᠦ ᠠᠵᠢᠯ ᠡᠮᠬᠢ ᠵᠢᠷᠤᠮ ᠲᠠᠢ ᠶᠠᠪᠤᠭᠳᠠᠵᠤ ᠪᠠᠢᠯ᠎ᠠ᠃《ᠡᠨᠡ ᠵᠢᠯ ᠡᠪᠡᠰᠤᠨ ᠤ᠋ ᠤᠷᠭᠤᠯᠲᠠ ᠰᠠᠢᠨ ᠪᠤᠯᠬᠤᠷ ᠤᠨᠠᠯᠲᠠ ᠶᠡᠬᠡ ᠰᠠᠢᠨ᠂ 5000 ᠮᠤ᠌ ᠬᠠᠳᠤᠯᠠᠩ ᠡᠴᠡ ᠪᠠᠷᠤᠭ 1000 ᠭᠠᠷᠤᠢ ᠪᠤᠭᠤᠯᠳᠠ ᠡᠪᠡᠰᠤ ᠬᠠᠳᠤᠵᠤ᠂ ᠪᠤᠭᠤᠯᠳᠠ ᠨᠢᠬᠡᠪᠤᠷᠢ ᠨᠢ 600 ᠵᠢᠡᠭ ᠪᠠᠢᠳᠠᠭ᠃ ᠡᠨᠡ ᠨᠢ ᠮᠠᠯ ᠰᠦᠷᠦᠭ ᠢ᠋ᠢᠡᠨ ᠮᠠᠨᠳᠤ ᠡᠪᠦᠯᠵᠢᠭᠦᠯᠬᠦ ᠳ᠋ᠤ ᠰᠠᠨᠠᠭ᠎ᠠ ᠠᠮᠤᠷ ᠬᠦᠷᠴᠢᠬᠡᠨᠠ 》 ᠭᠡᠵᠤ ᠢᠮᠢᠨᠬᠦᠤ ᠶᠠᠭᠠᠷᠠᠯᠲᠠᠢ ᠠᠵᠢᠯ ᠤ᠋ᠨ ᠵᠢᠡᠨ ᠬᠡᠰᠡᠭᠭᠡᠨ ᠴᠢᠯᠦᠭᠡ ᠪᠡᠷ ᠪᠠᠶᠠᠷᠲᠠᠢ ᠶᠠᠷᠢᠨ᠎ᠠ᠃


ᠬᠦᠯᠦᠨ ᠪᠤᠢᠷ ᠤ᠋ᠨ ᠬᠠᠳᠤᠯᠠᠡᠭ ᠤ᠋ᠨ ᠤᠯᠠᠷᠢᠯ ᠵᠢᠯ ᠪᠦᠷᠢ ᠢ᠋ᠢᠨ 8 ᠰᠠᠷ᠎ᠠ ᠢ᠋ᠢᠨ 15ᠤ᠋ ᠡᠳᠦᠷ ᠡᠴᠡ 9 ᠰᠠᠷ᠎ᠠ ᠢ᠋ᠢᠨ ᠳᠤᠮᠳᠠᠴᠢ ᠪᠤᠯᠲᠠᠯ᠎ᠠ ᠦᠷᠭᠦᠯᠵᠢᠯᠡᠳᠡᠭ᠃ ᠪᠦᠬᠦ ᠬᠤᠳᠠ ᠢ᠋ᠢᠨ ᠪᠠᠶ᠋ᠢᠭᠠᠯᠢ ᠵᠢᠨ ᠨᠤᠲᠤᠭ ᠪᠡᠯᠴᠢᠭᠡᠷ ᠤ᠋ᠨ ᠲᠠᠯᠠᠪᠠᠢ 1.0074 ᠳ᠋ᠦᠩᠰᠢᠭᠤᠷ ᠮᠦ᠍ ᠪᠠᠢᠵᠤ᠂ ᠡᠭᠦᠨ ᠳ᠋ᠤ ᠬᠠᠳᠤᠯᠠᠩ ᠤ᠋ᠨ ᠲᠠᠯᠠᠪᠠᠢ 3000 ᠭᠠᠷᠤᠢ ᠲᠦᠮᠡᠨ ᠮᠦ᠍ ᠶ᠋ᠢ ᠡᠵᠡᠯᠡᠨ᠂ ᠬᠢᠶᠠᠭ᠂ ᠬᠢᠯᠭᠠᠨ᠎ᠠ᠂ ᠴᠠᠷᠭᠠᠰᠤ᠂ ᠶᠦᠷᠬᠦᠭ ᠵᠡᠷᠭᠡ 120 ᠭᠠᠷᠤᠢ ᠵᠦᠢᠯ ᠤ᠋ᠨ ᠰᠢᠮᠡᠲᠤ ᠡᠪᠡᠰᠦ ᠤᠷᠭᠤᠳᠠᠭ ᠠᠵᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃