2026-10-24 17:36:46
ᠠᠯᠲᠠᠨ ᠨᠠᠮᠤᠷ ᠤ᠋ᠨ ᠠᠷᠪᠠᠨ ᠰᠠᠷ᠎ᠠ ᠳ᠋ᠤ᠂ ᠲᠦᠡᠭᠯᠢᠶᠤᠤ ᠬᠤᠳᠠ ᠵᠢᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ᠋ ᠶᠤᠯᠤᠨᠮᠤᠳᠤ ᠪᠠᠯᠭᠠᠰᠤ ᠵᠢᠨ ᠲᠡᠰᠬᠢ ᠬᠤᠸᠠ ᠭᠠᠴᠠᠭᠠᠨ ᠤ᠋ ᠬᠠᠶ᠋ᠢᠲᠠᠩ ᠵᠢᠮᠢᠰ ᠦ᠋ᠨ ᠬᠦᠷᠢᠶᠡᠯᠡᠩ ᠳ᠋ᠤ ᠡᠯᠪᠡᠭ ᠬᠤᠷᠢᠶᠠᠯᠲᠠ ᠵᠢᠨ ᠲᠠᠭᠤᠨ ᠬᠠᠡᠭᠭᠢᠨᠠᠵᠤ᠂ ᠪᠤᠯᠪᠠᠰᠤᠷᠠᠬᠰᠠᠨ ᠵᠢᠮᠢᠰ ᠤ᠋ᠨ ᠠᠡᠭᠭᠢᠯᠤᠮᠠ ᠦᠨᠤᠷ ᠦᠭᠡᠳᠡ ᠡᠴᠡ ᠰᠡᠡᠭᠬᠢᠨᠡᠨ᠂ ᠭᠠᠯ ᠤᠯᠠᠭᠠᠨ ᠵᠢᠮᠢᠰ ᠵᠢᠡᠨ ᠲᠠᠭᠠᠭᠠᠵᠤ ᠶᠠᠳᠠᠮ᠎ᠠ ᠪᠦᠬᠦᠯᠵᠡᠭᠰᠡᠨ ᠵᠢᠮᠢᠰ ᠤ᠋ᠨ ᠮᠤᠳᠤᠳ ᠰᠠᠯᠬᠢᠨ ᠤ᠋ ᠠᠶ᠎ᠠ ᠪᠡᠷ ᠨᠠᠢᠭᠤᠨ᠎ᠠ᠃

ᠲᠡᠰᠬᠢ ᠬᠤᠸᠠ ᠭᠠᠴᠠᠭᠠᠨ ᠤ᠋ ᠳ᠋ᠦᠩ ᠳ᠋ᠦᠩ ᠪᠤᠯ ᠡᠭᠡᠯ ᠵᠢᠷ ᠤ᠋ᠨ ᠲᠠᠷᠢᠶᠠᠴᠢᠨ ᠬᠦᠮᠦᠨ ᠪᠤᠯᠤᠨ᠎ᠠ᠂ ᠲᠡᠳᠡᠨ ᠤ᠋ ᠬᠢᠨ 20 ᠮᠸ᠋ ᠬᠠᠢᠳᠠᠡᠭ ᠵᠢᠮᠢᠰ ᠤ᠋ᠨ ᠮᠤᠳᠤ ᠲᠠᠢ᠂ ᠵᠢᠯ ᠤ᠋ᠨ 3 — 4 ᠲᠦᠮᠡᠨ ᠵᠢᠡᠭ ᠬᠠᠢᠳᠠᠡᠭ ᠵᠢᠮᠢᠰ ᠪᠤᠷᠤᠯᠠᠭᠤᠯᠵᠤ᠂ 10 ᠲᠦᠮᠡ ᠰᠢᠬᠠᠮ ᠲᠦᠬᠦᠷᠢᠭ ᠤ᠋ᠨ ᠤᠷᠤᠯᠭ᠎ᠠ ᠤᠯᠵᠤ ᠪᠠᠢᠨ᠎ᠠ᠃ 《ᠮᠠᠨ ᠤ᠋ ᠬᠠᠢᠳᠠᠡᠭ ᠵᠢᠮᠢᠰ ᠤ᠋ᠨ ᠦᠡᠭᠭᠡ ᠠᠮᠳᠠ ᠤᠨᠴᠠᠭᠠᠢ ᠮᠦᠷᠳᠡᠭᠡᠨ ᠰᠢᠮ᠎ᠠ ᠲᠡᠵᠢᠭᠡᠯ ᠰᠠᠢᠳᠠᠢ᠂ ᠶᠡᠭᠡ ᠪᠠᠭ᠎ᠠ ᠵᠢ ᠨᠢ ᠰᠠᠯᠭᠠᠨ ᠵᠢᠡᠭ ᠪᠦᠷᠢ ᠵᠢ 2 — 5 ᠲᠦᠬᠦᠷᠢᠭ ᠵᠢᠡᠷ ᠬᠤᠳᠠᠯᠳᠤᠵᠤ ᠪᠠᠢᠨ᠎ᠠ》 ᠬᠡᠵᠤ ᠳ᠋ᠦᠩ ᠳ᠋ᠦᠡᠭ ᠪᠠᠶᠠᠷᠳᠠᠢ ᠬᠡᠯᠡᠨ᠎ᠠ᠃

ᠵᠢᠮᠢᠰ ᠲᠡᠭᠦᠨᠠ
ᠤᠢᠯᠠᠭᠠᠭᠰᠠᠨ ᠶ᠋ᠢᠡᠷ᠂ ᠤᠢᠷ᠎ᠠ ᠵᠢᠨ ᠵᠢᠯ ᠳ᠋ᠤ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ ᠠᠮᠢ ᠠᠬᠤᠢ ᠶ᠋ᠢ ᠵᠠᠰᠠᠬᠤ ᠪᠣᠯᠤᠨ ᠮᠠᠯᠴᠢᠨ ᠲᠠᠷᠢᠶᠠᠴᠢᠨ ᠤ᠋ ᠣᠷᠣᠯᠭ᠎ᠠ ᠶ᠋ᠢ ᠨᠡᠮᠡᠭᠳᠡᠭᠦᠯᠬᠦ᠌ ᠬᠤᠤᠰ ᠵᠤᠷᠢᠯᠳᠠ ᠪᠡᠷ ᠬᠠᠢᠳᠠᠡᠭ ᠵᠢᠮᠢᠰ ᠤ᠋ᠨ ᠤᠨᠴᠠᠯᠢᠬᠳᠤ ᠦᠢᠯᠡᠰ ᠢ᠋ ᠬᠦᠴᠦᠯᠡᠨ ᠬᠦᠭᠵᠢᠬᠦᠯᠵᠤ᠂ ᠤᠳᠤ ᠪᠦᠬᠦ ᠬᠣᠰᠢᠭᠤᠨ ᠤ᠋ ᠬᠠᠶ᠋ᠢᠲᠠᠩ ᠵᠢᠮᠢᠰ ᠤ᠋ᠨ ᠮᠤᠳᠤᠨ ᠤ᠋ ᠲᠠᠯᠠᠪᠠᠶ 12 ᠲᠦᠮᠡᠨ ᠮᠸ᠋ ᠶ᠋ᠢ ᠳᠠᠪᠠᠵᠤ ᠲᠣᠭᠲᠠᠭᠤᠨ ᠶ᠋ᠢᠡᠷ ᠨᠡᠮᠡᠭᠳᠡᠵᠤ ᠪᠤᠢ᠃ ᠲᠤᠰ ᠬᠣᠰᠢᠭᠤ ᠪᠠᠷᠢᠮᠵᠢᠶᠠᠵᠢᠭᠤᠯᠤᠭᠰᠠᠨ ᠠᠷᠠᠴᠢᠯᠠᠨ ᠬᠠᠮᠠᠭᠠᠯᠠᠬᠤ ᠮᠡᠷᠭᠡᠵᠢᠯ ᠢ᠋ ᠳᠡᠯᠭᠡᠷᠡᠭᠦᠯᠵᠦ᠍᠂ ᠣᠶ ᠰᠢᠭᠤᠶ ᠵᠢᠨ ᠰᠠᠯᠠᠭ᠎ᠠ ᠮᠥᠴᠢᠷ ᠦ᠋ᠨ ᠬᠢᠨ ᠪᠠᠶ᠋ᠢᠩᠭᠤ ᠬᠥᠳᠡᠭᠡ ᠪᠠᠭᠤᠵᠤ ᠵᠢᠮᠢᠰ ᠤ᠋ᠨ ᠮᠣᠳᠣ ᠶ᠋ᠢ ᠬᠠᠶ᠋ᠢᠴᠢᠯᠠᠨ ᠵᠠᠰᠠᠬᠤ᠂ ᠡᠪᠡᠳᠴᠢᠨ ᠬᠣᠷᠣᠬᠠᠶ ᠶ᠋ᠢᠨ ᠬᠥᠨᠥᠭᠡᠯ ᠢ᠋ ᠰᠡᠷᠭᠡᠶ᠋ᠢᠯᠡᠬᠦ ᠵᠡᠷᠭᠡ ᠮᠡᠷᠭᠡᠵᠢᠯ ᠦ᠋ᠨ ᠵᠢᠯᠣᠭᠣᠳᠣᠯᠭ᠎ᠠ ᠥᠷᠨᠢᠭᠦᠯᠵᠦ᠍᠂ ᠬᠠᠶ᠋ᠢᠲᠠᠩ ᠵᠢᠮᠢᠰ ᠤ᠋ᠨ ᠶᠠᠰᠤ ᠴᠢᠨᠠᠷ ᠢ᠋ ᠲᠠᠰᠤᠷᠠᠯᠲᠠ ᠥᠬᠡᠶ ᠳᠡᠭᠡᠭᠰᠢᠯᠡᠭᠦᠯᠵᠠᠢ᠃ ᠡᠨᠳᠡᠬᠢ ᠵᠢᠨ ᠬᠠᠶ᠋ᠢᠲᠠᠩ ᠵᠢᠮᠢᠰ ᠠᠮᠳᠠ ᠰᠢᠮᠳᠡ ᠲᠠᠢ ᠪᠤᠯᠬᠤᠷ ᠡᠯ᠎ᠡ ᠭᠠᠵᠠᠷ ᠤ᠋ᠨ ᠬᠤᠳᠠᠯᠳᠤᠭᠠᠴᠢᠨ ᠤ᠋ ᠠᠩᠬᠠᠷᠤᠯ ᠢ᠋ ᠲᠡᠳᠡᠵᠤ᠂ ᠤᠯᠤᠰ ᠤ᠋ᠨ ᠳᠣᠲᠣᠭᠠᠳᠤ ᠶ᠋ᠢᠨ ᠣᠯᠠᠨ ᠮᠤᠵᠢ ᠬᠣᠲᠠ ᠤᠷᠤᠨ ᠳ᠋ᠤ ᠪᠣᠷᠣᠯᠠᠭᠤᠯᠤᠬᠳᠠᠵᠤ ᠪᠠᠢᠬᠤ ᠪᠦᠭᠡᠳ ᠭᠠᠳᠠᠭᠠᠳᠤ ᠠᠷᠠᠯᠵᠢᠶᠠᠨ ᠤ᠋ ᠠᠵᠤ ᠠᠬᠤᠢᠯᠠᠯ ᠵᠢᠡᠷ ᠲᠠᠮᠵᠢᠨ ᠵᠡᠭᠦᠨ ᠡᠮᠦᠨᠡᠲᠦ᠍ ᠠᠽᠢᠶ᠎ᠠ ᠶ᠋ᠢᠨ ᠵᠠᠬ᠎ᠠ ᠳᠡᠯᠭᠡᠭᠦᠷ ᠲᠦ᠍ ᠴᠦ᠍ ᠪᠣᠷᠣᠯᠠᠭᠤᠯᠤᠭᠳᠠᠵᠤ ᠪᠠᠶ᠋ᠢᠨ᠎ᠠ᠃

ᠵᠢᠮᠢᠰ ᠶ᠋ᠢᠡᠨ ᠬᠤᠳᠠᠯᠳᠤᠨ᠎ᠠ
ᠲᠥᠷᠥ ᠶ᠋ᠢᠨ ᠪᠣᠳᠣᠯᠭ᠎ᠠ ᠶ᠋ᠢᠨ ᠡᠷᠴᠢᠮᠳᠠᠢ ᠳᠡᠮᠵᠢᠯᠭᠡ ᠲᠤᠤᠷ᠎ᠠ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ᠋ ᠤᠯᠠᠮ ᠡᠴᠡ ᠣᠯᠠᠨ ᠮᠠᠯᠴᠢᠨ ᠲᠠᠷᠢᠶᠠᠴᠢᠨ ᠬᠠᠶ᠋ᠢᠲᠠᠩ ᠵᠢᠮᠢᠰ ᠲᠠᠷᠢᠬᠤ ᠡᠩᠨᠡᠭᠡᠨ ᠳ᠋ᠤ ᠤᠷᠤᠵᠤ᠂ ᠬᠠᠶ᠋ᠢᠲᠠᠩ ᠵᠢᠮᠢᠰ ᠤ᠋ᠨ ᠠᠵᠤ ᠦᠢᠯᠡᠰ ᠢ᠋ ᠬᠥᠭᠵᠢᠭᠦᠯᠤᠨ᠂ ᠠᠮᠢ ᠠᠬᠤᠶ ᠶ᠋ᠢ ᠬᠠᠮᠠᠭᠠᠯᠠᠬᠤ ᠶ᠋ᠢᠨ ᠬᠠᠮᠲᠤ᠌ ᠣᠷᠣᠯᠭ᠎ᠠ ᠪᠠᠨ ᠨᠡᠮᠡᠭᠳᠡᠭᠦᠯᠬᠦ᠌ ᠠᠷᠭ᠎ᠠ ᠵᠠᠮ ᠶ᠋ᠢᠡᠨ ᠦᠷᠭᠡᠳᠭᠡᠪᠡ᠃ ᠵᠢᠵᠢᠭᠬᠡᠨ ᠬᠠᠶ᠋ᠢᠲᠠᠩ ᠵᠢᠮᠢᠰ ᠨᠢ ᠡᠳᠦᠭᠡ ᠠᠮᠢ ᠠᠬᠤᠢᠶᠢᠨ ᠬᠠᠮᠠᠭᠠᠯᠠᠯᠳᠠ ᠳ᠋ᠤ ᠨᠢᠭᠡ ᠮᠦᠷᠦ ᠶ᠋ᠢᠨ ᠬᠦᠴᠦᠨ ᠦᠵᠡᠭᠦᠯᠵᠦ ᠪᠠᠢᠭ᠎ᠠ ᠲᠡᠳᠦᠢ ᠦᠭᠡᠢ ᠮᠠᠯᠴᠢᠨ ᠲᠠᠷᠢᠶᠠᠴᠢᠨ ᠤ᠋ ᠤᠷᠤᠯᠭ᠎ᠠ ᠵᠢ ᠨᠡᠮᠡᠭᠳᠡᠬᠦᠯᠤᠨ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠳ᠋ᠤ ᠤᠳᠠᠭᠠᠨ ᠳᠠᠭᠠᠭᠠᠮᠠᠭᠠᠢ ᠬᠥᠳᠡᠯᠭᠡᠬᠦ᠌ ᠬᠦᠴᠦᠨ ᠨᠡᠮᠡᠷᠢᠯᠡᠵᠤ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃