2026-11-13 11:35:09
ᠲᠤᠰᠬᠤᠨ ᠤ᠋ ᠠᠷᠠᠳ ᠵᠢᠡᠨ ᠳᠠᠢᠴᠢᠯᠠᠨ ᠢᠳᠡᠰᠢᠨ ᠨᠤᠭᠤᠭ᠎ᠠ ᠲᠠᠷᠢᠵᠤ ᠤᠨᠴᠠᠯᠢᠭᠳᠤ ᠠᠵᠤ ᠦᠢᠯᠡᠰ ᠢ᠋ ᠴᠤᠭᠴᠠᠯᠠᠪᠠ
ᠴᠠᠬᠠᠷ ᠪᠠᠷᠠᠭᠤᠨ ᠭᠠᠷᠤᠨ ᠡᠮᠦᠨᠡᠲᠦ ᠬᠣᠰᠢᠭᠤᠨ ᠤ᠋ ᠲᠡᠭᠰᠢ ᠪᠤᠯᠠᠭ ᠪᠠᠯᠭᠠᠰᠤ ᠵᠢᠨ ᠡᠮᠦᠨ᠎ᠡ ᠠᠢᠯ ᠲᠣᠰᠬᠣᠨ ᠤ᠋ ᠲᠠᠷᠢᠶᠠᠴᠢᠨ ᠵᠠᠩ ᠰᠢᠶᠤᠤ ᠯᠢᠩ ᠦᠳᠡ ᠵᠢᠨ ᠬᠤᠭᠤᠯᠠ ᠪᠠᠨ ᠰᠠᠩᠳᠠ ᠮᠡᠩᠳᠠ ᠢᠳᠡᠵᠦ ᠪᠠᠷᠠᠮᠠᠭᠴᠠ ᠢᠳᠡᠰᠢᠨ ᠨᠤᠭᠤᠭ᠎ᠠ ᠵᠢᠨ ᠬᠦᠯᠡᠮᠵᠢ ᠳ᠋ᠡᠭᠡᠨ ᠬᠦᠷᠴᠦ᠂ ᠴᠢᠨᠵᠤᠤ ᠵᠢᠨ ᠤᠷᠭᠤᠴᠠ ᠵᠢᠨ ᠪᠠᠢᠳᠠᠯ ᠢ᠋ ᠨᠢᠮᠪᠠᠢ ᠪᠠᠢᠴᠠᠭᠠᠵᠤ ᠡᠬᠢᠯᠡᠯ᠎ᠠ᠃ ᠦᠰᠦ ᠨᠢ ᠪᠤᠭᠤᠷᠤᠯᠳᠤᠭᠰᠠᠨ ᠡᠴᠡᠩᠬᠡᠷ ᠵᠢᠭᠠᠬᠠᠨ ᠪᠡᠶ᠎ᠠ ᠲᠠᠢ᠂ ᠡᠭᠡᠯ ᠪᠤᠷᠤᠭᠵᠢᠭᠤᠨ᠂ ᠠᠵᠢᠯᠴᠢ ᠠᠷᠪᠢᠴᠢ ᠵᠠᠩ ᠰᠢᠶᠤᠤ ᠯᠢᠩ ᠠᠨᠢᠶ᠎ᠠ 70 ᠭᠠᠷᠤᠭᠰᠠᠨ ᠴᠦ᠍ ᠪᠡᠶ᠎ᠠ ᠲᠡᠩᠬᠡᠯᠡᠬᠦᠨ᠂ ᠤᠬᠠᠭᠠᠨ ᠰᠠᠷᠠᠭᠤᠯ᠂ ᠵᠠᠩ ᠡᠶᠡᠯᠳᠡᠭ ᠪᠠᠢᠯ᠎ᠠ᠃
ᠤᠯᠠᠭᠠᠨᠴᠠᠪ ᠬᠤᠳᠠ ᠬᠦᠢᠲᠡᠨ ᠰᠡᠷᠢᠭᠦᠨ ᠤᠷᠤᠨ ᠤ᠋ ᠲᠠᠷᠢᠮᠠᠯ ᠤ᠋ᠨ ᠰᠢᠵᠢᠷ ᠠᠯᠲᠠᠨ ᠪᠦᠰᠡ ᠳ᠋ᠤ ᠣᠷᠣᠰᠢᠵᠤ᠂ ᠡᠷᠭᠦᠭᠳᠡᠴᠡ ᠨᠢ ᠥᠨᠳᠥᠷ᠂ ᠡᠳᠦᠷ ᠰᠥᠨᠢ ᠵᠢᠨ ᠳᠤᠯᠠᠭᠠᠨ ᠤ᠋ ᠵᠥᠷᠢᠶ᠎ᠡ ᠪᠡᠷ ᠶᠡᠬᠡ ᠪᠠᠢᠳᠠᠭ᠃ ᠵᠢᠯ ᠪᠦᠷᠢ ᠵᠢᠨ 7 — 9 ᠰᠠᠷ᠎ᠠ ᠳ᠋ᠤ ᠡᠮᠦᠨᠡᠲᠦ ᠣᠷᠣᠨ ᠤ᠋ ᠠᠭᠠᠭᠢᠮ᠎ᠠ ᠬᠠᠯᠠᠭᠤᠨ ᠳ᠋ᠤ ᠢᠳᠡᠰᠢᠨ ᠨᠣᠭᠣᠭ᠎ᠠ ᠵᠢᠨ ᠬᠠᠩᠭᠠᠯᠭ᠎ᠠ ᠳᠤᠲᠠᠭᠳᠠᠬᠤ ᠦᠶᠡᠰ ᠲᠤ᠌ ᠰᠢᠷᠭᠡᠭᠯᠢᠭ ᠡᠳ᠋ ᠰᠢᠮ᠎ᠠ ᠲᠡᠵᠢᠬᠡᠯ ᠨᠢ ᠭᠦᠢᠴᠡᠳ᠂ ᠠᠮᠲᠠ ᠨᠢ ᠰᠠᠢᠬᠠᠨ ᠪᠥᠭᠡᠳ ᠬᠠᠳᠠᠭᠠᠯᠠᠬᠤ ᠳ᠋ᠤ ᠳᠠᠭᠠᠭᠠᠮᠠᠭᠠᠢ ᠪᠠᠢᠳᠠᠭ ᠤᠯᠠᠭᠠᠨᠴᠠᠪ ᠤ᠋ᠨ ᠴᠠᠭᠠᠨ ᠨᠣᠭᠣᠭ᠎ᠠ᠂ ᠴᠢᠨᠵᠦᠦ᠂ ᠪᠥᠭᠡᠷᠡᠩᠬᠡᠢ ᠰᠣᠩᠭᠢᠨ᠎ᠠ ᠪᠠ ᠦᠷᠭᠡᠰᠦᠳᠦ ᠬᠡᠮᠬᠡ ᠵᠡᠷᠭᠡ ᠨᠢ ᠪᠦᠬᠦ ᠤᠯᠤᠰ ᠤ᠋ᠨ ᠢᠳᠡᠰᠢᠨ ᠨᠤᠭᠤᠭ᠎ᠠ ᠵᠢᠨ ᠤᠨᠠᠯᠳᠠ ᠵᠢᠨ ᠣᠷᠭᠢᠯ ᠤ᠋ᠨ ᠬᠤᠭᠤᠴᠠᠭ᠎ᠠ ᠵᠢ ᠵᠥᠷᠢᠭᠦᠯᠦᠨ ᠡᠯ᠎ᠡ ᠭᠠᠵᠠᠷ ᠤ᠋ᠨ ᠲᠣᠮᠣ᠌ ᠵᠠᠬ᠎ᠠ ᠳᠡᠯᠭᠡᠭᠦᠷ ᠲᠦ᠍ ᠭᠠᠷᠴᠦ ᠂ ᠨᠢᠬᠡᠨᠳᠡ ᠪᠥᠬᠥ ᠤᠯᠤᠰ ᠤ᠋ᠨ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ 3 ᠶᠡᠬᠡ ᠭᠣᠣᠯ ᠭᠠᠷᠤᠯᠲᠠ ᠵᠢᠨ ᠣᠷᠣᠨ ᠤ᠋ ᠨᠢᠭᠡ ᠪᠤᠯᠵᠠᠢ᠃ ᠲᠡᠬᠡᠬᠦ ᠳ᠋ᠤ ᠡᠮᠦᠨ᠎ᠡ ᠠᠢᠯ ᠲᠣᠰᠬᠣᠨ ᠪᠣᠯ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠠᠵᠤ ᠦᠢᠯᠡᠰ ᠢ᠋ ᠬᠦᠭᠵᠢᠬᠦᠯᠵᠦ ᠠᠷᠠᠳ ᠵᠢᠡᠨ ᠪᠠᠶᠠᠵᠢᠭᠤᠯᠤᠭᠰᠠᠨ ᠤᠯᠠᠭᠠᠨᠴᠠᠪ ᠬᠤᠳᠠ ᠵᠢᠨ ᠠᠩᠬᠠᠨ ᠤ᠋ ᠰᠤᠩᠭᠤᠳᠠᠭ ᠵᠢᠱ᠌ᠢᠶᠠ ᠪᠣᠯᠣᠨ᠎ᠠ᠃
ᠵᠠᠩ ᠰᠢᠶᠤᠤ ᠯᠢᠩ
ᠬᠤᠷᠢᠳᠤᠭᠠᠷ ᠵᠠᠭᠤᠨ ᠤ᠋ ᠲᠠᠯᠠᠭᠠᠳ ᠣᠨ ᠳ᠋ᠤ᠂ ᠡᠮᠦᠨ᠎ᠡ ᠠᠢᠯ ᠲᠣᠰᠬᠣᠨ ᠤ᠋ ᠵᠠᠩ ᠰᠢᠶᠣᠣ ᠯᠢᠩ ᠲᠣᠰᠬᠣᠨ ᠤ᠋ ᠪᠠᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠳᠡᠳ᠋ ᠡᠷᠬᠢᠯᠡᠭᠴᠢ ᠵᠢᠨ ᠲᠤᠰᠢᠶᠠᠯ ᠢ᠋ ᠡᠭᠦᠷᠭᠡᠯᠡᠵᠦ᠂ ᠤᠯᠠᠭᠠᠨᠴᠠᠪ ᠠᠢᠮᠠᠭ (ᠤᠳᠤ ᠵᠢᠨ ᠤᠯᠠᠭᠠᠨᠴᠠᠪ ᠬᠤᠳᠠ) ᠤ᠋ᠨ ᠲᠠᠷᠢᠶᠠᠯᠠᠩ ᠤ᠋ᠨ ᠰᠢᠨᠵᠢᠯᠡᠬᠦ ᠤᠬᠠᠭᠠᠨ ᠤ᠋ ᠰᠤᠳᠤᠯᠭᠠᠨ ᠤ᠋ ᠭᠠᠵᠠᠷ ᠲᠠᠢ ᠬᠠᠷᠢᠯᠴᠠᠨ ᠲᠣᠰᠬᠣᠨ ᠳ᠋ᠠᠭᠠᠨ ᠲᠤᠷᠰᠢᠯᠲᠠ ᠵᠢᠨ ᠲᠠᠷᠢᠶ᠎ᠠ ᠭᠠᠷᠭᠠᠵᠤ᠂ ᠪᠤᠭᠤᠳᠠᠢ᠂ ᠲᠥᠮᠥᠰᠥ ᠪᠠ ᠮᠠᠭᠠᠯᠢᠩᠭᠤ ᠵᠢᠨ ᠰᠠᠢᠨ ᠡᠭᠦᠯᠳᠡᠷ ᠢ᠋ ᠲᠠᠯᠬᠡᠷᠡᠬᠦᠯᠬᠦ ᠲᠤᠷᠰᠢᠯᠲᠠ ᠥᠷᠨᠢᠭᠦᠯᠵᠦ᠂ ᠲᠠᠷᠢᠮᠠᠯ ᠤ᠋ᠨ ᠮᠡᠷᠭᠡᠵᠢᠯ ᠤ᠋ᠨ ᠲᠤᠷᠰᠢᠯᠭ᠎ᠠ ᠬᠤᠷᠠᠮᠳᠤᠭᠤᠯᠵᠠᠢ᠃ ᠭᠠᠵᠠᠷ ᠰᠢᠷᠣᠢ ᠵᠢ ᠡᠷᠦᠬᠡ ᠳ᠋ᠤ ᠳᠠᠭᠠᠭᠠᠴᠢᠯᠠᠭᠤᠯᠤᠭᠰᠠᠨ ᠤ᠋ ᠳᠠᠷᠠᠭ᠎ᠠ᠂ ᠡᠮᠦᠨ᠎ᠠ ᠠᠢᠯ ᠲᠣᠰᠬᠣᠨ ᠤ᠋ ᠣᠯᠠᠩᠬᠢ ᠲᠠᠷᠢᠶᠠᠴᠢᠨ ᠮᠥᠨ ᠯᠡ ᠪᠤᠭᠤᠳᠠᠢ᠂ ᠶᠤᠤᠮᠠᠢ ᠵᠡᠷᠭᠡ ᠠᠮᠤ ᠪᠤᠳᠠᠭᠠᠨ ᠤ᠋ ᠲᠠᠷᠢᠮᠠᠯ ᠳᠠᠷᠢᠵᠤ ᠪᠠᠢᠭᠰᠠᠨ ᠶᠤᠮ᠃
1982 ᠤᠨ ᠳ᠋ᠤ᠂ ᠵᠠᠩ ᠰᠢᠶᠣᠣ ᠯᠢᠩ ᠡᠩ ᠲᠡᠷᠢᠭᠦᠨ ᠳ᠋ᠤ ᠥᠪᠡᠷ ᠤ᠋ᠨ ᠲᠠᠷᠢᠶᠠᠨ ᠭᠠᠵᠠᠷ ᠲᠠᠭᠠᠨ ᠢᠳᠡᠰᠢᠨ ᠨᠣᠭᠣᠭ᠎ᠠ ᠲᠤᠷᠰᠢᠵᠤ ᠳᠠᠷᠢᠪᠠ᠃ 《ᠲᠡᠷᠡ ᠦᠶ᠎ᠡ ᠳ᠋ᠤ ᠢᠳᠡᠰᠢᠨ ᠨᠣᠭᠣᠭ᠎ᠠ ᠳᠠᠷᠢᠵᠦ ᠬᠤᠳᠠᠯᠳᠤᠬᠤ ᠳ᠋ᠤ ᠲᠡᠶ᠋ᠢᠮᠦ ᠬᠢᠯᠪᠠᠷ ᠪᠢᠰᠢ᠂ ᠳᠠᠷᠢᠭᠰᠠᠨ ᠨᠤᠭᠤᠭ᠎ᠠ ᠪᠠᠨ ᠳᠤᠭᠤᠢ ᠲᠡᠷᠭᠡ ᠪᠡᠷ ᠨᠢᠭᠡ ᠤᠳᠠᠭ᠎ᠠ ᠳ᠋ᠤ 100 ᠭᠠᠷᠤᠢ ᠵᠢᠩ ᠠᠴᠢᠵᠦ᠂ 5 ᠺᠢᠯᠣᠮᠧᠲᠷ ᠵᠠᠢᠲᠠᠢ ᠬᠤᠰᠢᠭᠤᠨ ᠲᠦᠪ ᠲᠦ᠍ ᠠᠪᠠᠴᠢᠨ ᠬᠤᠳᠠᠯᠳᠤᠭᠠᠳ ᠵᠢᠩᠳᠡᠭᠡᠨ ᠰᠠᠶᠢ ᠲᠤᠯᠤᠭ᠎ᠠ ᠨᠠᠢ᠍ᠮᠠᠨ ᠮᠥᠩᠭᠥ ᠣᠯᠳᠠᠭ᠃ ᠬᠡᠳᠦᠢᠪᠡᠷ ᠡᠢᠮᠤ ᠪᠠᠢᠭᠰᠠᠨ ᠴᠦ᠍ ᠢᠳᠡᠰᠢᠨ ᠨᠣᠭᠣᠭ᠎ᠠ ᠲᠠᠷᠢᠬᠤ ᠠᠰᠢᠭ᠋ ᠣᠷᠣᠯᠭ᠎ᠠ ᠨᠢ ᠪᠤᠭᠤᠳᠠᠢ ᠳᠠᠷᠢᠭ᠍ᠰᠠᠨ ᠡᠴᠡ ᠰᠠᠢᠨ》 ᠭᠡᠵᠦ ᠵᠠᠩ ᠰᠢᠶᠣᠣ ᠯᠢᠩ ᠲᠤᠷᠠᠰᠤᠮᠵᠢ ᠰᠡᠬᠦᠯ᠎ᠠ᠃ ᠢᠩᠬᠢᠬᠡᠳ ᠲᠣᠰᠬᠣᠨ ᠤ᠋ ᠠᠷᠠᠳ ᠴᠤ᠌ ᠠᠭᠠᠵᠢᠮ ᠵᠢᠡᠷ ᠢᠳᠡᠰᠢᠨ ᠨᠣᠭᠣᠭ᠎ᠠ ᠳᠠᠷᠢᠵᠤ ᠥᠪᠡᠷᠰᠡᠳ ᠵᠢᠡᠨ ᠵᠥᠭᠡᠭᠡᠪᠦᠷᠢᠯᠡᠵᠦ ᠪᠤᠷᠤᠯᠠᠭᠤᠯᠤᠭᠠᠳ ᠠᠰᠢᠭ ᠣᠷᠣᠯᠭ᠎ᠠ ᠨᠢ ᠠᠮᠤ ᠪᠤᠳᠠᠭᠠᠨ ᠤ᠋ ᠳᠠᠷᠢᠮᠠᠯ ᠳᠠᠷᠢᠬᠤ ᠡᠴᠡ ᠬᠣᠯᠠ ᠥᠨᠳᠥᠷ ᠪᠤᠯᠵᠠᠢ᠃
1999 ᠣᠨ ᠳ᠋ᠤ᠂ ᠵᠠᠩ ᠰᠢᠶᠣᠣ ᠯᠢᠩ ᠡᠮᠦᠨ᠎ᠡ ᠠᠢᠯ ᠲᠣᠰᠬᠣᠨ ᠤ᠋ ᠨᠠᠮ ᠤ᠋ᠨ ᠡᠭᠦᠷ ᠤ᠋ᠨ ᠱᠦᠵᠢ ᠪᠡᠷ ᠰᠣᠩᠭᠣᠭᠳᠠᠵᠤ᠂ ᠲᠣᠰᠬᠣᠨ ᠤ᠋ ᠠᠷᠠᠳ ᠤ᠋ᠨ ᠶᠡᠬᠡ ᠬᠤᠷᠠᠯ ᠳᠡᠭᠡᠷ᠎ᠡ 《ᠲᠣᠰᠬᠣᠨ ᠤ᠋ ᠠᠷᠠᠳ ᠤ᠋ᠨ ᠳᠠᠷᠤᠭᠠᠰᠤ ᠵᠢ ᠬᠥᠩᠭᠡᠷᠡᠭᠦᠯᠵᠦ᠂ ᠲᠣᠰᠬᠣᠨ ᠤ᠋ ᠠᠷᠠᠳ ᠢ᠋ ᠳᠠᠭᠠᠭᠤᠯᠤᠨ ᠪᠠᠶᠠᠵᠢᠨ᠎ᠠ; ᠲᠡᠵᠢᠭᠡᠪᠦᠷᠢ ᠵᠢᠨ ᠦᠢᠯᠡᠰ ᠪᠠ ᠲᠠᠷᠢᠮᠠᠯ ᠤ᠋ᠨ ᠦᠢᠯᠡᠰ ᠢ᠋ ᠬᠥᠭᠵᠢᠭᠦᠯᠵᠦ ᠲᠣᠰᠬᠣᠨ ᠤ᠋ ᠠᠷᠠᠳ ᠤ᠋ᠨ ᠤᠷᠤᠯᠭ᠎ᠠ ᠵᠢ ᠨᠡᠮᠡᠭᠳᠡᠬᠦᠯᠦᠨ᠎ᠠ; ᠬᠡᠷᠪᠡ ᠳᠡᠭᠡᠷᠡᠬᠢ ᠬᠠᠷᠠᠯᠲᠠ ᠳ᠋ᠤ ᠬᠦᠷᠴᠦ ᠳᠡᠶ᠋ᠢᠯᠬᠦ ᠦᠭᠡᠢ ᠪᠣᠯ ᠪᠢ ᠲᠤᠰᠢᠶᠠᠯ ᠡᠴᠡ ᠪᠠᠨ ᠪᠠᠭᠤᠨ᠎ᠠ》 ᠭᠡᠬᠦ 3 ᠠᠮᠠᠯᠠᠯᠳᠠ ᠳᠠᠯᠪᠢᠵᠠᠢ᠃
ᠵᠤᠷᠢᠭ ᠪᠤᠰᠤᠭ᠎ᠠ ᠵᠤᠷᠢᠯᠳᠠ ᠬᠤᠯᠠ ᠵᠠᠩ ᠰᠢᠶᠤᠤ ᠯᠢᠩ ᠲᠠᠩᠱᠠᠨ ᠤ᠋ ᠬᠤᠳᠠᠯᠳᠤᠭᠠᠴᠢᠨ ᠢ᠋ ᠤᠷᠢᠵᠤ 50 ᠮᠦ᠍ ᠨᠠᠮᠤᠷ ᠤ᠋ᠨ ᠴᠠᠭᠠᠨ ᠨᠣᠭᠣᠭ᠎ᠠ ᠵᠢ ᠵᠠᠬᠢᠶᠠᠯᠠᠭ᠎ᠠ ᠪᠠᠷ ᠳᠠᠷᠢᠭᠰᠠᠨ ᠨᠢ ᠡᠮᠦᠨ᠎ᠡ ᠠᠢᠯ ᠲᠣᠰᠬᠣᠨ ᠤ᠋ ᠤᠯᠠᠷᠢᠯ ᠤ᠋ᠨ ᠪᠤᠰᠤ ᠢᠳᠡᠰᠢᠨ ᠨᠣᠭᠣᠭ᠎ᠠ ᠵᠢ ᠳᠠᠷᠢᠭᠰᠠᠨ ᠡᠬᠢᠯᠡᠯᠳᠡ ᠪᠤᠯᠵᠤ᠂ ᠤᠳᠤ ᠵᠢᠨ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠠᠵᠤ ᠦᠢᠯᠡᠰ ᠢᠩᠬᠢᠵᠦ ᠡᠬᠦᠰᠦᠭᠰᠡᠨ ᠶᠤᠮ᠃ 《ᠤᠷᠢᠵᠦ ᠢᠷᠡᠬᠦᠯᠦᠭᠰᠡᠨ ᠬᠤᠳᠠᠯᠳᠤᠭᠠᠴᠢᠨ ᠵᠢᠩ ᠳ᠋ᠡᠭᠡᠨ 15 ᠮᠥᠩᠭᠥ ᠪᠡᠷ ᠬᠡᠷ ᠤ᠋ᠨ ᠡᠬᠦᠳᠡᠨ ᠳ᠋ᠤ ᠬᠦᠷᠴᠦ ᠢᠷᠡᠬᠡᠳ ᠬᠤᠳᠠᠯᠳᠤᠵᠤ ᠠᠪᠬᠤ ᠪᠡᠷ ᠲᠤᠭᠳᠠᠵᠠᠢ᠃ ᠡᠨᠡ ᠨᠢ ᠦᠪᠡᠷ ᠵᠢᠡᠨ ᠵᠦᠭᠡᠭᠡᠪᠦᠷᠢᠯᠡᠵᠦ ᠵᠢᠩ ᠳ᠋ᠡᠬᠡᠨ ᠲᠤᠯᠤᠭ᠎ᠠ ᠨᠠᠢ᠍ᠮᠠᠬᠠᠨ ᠮᠥᠩᠭᠥ ᠪᠡᠷ ᠬᠤᠳᠠᠯᠳᠤᠵᠤ ᠪᠠᠢᠭᠰᠠᠨ ᠲᠠᠢ ᠬᠠᠷᠢᠴᠠᠭᠤᠯᠪᠠᠯ ᠶᠡᠬᠡ ᠤᠯᠵᠠ ᠲᠠᠢ ᠮᠠᠢᠮᠠᠢ 》 ᠭᠡᠰᠡᠨ ᠵᠢᠡᠨ ᠵᠠᠩ ᠰᠢᠶᠤᠤ ᠯᠢᠩ ᠬᠦᠩᠭᠡᠭᠡᠨ ᠰᠠᠨᠠᠭ᠎ᠠ ᠠᠯᠳᠠᠵᠦ᠂《ᠬᠡᠳᠤᠢᠪᠡᠷ 50 ᠮᠦ᠍ ᠴᠠᠭᠠᠨ ᠨᠤᠭᠤᠭ᠎ᠠ ᠲᠤᠷᠰᠢᠵᠤ ᠳᠠᠷᠢᠭᠰᠠᠨ ᠪᠤᠯᠪᠠᠴᠦ ᠵᠠᠷᠢᠮ ᠲᠠᠷᠢᠶᠠᠴᠢᠨ ᠪᠤᠰᠤᠳ ᠮᠠᠢᠮᠠᠢᠴᠢᠳ ᠤ᠋ᠨ ᠦᠨᠳᠦᠷ ᠦᠨ᠎ᠠ ᠵᠢᠨ ᠦᠳᠦᠭᠡᠯᠭᠡ ᠳ᠋ᠤ ᠳᠠᠳᠠᠭᠳᠠᠨ ᠵᠠᠬᠢᠶᠠᠯᠠᠭ᠎ᠠ ᠵᠢᠨ ᠵᠦᠪᠳᠡᠯᠴᠡᠬᠡᠷ ᠡᠴᠡ ᠲᠡᠷᠰᠯᠡᠵᠦ᠂ ᠡᠴᠦᠰ ᠲᠡᠭᠡᠨ ᠵᠦᠪᠬᠡᠨ 17.5 ᠮᠦ᠍ ᠵᠢᠨ ᠴᠠᠭᠠᠨ ᠨᠤᠭᠤᠭ᠎ᠠ ᠪᠠᠨ ᠵᠦᠪᠳᠡᠯᠴᠡᠬᠡᠷ ᠶᠤᠰᠤᠭᠠᠷ ᠲᠠᠩᠱᠠᠨ ᠤ᠋ ᠬᠤᠳᠠᠯᠳᠤᠭᠠᠴᠢᠨ ᠳ᠋ᠤ ᠦᠭᠪᠡ》 ᠬᠡᠵᠤ ᠲᠤᠰᠬᠤᠨ ᠤ᠋ ᠪᠠᠨ ᠢᠳᠡᠰᠢᠨ ᠨᠤᠭᠤᠭ᠎ᠠ ᠵᠢᠨ ᠠᠵᠤ ᠦᠢᠯᠡᠰ ᠢ᠋ ᠡᠬᠢᠯᠡᠬᠦᠯᠬᠦ ᠦᠶ᠎ᠠ ᠵᠢᠨ ᠤᠴᠠᠷᠠᠯ ᠵᠢᠡᠨ ᠶᠠᠷᠢᠯ᠎ᠠ᠃
ᠤᠯᠠᠨ ᠲᠦᠮᠡᠨ ᠤ᠋ ᠵᠠᠬ᠎ᠠ ᠳᠡᠯᠭᠡᠭᠦᠷ ᠪᠠ ᠵᠠᠬᠢᠶᠠᠯᠠᠭ᠎ᠠ ᠵᠢᠨ ᠵᠦᠪᠳᠡᠯᠴᠡᠬᠡᠷ ᠤ᠋ᠨ ᠤᠬᠠᠮᠰᠠᠷ ᠳᠣᠣᠷ᠎ᠠ ᠪᠠᠢᠭ᠎ᠠ ᠪᠣᠳᠠᠲᠤ ᠪᠠᠢᠳᠠᠯ ᠤ᠋ᠨ ᠡᠮᠦᠨ᠎ᠡ ᠵᠠᠩ ᠰᠢᠶᠣᠣ ᠯᠢᠩ ᠵᠣᠷᠢᠭ᠋ ᠮᠣᠬᠣᠭᠰᠠᠨ ᠦᠭᠡᠢ᠃ ᠳᠠᠷᠠᠭ᠎ᠠ ᠵᠢᠯ ᠨᠢ ᠲᠡᠷᠡ ᠰᠡᠬᠡᠭᠡᠷᠡᠭᠰᠡᠨ ᠬᠡᠳᠤᠨ ᠲᠠᠷᠢᠶᠠᠴᠢᠨ ᠢ᠋ ᠳᠠᠶ᠋ᠢᠴᠢᠯᠠᠨ ᠤᠷᠢᠳ ᠵᠢᠡᠷ ᠢᠳᠡᠰᠢᠨ ᠨᠤᠭᠤᠭ᠎ᠠ ᠳᠠᠷᠢᠭᠤᠯᠵᠦ᠂ ᠲᠠᠷᠢᠮᠠᠯ ᠤ᠋ᠨ ᠬᠡᠪᠴᠢᠶ᠎ᠡ ᠵᠢ 150 ᠮᠦ᠍ ᠪᠤᠯᠭᠠᠨ ᠥᠷᠭᠡᠳᠬᠡᠵᠦ᠂ ᠦᠨᠡᠨ ᠪᠣᠳᠠᠲᠠᠢ ᠠᠰᠢᠭ᠋ ᠣᠯᠵᠠᠪᠤᠷᠢ ᠪᠡᠷ ᠪᠦᠬᠦ ᠲᠣᠰᠬᠣᠨ ᠤ᠋ ᠠᠷᠠᠳ ᠤ᠋ᠨ ᠵᠢᠡᠨ ᠦᠵᠡᠯᠲᠡ ᠵᠢ ᠠᠭᠠᠵᠢᠮ ᠵᠢᠡᠷ ᠬᠤᠪᠢᠷᠠᠭᠤᠯᠪᠠ᠃ ᠲᠡᠭᠡᠭᠡᠳ ᠤᠷᠤᠨ ᠨᠤᠳᠤᠭ ᠤ᠋ᠨ ᠵᠢᠡᠨ ᠪᠤᠳᠠᠳᠤ ᠪᠠᠢᠳᠠᠯ ᠢ᠋ ᠦᠨᠳᠦᠰᠦᠯᠡᠨ ᠪᠥᠭᠡᠷᠡᠩᠬᠡᠢ ᠰᠣᠩᠭᠢᠨ᠎ᠠ ᠪᠤᠯᠤᠨ ᠴᠢᠨᠵᠦᠦ ᠵᠡᠷᠭᠡ ᠰᠢᠨ᠎ᠡ ᠲᠥᠷᠥᠯ ᠤ᠋ᠨ ᠢᠳᠡᠰᠢᠨ ᠨᠤᠭᠤᠭ᠎ᠠ ᠵᠢ ᠵᠠᠯᠭᠠᠭ᠎ᠠ ᠪᠠᠷ ᠳᠠᠷᠢᠵᠦ᠂ ᠢᠳᠡᠰᠢᠨ ᠨᠣᠭᠣᠭ᠎ᠠ ᠳᠠᠷᠢᠬᠤ ᠲᠠᠷᠢᠶᠠᠯᠠᠬᠤ ᠡᠷᠦᠬᠡ ᠶᠠᠪᠤᠬᠤ ᠲᠤᠲᠤᠮ ᠣᠯᠠᠰᠢᠷᠠᠵᠠᠢ᠃ ᠭᠡᠪᠡᠴᠦ ᠡᠷᠲᠡ ᠦᠶ᠎ᠡ ᠵᠢᠨ ᠴᠠᠭᠠᠰᠤᠨ ᠵᠠᠬᠢᠶᠠᠯᠠᠭ᠎ᠠ ᠵᠢᠨ ᠪᠠᠷᠢᠮᠳᠠ ᠬᠡᠷ᠎ᠠ ᠵᠢᠨ ᠬᠢᠵᠠᠭᠠᠷᠯᠠᠬᠤ ᠬᠦᠴᠦᠨ ᠪᠠᠭᠤᠷᠠᠢ ᠪᠠᠢᠵᠤ᠂ ᠠᠵᠤ ᠦᠢᠯᠡᠰ ᠤ᠋ᠨ ᠠᠶᠤᠯ ᠲᠦᠭᠰᠢᠭᠦᠷᠢ ᠴᠠᠭ ᠢᠮᠠᠭᠲᠠ ᠨᠢᠭᠤᠭᠳᠠᠵᠤ ᠪᠠᠢᠭᠰᠠᠨ ᠢ᠋ ᠲᠡᠳᠡ ᠪᠡᠶ᠎ᠠ ᠪᠡᠷ ᠵᠢᠡᠨ ᠦᠩᠭᠡᠷᠡᠬᠦᠯᠦᠭᠡᠳ ᠰᠠᠶᠢ ᠮᠡᠳᠡᠭᠰᠡᠨ ᠶᠤᠮ᠃
2008 ᠣᠨ ᠳ᠋ᠤ᠂ ᠡᠮᠦᠨ᠎ᠠ ᠠᠢᠯ ᠲᠣᠰᠬᠣᠨ ᠤ᠋ 1000 ᠮᠦ᠍ ᠪᠥᠭᠡᠷᠡᠩᠬᠡᠢ ᠰᠣᠩᠭᠢᠨ᠎ᠠ ᠡᠯᠪᠡᠭ ᠬᠤᠷᠢᠶᠠᠯᠲᠠ ᠣᠯᠤᠭᠰᠠᠨ ᠪᠤᠯᠪᠠᠴᠤ ᠭᠡᠷ᠎ᠡ ᠲᠣᠭᠲᠠᠭᠰᠠᠨ ᠬᠤᠳᠠᠯᠳᠤᠭᠠᠴᠢᠨ ᠬᠠᠷᠢᠨ ᠬᠡᠷ᠎ᠠ ᠪᠠᠨ ᠵᠦᠷᠢᠴᠡᠪᠡ᠃ ᠭᠠᠵᠠᠷ ᠳᠦᠭᠦᠷᠡᠩ ᠪᠥᠭᠡᠷᠡᠩᠬᠡᠢ ᠰᠣᠩᠭᠢᠨ᠎ᠠ ᠣᠪᠣᠭᠠᠷᠠᠭᠠᠳ ᠪᠤᠷᠤᠯᠠᠭᠤᠯᠭ᠎ᠠ ᠵᠤᠭᠰᠤᠩᠭᠤᠢᠷᠠᠵᠤ᠂ ᠦᠵᠡᠲᠡᠯ᠎ᠡ ᠨᠢᠭᠡ ᠤᠯᠠᠷᠢᠯ ᠤ᠋ᠨ ᠬᠦᠴᠦ ᠬᠦᠯᠦᠰᠦ ᠲᠠᠷᠢᠶᠠᠨ ᠭᠠᠵᠠᠷ ᠲᠠᠭᠠᠨ ᠢᠯᠵᠢᠷᠡᠬᠦᠪᠤᠯᠤᠯᠠ᠃ ᠵᠠᠩ ᠰᠢᠶᠣᠣ ᠯᠢᠩ ᠲᠣᠰᠬᠣᠨ ᠤ᠋ ᠨᠠᠮ ᠤ᠋ᠨ ᠭᠡᠰᠢᠭᠦᠨ ᠺᠠᠳ᠋ᠷ ᠢ᠋ ᠵᠣᠬᠢᠶᠠᠨ ᠪᠠᠢᠭᠤᠯᠤᠨ ᠪᠥᠭᠡᠷᠡᠩᠬᠡᠢ ᠰᠣᠩᠭᠢᠨ᠎ᠠ ᠵᠢ ᠬᠡᠷ ᠲᠡᠭᠡᠨ ᠵᠥᠭᠡᠭᠡᠵᠦ᠂ ᠦᠪᠡᠷ ᠵᠢᠡᠨ ᠵᠤᠭᠤᠰ ᠵᠢᠬᠡᠯᠡᠨ ᠬᠡᠷ᠎ᠠ ᠳ᠋ᠤ ᠲᠤᠭᠳᠠᠭᠰᠠᠨ ᠦᠨ᠎ᠠ ᠬᠠᠩᠰᠢ ᠪᠡᠷ ᠵᠢᠩ ᠪᠦᠷᠢ ᠵᠢ 0.32 ᠲᠦᠬᠦᠷᠢᠭ ᠵᠢᠡᠷ ᠲᠤᠰᠬᠤᠨ ᠤ᠋ ᠠᠷᠠᠳ ᠡᠴᠡ ᠪᠠᠨ ᠬᠤᠳᠠᠯᠳᠤᠨ ᠠᠪᠴᠤ᠂ ᠳᠠᠬᠢᠨ 0.20 ᠲᠦᠬᠦᠷᠢᠭ ᠵᠢᠡᠷ ᠪᠡᠭᠡᠵᠢᠩ ᠤ᠋ᠨ ᠬᠤᠳᠠᠯᠳᠤᠭᠠᠴᠢᠨ ᠳ᠋ᠤ ᠪᠣᠷᠣᠯᠠᠭᠤᠯᠪᠠ᠃ ᠡᠨᠡ ᠤᠳᠠᠭ᠎ᠠ ᠲᠡᠷᠡ 11 ᠲᠦᠮᠡ ᠭᠠᠷᠤᠢ ᠲᠥᠭᠥᠷᠢᠭ ᠤ᠋ᠨ ᠠᠯᠳᠠᠭᠳᠠᠯ ᠢ᠋ ᠡᠭᠦᠷᠭᠡᠯᠡᠵᠦ᠂ ᠲᠤᠰᠬᠤᠨ ᠤ᠋ ᠪᠠᠨ ᠲᠠᠷᠢᠶᠠᠴᠢᠳ ᠤ᠋ᠨ ᠠᠰᠢᠭ᠋ ᠲᠤᠰᠠ ᠵᠢ ᠬᠠᠮᠤᠭ ᠤ᠋ᠨ ᠶᠡᠬᠡ ᠬᠡᠮᠵᠢᠶ᠎ᠡ ᠪᠡᠷ ᠬᠠᠮᠠᠭᠠᠯᠠᠵᠠᠢ᠃
《ᠳᠠᠩ ᠵᠢᠡᠷ ᠢᠷᠡᠬᠦ ᠵᠤᠪᠠᠯᠠᠩ ᠦᠬᠡᠢ ᠳᠠᠪᠬᠤᠷ ᠵᠢᠡᠷ ᠢᠷᠡᠬᠦ ᠵᠢᠷᠭᠠᠯ ᠦᠬᠡᠢ ᠬᠡᠳᠡᠭᠴᠢᠯᠡᠨ᠂ ᠳᠠᠷᠤᠭᠳᠠᠭᠰᠠᠨ ᠪᠦᠭᠡᠷᠡᠩᠬᠡᠢ ᠰᠣᠩᠭᠢᠨ᠎ᠠ ᠪᠠᠨ ᠰᠢᠢᠳᠪᠦᠷᠢᠯᠡᠬᠦ ᠬᠤᠭᠤᠴᠠᠭᠠᠨ ᠳ᠋ᠤ ᠬᠠᠳᠠᠮ ᠳᠡᠬᠦᠦ ᠲᠡᠷᠭᠡᠨ ᠡᠨᠳᠡᠯ ᠭᠠᠷᠴᠤ᠂ ᠬᠠᠳᠠᠮ ᠡᠮᠡᠭᠡ ᠨᠠᠰᠤ ᠪᠠᠷᠠᠵᠦ᠂ ᠨᠦᠬᠦᠷ ᠮᠢᠨᠢ ᠰᠡᠳᠬᠢᠯ ᠰᠠᠨᠠᠭᠠᠨ ᠤ᠋ ᠳᠠᠷᠤᠯᠳᠠ ᠵᠢ ᠳᠡᠰᠴᠤ ᠶᠠᠳᠠᠨ ᠠᠮᠢ ᠪᠠᠨ ᠬᠤᠤᠷᠯᠠᠬᠤ ᠪᠤᠳᠤᠯ ᠴᠦ᠍ ᠤᠷᠤᠵᠠᠢ᠃ ᠡᠨᠡ ᠪᠦᠬᠦᠨ ᠨᠢ ᠨᠠᠳᠠ ᠳ᠋ᠤ ᠨᠢᠭᠡ ᠯᠡ ᠳᠡᠭᠡᠷ᠎ᠠ ᠣᠯᠠᠨ ᠳᠠᠪᠬᠤᠷ ᠳᠠᠷᠤᠯᠲᠠ ᠠᠪᠴᠢᠷᠠᠵᠤ᠂ ᠪᠤᠰᠤᠳ ᠡᠴᠡ ᠳᠠᠯᠳᠠ ᠤᠬᠢᠯᠠᠵᠦ ᠪᠠᠢᠭᠰᠠᠨ》 ᠭᠡᠵᠤ ᠬᠡᠯᠡᠬᠦ ᠳ᠋ᠤ ᠵᠠᠩ ᠰᠢᠶᠤᠤ ᠯᠢᠩ ᠤ᠋ᠨ ᠭᠠᠰᠢᠭᠤᠨ ᠨᠢᠯᠪᠤᠰᠤ ᠬᠠᠮᠠᠷ ᠢ᠋ ᠨᠢ ᠬᠠᠪᠴᠢᠨ ᠤᠷᠤᠰᠴᠤ᠂ ᠰᠤᠨᠤᠰᠴᠦ ᠰᠠᠭᠤᠭᠰᠠᠨ ᠪᠢᠳᠡᠨ ᠴᠦ᠍ ᠦᠪᠡᠷ ᠤ᠋ᠨ ᠡᠷᠬᠡ ᠦᠬᠡᠢ ᠨᠢᠳᠦ ᠵᠠᠢᠷᠳᠤᠯᠠ᠃
2009 ᠣᠨ ᠳ᠋ᠤ᠂ ᠵᠠᠩ ᠰᠢᠶᠣᠣ ᠯᠢᠩ ᠡᠮᠦᠨ᠎ᠡ ᠠᠢᠯ ᠲᠣᠰᠬᠣᠨ ᠤ᠋ ᠢᠳᠡᠰᠢᠨ ᠨᠣᠭᠣᠭ᠎ᠠ ᠲᠠᠷᠢᠬᠤ ᠲᠤᠰᠬᠠᠢ ᠬᠤᠷᠰᠢᠶ᠎ᠠ ᠵᠢ ᠪᠠᠢᠭᠤᠯᠵᠤ᠂ ᠪᠠᠷᠢᠮᠲᠠ ᠬᠢᠬᠦ᠂ ᠭᠠᠢᠯᠢ ᠡᠴᠡ ᠬᠡᠯᠲᠦᠷᠢᠭᠦᠯᠬᠦ᠂ ᠬᠤᠳᠠᠯᠳᠤᠭᠠᠴᠢᠨ ᠢ᠋ ᠨᠢᠭᠡᠳᠦᠯᠲᠡᠢ ᠤᠷᠢᠵᠦ ᠬᠠᠮᠳᠤᠷᠠᠯᠴᠠᠬᠤ ᠵᠡᠷᠭᠡ ᠪᠣᠳᠠᠲᠠᠢ ᠬᠦᠴᠢᠷ ᠠᠰᠠᠭᠤᠳᠠᠯ ᠢ᠋ ᠨᠢᠬᠡᠳ ᠨᠢᠬᠡ ᠪᠡᠷ ᠰᠢᠢᠳᠪᠦᠷᠢᠯᠡᠵᠦ᠂ ᠪᠠᠰᠠ ᠢᠳᠡᠰᠢᠨ ᠨᠣᠭᠣᠭ᠎ᠠ ᠵᠢᠨ ᠠᠷᠠᠯᠵᠢᠶᠠᠨ ᠤ᠋ ᠵᠠᠬ᠎ᠠ ᠲᠠᠯᠬᠡᠬᠦᠷ ᠪᠠᠶ᠋ᠢᠭᠤᠯᠤᠨ᠂ ᠲᠠᠷᠢᠶᠠᠴᠢᠳ ᠤ᠋ᠨ ᠢᠳᠡᠰᠢᠨ ᠨᠣᠭᠣᠭ᠎ᠠ ᠪᠠᠨ ᠲᠠᠷᠠᠬᠠᠢ ᠪᠤᠲᠠᠷᠬᠠᠢ ᠪᠠᠷ ᠭᠠᠳᠠᠭ᠍ᠰᠢ ᠪᠣᠷᠣᠯᠠᠭᠤᠯᠬᠤ ᠪᠠᠢᠳᠠᠯ ᠢ᠋ ᠡᠴᠦᠰᠯᠡᠭᠦᠯᠵᠦ᠂《ᠰᠢᠶᠣᠣ ᠯᠢᠨ ᠲᠡᠮᠳᠡᠭᠲᠦ》 ᠢᠳᠡᠰᠢᠨ ᠨᠣᠭᠣᠭ᠎ᠠ ᠵᠢᠨ ᠲᠠᠸᠠᠷ ᠤ᠋ᠨ ᠲᠡᠮᠳᠡᠭ ᠢ᠋ ᠳᠠᠩᠰᠠᠯᠠᠭᠤᠯᠤᠨ ᠡᠮᠦᠨ᠎ᠡ ᠠᠢᠯ ᠲᠣᠰᠬᠣᠨ ᠤ᠋ ᠢᠳᠡᠰᠢᠨ ᠨᠣᠭᠣᠭ᠎ᠠ ᠵᠢ ᠪᠡᠭᠡᠵᠢᠩ᠂ ᠲᠢᠶᠠᠨᠵᠢᠨ᠂ ᠱᠠᠨᠳᠦ᠋ᠩ ᠳ᠋ᠤ ᠪᠣᠷᠣᠯᠠᠭᠤᠯᠵᠤ᠂ ᠨᠢᠭᠡ ᠪᠦᠯᠦᠭ ᠪᠦᠭᠡᠷᠡᠩᠬᠡᠢ ᠰᠣᠩᠭᠢᠨ᠎ᠠ ᠵᠢ ᠶᠠᠫᠤᠨ ᠪᠠ ᠺᠣᠷᠢᠶᠠ ᠵᠢᠨ ᠵᠠᠬ᠎ᠠ ᠳᠡᠯᠭᠡᠭᠦᠷ ᠲᠦ᠍ ᠭᠠᠷᠭᠠᠪᠠ᠃ 2022 ᠤᠨ ᠳ᠋ᠤ 1000 ᠲᠡᠭᠰᠢ ᠲᠦᠷᠪᠡᠯᠵᠢᠨ ᠮᠧᠲ᠋ᠷ ᠤ᠋ᠨ ᠳᠠᠯᠠᠪᠠᠢ ᠪᠦᠬᠦᠢ ᠲᠤᠭᠳᠠᠮᠠᠯ ᠲᠤᠯᠠᠭᠠᠨᠳᠦ ᠬᠦᠮᠦᠷᠭᠡ ᠪᠠᠢᠭᠤᠯᠵᠤ᠂ ᠭᠠᠳᠠᠭᠰᠢ ᠪᠤᠷᠤᠯᠠᠭᠤᠯᠬᠤ ᠢᠳᠡᠰᠢᠨ ᠨᠤᠭᠤᠭ᠎ᠠ ᠵᠢ ᠴᠡᠪᠡᠷ ᠰᠤᠷᠭᠤᠭ ᠵᠢᠡᠷ ᠨᠢ ᠬᠠᠳᠠᠭᠠᠯᠠᠬᠤ ᠨᠦᠬᠦᠴᠡᠯ ᠢ᠋ ᠪᠦᠷᠢᠯᠳᠦᠬᠦᠯᠵᠤ ᠠᠪᠴᠠᠢ᠃ ᠡᠨᠡ ᠬᠦ᠌ ᠰᠠᠭᠤᠷᠢᠨ ᠳᠡᠭᠡᠷ᠎ᠠ ᠢᠳᠡᠭᠡᠨ ᠤᠮᠳᠠᠭᠠᠨ ᠤ᠋ ᠠᠵᠤ ᠠᠬᠤᠢᠯᠠᠯ ᠢ᠋ ᠤᠷᠢᠨ ᠤᠷᠤᠭᠤᠯᠵᠦ᠂ ᠲᠤᠰᠬᠤᠨ ᠤ᠋ ᠢᠳᠡᠰᠢᠨ ᠨᠤᠭᠤᠭ᠎ᠠ ᠵᠢ ᠲᠤᠬᠠᠢ ᠵᠢᠨ ᠭᠠᠵᠠᠷ ᠲᠠᠭᠠᠨ ᠡᠳ᠋ᠰᠢᠬᠦᠯᠵᠦ ᠡᠬᠢᠯᠡᠪᠡ᠃
ᠡᠮᠤᠨ᠎ᠠ ᠠᠢᠯ ᠲᠤᠰᠬᠤᠨ ᠦᠷᠨᠢᠬᠦᠨ ᠬᠦᠭᠵᠢᠵᠤ᠂ ᠲᠤᠰᠬᠤᠨ ᠤ᠋ ᠠᠷᠠᠳ ᠪᠠᠶᠠᠵᠢᠯ ᠤ᠋ᠨ ᠵᠠᠮ ᠢ᠋ ᠡᠯᠬᠦᠯᠠ᠃ ᠬᠡᠪᠡᠴᠦ ᠵᠠᠩ ᠰᠢᠶᠣᠣ ᠯᠢᠩ ᠢᠳᠡᠰᠢᠨ ᠨᠤᠭᠤᠭ᠎ᠠ ᠳᠠᠷᠢᠬᠤ ᠵᠢ ᠪᠠᠷᠢᠮᠳᠠᠯᠠᠭᠰᠠᠭᠠᠷ ᠪᠦᠭᠡᠳ ᠰᠢᠨ᠎ᠡ ᠡᠭᠦᠯᠳᠡᠷ ᠢ᠋ ᠲᠤᠷᠰᠢᠨ ᠳᠠᠷᠢᠬᠤ ᠳ᠋ᠤ ᠵᠠᠪᠠᠯ ᠤᠷᠢᠳ ᠵᠢᠡᠷ ᠦᠪᠡᠷ ᠤ᠋ᠨ ᠭᠠᠵᠠᠷ ᠲᠠᠭᠠᠨ ᠳᠠᠷᠢᠵᠦ᠂ ᠪᠦᠳᠦᠭᠰᠡᠨ ᠬᠤᠢᠨ᠎ᠠ ᠰᠠᠶᠢ ᠲᠤᠰᠬᠤᠨ ᠤ᠋ ᠠᠷᠠᠳ ᠲᠠᠭᠠᠨ ᠦᠭᠴᠦ ᠳᠠᠷᠢᠭᠤᠯᠬᠤ ᠵᠢ ᠪᠠᠷᠢᠮᠲᠠᠯᠠᠭᠰᠠᠭᠠᠷ᠂ ᠲᠡᠷᠡ ᠮᠦᠷᠳᠡᠬᠡᠨ ᠲᠣᠰᠬᠣᠨ ᠤ᠋ ᠠᠷᠠᠳ ᠲᠦ᠍ ᠴᠢᠬᠢ ᠪᠣᠢᠵᠢᠭᠤᠯᠬᠤ᠂ ᠠᠷᠠᠴᠢᠯᠠᠵᠦ ᠬᠠᠮᠠᠭᠠᠯᠠᠬᠤ᠂ ᠡᠪᠡᠳᠴᠢᠨ ᠬᠣᠷᠣᠬᠠᠢ ᠵᠢᠨ ᠬᠥᠨᠥᠭᠡᠯ ᠢ᠋ ᠰᠡᠷᠭᠡᠢᠯᠡᠨ ᠵᠠᠰᠠᠬᠤ ᠮᠡᠷᠭᠡᠵᠢᠯ ᠢ᠋ ᠪᠡᠶᠡᠴᠢᠯᠡᠨ ᠤᠯᠠᠮᠵᠢᠯᠠᠭᠰᠠᠭᠠᠷ᠃
《ᠢᠳᠡᠰᠢᠨ ᠨᠣᠭᠣᠭ᠎ᠠ ᠳᠠᠷᠢᠭ᠍ᠰᠠᠨ ᠤ᠋ ᠳᠠᠷᠠᠭ᠎ᠠ 1 ᠮᠦ᠍ ᠲᠠᠷᠢᠶᠠᠨ ᠭᠠᠵᠠᠷ ᠤ᠋ᠨ ᠣᠷᠣᠯᠭ᠎ᠠ 8000 ᠲᠥᠭᠥᠷᠢᠭ ᠲᠦ᠍ ᠬᠦᠷᠴᠦ ᠬᠡᠳᠦᠨ ᠳᠠᠬᠢᠨ ᠵᠢᠡᠷ ᠨᠡᠮᠡᠭᠳᠡᠵᠡᠢ》 ᠭᠡᠵᠦ ᠡᠮᠤᠨ᠎ᠠ ᠠᠢᠯ ᠲᠣᠰᠬᠣᠨ ᠤ᠋ ᠲᠠᠷᠢᠶᠠᠴᠢᠨ ᠪᠠᠢ ᠠᠢ ᠬᠤᠸᠠ ᠪᠠᠶᠠᠷᠳᠠᠢ ᠬᠡᠯᠡᠨ᠎ᠠ᠃ ᠲᠣᠰᠬᠣᠨ ᠤ᠋ ᠠᠷᠠᠳ ᠯᠢ ᠵᠢᠦᠢ ᠪᠦᠦ ᠢᠳᠡᠰᠢᠨ ᠨᠣᠭᠣᠭ᠎ᠠ ᠲᠠᠷᠢᠨ ᠵᠢᠯ ᠪᠦᠷᠢ ᠲᠣᠭᠲᠠᠭᠤᠨ ᠣᠷᠣᠯᠭ᠎ᠠ ᠣᠯᠵᠤ ᠂ ᠪᠠᠶᠠᠨ ᠴᠢᠨᠡᠬᠡᠯᠢᠭ ᠠᠮᠢᠳᠤᠷᠠᠯ ᠵᠢᠡᠨ ᠴᠤᠭᠴᠠᠯᠠᠵᠤ ᠶᠠᠪᠤᠨ᠎ᠠ᠃《ᠮᠠᠨ ᠤ᠋ ᠡᠨᠳᠡᠬᠢ ᠤᠰᠤ ᠴᠡᠪᠡᠷ ᠪᠦᠬᠡᠳ ᠬᠦᠢᠴᠡᠳ᠂ ᠨᠠᠷᠠᠨ ᠤ᠋ ᠲᠤᠰᠤᠯᠳᠠ ᠰᠠᠢᠨ᠂ ᠬᠦᠷᠦᠰᠦ ᠰᠢᠮ᠎ᠠ ᠲᠠᠢ᠂ ᠲᠠᠷᠢᠵᠤ ᠬᠤᠷᠢᠶᠠᠭᠰᠠᠨ ᠢᠳᠡᠰᠢᠨ ᠨᠤᠭᠤᠭ᠎ᠠ ᠵᠢᠨ ᠠᠮᠳᠠ ᠰᠢᠮ᠎ᠠ ᠰᠠᠢᠨ᠃ ᠡᠨᠡ ᠵᠢᠯ ᠬᠦᠯᠡᠮᠵᠢ ᠳ᠋ᠡᠭᠡᠨ ᠥᠷᠭᠡᠰᠦᠲᠦ ᠬᠡᠮᠬᠡ ᠲᠠᠷᠢᠭᠠᠳ 3 ᠲᠦᠮᠡᠨ ᠲᠥᠭᠥᠷᠢᠭ ᠤ᠋ᠨ ᠤᠷᠤᠯᠭ᠎ᠠ ᠤᠯᠤᠯ᠎ᠠ》 ᠭᠡᠵᠦ ᠯᠢ ᠵᠢᠦᠢ ᠪᠦᠦ ᠬᠡᠯᠡᠨ᠎ᠠ᠃
ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠠᠵᠤ ᠦᠢᠯᠡᠰ ᠤ᠋ᠨ ᠬᠦᠭᠵᠢᠯᠳᠡ ᠵᠢ ᠳᠠᠭᠠᠯᠳᠤᠨ ᠤᠳᠤ ᠡᠮᠦᠨ᠎ᠡ ᠠᠢᠯ ᠲᠣᠰᠬᠣᠨ ᠳ᠋ᠤ 500 ᠭᠠᠷᠤᠢ ᠨᠡᠷᠡᠨ ᠤ᠋ ᠭᠡᠷᠡᠯ ᠤ᠋ᠨ ᠬᠦᠯᠡᠮᠵᠢ ᠲᠠᠢ ᠪᠤᠯᠵᠤ᠂ ᠴᠢᠨᠵᠦᠦ᠂ ᠲᠥᠪᠡᠳ ᠬᠠᠰᠢ᠂ ᠦᠵᠦᠮ᠂ ᠦᠷᠭᠡᠰᠦᠳᠦ ᠬᠡᠮᠬᠡ᠂ ᠴᠠᠭᠠᠨ ᠨᠤᠭᠤᠭ᠎ᠠ ᠵᠡᠷᠬᠡ ᠵᠢ ᠲᠠᠷᠢᠵᠤ᠂ ᠨᠢᠬᠡ ᠬᠦᠯᠡᠮᠵᠢ ᠵᠢᠨ ᠵᠢᠯ ᠤ᠋ᠨ ᠣᠷᠣᠯᠭ᠎ᠠ 6 — 7 ᠲᠦᠮᠡᠨ ᠲᠥᠭᠥᠷᠢᠭ ᠲᠦ᠍ ᠬᠦᠷᠴᠤ ᠪᠠᠢᠨ᠎ᠠ᠃ ᠢᠳᠡᠰᠢᠨ ᠨᠤᠭᠤᠭ᠎ᠠ ᠵᠢᠨ ᠠᠵᠤ ᠦᠢᠯᠡᠰ ᠲᠦ᠍ ᠲᠦᠰᠢᠭᠯᠡᠨ ᠪᠠᠰᠠ ᠬᠦᠯᠡᠮᠵᠢ ᠳ᠋ᠤ ᠨᠤᠭᠤᠭ᠎ᠠ ᠵᠢᠮᠢᠰ ᠲᠡᠭᠦᠬᠦ᠂ ᠬᠥᠳᠡᠯᠮᠦᠷᠢ ᠳ᠋ᠤ ᠤᠷᠤᠯᠴᠠᠨ ᠪᠠᠶᠡᠴᠢᠯᠡᠨ ᠰᠤᠷᠤᠯᠴᠠᠬᠤ ᠵᠡᠷᠭᠡ ᠲᠠᠷᠢᠶᠠᠯᠠᠩ ᠰᠣᠶᠣᠯ ᠵᠢᠭᠤᠯᠴᠢᠯᠠᠯ ᠤ᠋ᠨ ᠠᠭᠤᠰᠤᠯᠴᠠᠭᠰᠠᠨ ᠡᠵᠡᠩᠨᠡᠯᠲᠡ ᠵᠢᠨ ᠬᠡᠯᠪᠡᠷᠢ ᠵᠢ ᠬᠥᠭᠵᠢᠭᠦᠯᠦᠭᠰᠡᠨ ᠵᠢᠡᠷ ᠡᠮᠦᠨ᠎ᠡ ᠠᠢᠯ ᠲᠤᠰᠬᠤᠨ ᠤᠷᠢᠳ ᠬᠤᠵᠢᠳ 《ᠪᠦᠬᠦ ᠤᠯᠤᠰ ᠤ᠋ᠨ ᠪᠤᠯᠪᠠᠰᠤᠨ ᠲᠤᠰᠬᠤᠨ》᠂ 《ᠲᠤᠮᠳᠠᠳᠦ ᠤᠯᠤᠰ ᠤ᠋ᠨ ᠦᠵᠡᠰᠬᠦᠯᠡᠩᠳᠦ ᠰᠠᠢᠬᠠᠨ ᠵᠤᠭ᠎ᠠ ᠰᠡᠯᠡᠬᠦᠴᠡᠯ ᠤ᠋ᠨ ᠲᠤᠰᠬᠤᠨ》᠂ 《ᠪᠦᠬᠦ ᠤᠯᠤᠰ ᠤ᠋ᠨ ᠬᠦᠳᠡᠭᠡ ᠲᠤᠰᠬᠤᠨ ᠢ᠋ ᠬᠦᠭᠵᠢᠬᠦᠯᠦᠨ ᠮᠠᠨᠳᠤᠭᠤᠯᠬᠤ ᠵᠢᠱ᠌ᠢᠶᠠ ᠦᠵᠡᠬᠦᠯᠬᠦ ᠲᠤᠰᠬᠤᠨ》 ᠵᠡᠷᠭᠡ ᠤᠯᠠᠨ ᠢᠷᠠᠭᠤ ᠠᠯᠳᠠᠷ ᠢ᠋ ᠬᠦᠷᠳᠡᠵᠡᠢ᠃ 2025 ᠣᠨ ᠳ᠋ᠤ ᠲᠤᠰᠬᠤᠨ ᠤ᠋ ᠠᠷᠠᠳ ᠤ᠋ᠨ ᠬᠥᠮᠥᠨ ᠳᠤᠮᠳᠠᠴᠢ ᠵᠢᠨ ᠴᠡᠪᠡᠷ ᠣᠷᠣᠯᠭ᠎ᠠ 25525 ᠲᠥᠭᠥᠷᠢᠭ ᠲᠦ᠍ ᠬᠦᠷᠴᠦ᠂ ᠢᠳᠡᠰᠢᠨ ᠨᠤᠭᠤᠭ᠎ᠠ ᠵᠢᠨ ᠠᠵᠤ ᠦᠢᠯᠡᠰ ᠨᠢ ᠡᠷᠬᠢᠨ ᠲᠣᠭᠣᠷᠢᠨ ᠤ᠋ 5 ᠰᠢᠶᠠᠩ ᠪᠠᠯᠭᠠᠰᠤ ᠵᠢᠨ 12 ᠲᠣᠰᠬᠣᠨ ᠢ᠋ ᠨᠥᠯᠥᠭᠡᠯᠡᠨ ᠲᠠᠢᠴᠢᠯᠠᠵᠤ᠂ ᠡᠷᠬᠢᠨ ᠲᠣᠭᠣᠷᠢᠨ ᠤ᠋ ᠲᠠᠷᠢᠶᠠᠴᠢᠳ ᠴᠦ᠍ ᠢᠳᠡᠰᠢᠨ ᠨᠤᠭᠤᠭ᠎ᠠ ᠲᠠᠷᠢᠵᠤ᠂ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠠᠵᠤ ᠦᠢᠯᠡᠰ ᠤ᠋ᠨ ᠬᠦᠭᠵᠢᠯᠳᠡ ᠵᠢᠨ ᠦᠷ᠎ᠠ ᠠᠰᠢᠭ ᠢ᠋ ᠬᠠᠮᠲᠤ ᠪᠠᠷ ᠬᠦᠷᠳᠡᠵᠤ ᠪᠠᠢᠨ᠎ᠠ᠃
ᠤᠳᠤ ᠤᠯᠠᠭᠠᠨᠴᠠᠪᠬᠣᠲᠠ ᠵᠢᠨ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠵᠢᠯ ᠤ᠋ᠨ ᠲᠠᠷᠢᠮᠠᠯ ᠤ᠋ᠨ ᠲᠠᠯᠠᠪᠠᠶ 6000 ᠲᠦᠮᠡᠨ ᠮᠦ᠍ ᠳ᠋ᠤ ᠲᠤᠭᠳᠠᠪᠤᠷᠢᠵᠢᠨ᠂ ᠶᠡᠷᠦᠩᠬᠡᠢ ᠤᠨᠠᠯᠲᠠ ᠨᠢ ᠪᠠᠷᠤᠭ 230 ᠲᠦᠮᠡᠨ ᠲᠣᠨ ᠬᠦᠷᠴᠦ᠂ ᠬᠤᠷᠢᠶᠠᠭᠰᠠᠨ ᠢᠳᠡᠰᠢᠨ ᠨᠤᠭᠤᠭ᠎ᠠ ᠨᠢ ᠪᠦᠬᠦ ᠤᠯᠤᠰ ᠤ᠋ᠨ 20 ᠭᠠᠷᠤᠢ ᠮᠤᠵᠢ ᠬᠤᠳᠠ ᠣᠷᠣᠨ ᠳ᠋ᠤ ᠪᠣᠷᠤᠯᠠᠭᠤᠯᠤᠭᠳᠠᠵᠤ ᠪᠠᠢᠨ᠎ᠠ᠃ ᠳᠤᠭᠤᠢ ᠲᠡᠷᠭᠡ ᠪᠡᠷ ᠢᠳᠡᠰᠢᠨ ᠨᠣᠭᠣᠭ᠎ᠠ ᠪᠠᠨ ᠠᠴᠢᠨ ᠬᠤᠳᠠᠯᠳᠤᠵᠦ ᠪᠠᠢᠭᠰᠠᠨᠬᠦᠴᠢᠷᠳᠡᠯ᠂ ᠪᠣᠷᠤᠯᠠᠭᠤᠯᠭ᠎ᠠ ᠵᠣᠭᠰᠣᠩᠭᠤᠢᠷᠠᠵᠤ ᠠᠯᠳᠠᠭᠳᠠᠯ ᠳ᠋ᠤ ᠤᠴᠠᠷᠠᠭᠰᠠᠨ ᠲᠦᠪᠡᠭᠳᠡᠯ᠂ ᠬᠦᠯᠡᠮᠵᠢ ᠡᠩᠨᠡᠷᠡᠨ ᠬᠤᠳᠠᠯᠳᠤᠭᠠᠴᠢᠨ ᠴᠤᠭᠯᠠᠷᠠᠭᠰᠠᠨ ᠬᠦᠷ ᠬᠦᠭᠵᠢᠶᠡᠨᠳᠦ ᠪᠠᠢᠳᠠᠯ᠂ ᠢᠳᠡᠰᠢᠨ ᠨᠤᠭᠤᠭ᠎ᠠ ᠲᠠᠷᠢᠵᠤ ᠤᠷᠤᠯᠭ᠎ᠠ ᠪᠠᠨ ᠨᠡᠮᠡᠭᠳᠡᠬᠦᠯᠦᠭᠰᠡᠨ ᠪᠠᠶᠠᠷ ᠵᠢᠷᠭᠠᠯᠳᠤ ᠠᠮᠢᠳᠤᠷᠠᠯ ᠁ ᠵᠠᠩ ᠰᠢᠶᠣᠣ ᠯᠢᠩ ᠬᠢᠬᠡᠳ ᠡᠮᠦᠨ᠎ᠡ ᠠᠢᠯ ᠲᠣᠰᠬᠣᠨ ᠤ᠋ ᠤᠯᠠᠨ ᠲᠦᠮᠡᠨ ᠤ᠋ ᠴᠦᠬᠦᠷᠡᠰᠢ ᠦᠬᠡᠢ ᠴᠢᠷᠮᠠᠢᠯᠭ᠎ᠠ ᠨᠢ ᠤᠯᠠᠭᠠᠨᠴᠠᠪᠬᠤᠳᠠ ᠵᠢᠨ ᠬᠦᠢᠲᠡᠨ ᠰᠡᠷᠢᠭᠦᠨ ᠤᠷᠤᠨ ᠤ᠋ ᠢᠳᠡᠰᠢᠨ ᠨᠣᠭᠣᠭ᠎ᠠ ᠵᠢᠨ ᠠᠵᠤ ᠦᠢᠯᠡᠰ ᠤ᠋ᠨ ᠬᠥᠭᠵᠢᠯᠲᠡ ᠳ᠋ᠤ ᠤᠷᠤᠯᠠᠭᠤᠯᠵᠤ ᠪᠤᠯᠤᠰᠢ ᠦᠬᠡᠢ ᠴᠢᠬᠤᠯᠠ ᠦᠢᠯᠡᠳᠤᠯ ᠦᠵᠡᠬᠦᠯᠦᠭᠰᠡᠨ ᠨᠢ ᠢᠯᠡᠬᠡᠨ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃