ᠲᠡᠷᠢᠭᠦᠨ ᠨᠢᠭᠤᠷ>ᠰᠢᠨ᠎ᠡ ᠬᠦᠳᠡᠭᠡ>ᠬᠥᠳᠡᠭᠡ ᠨᠣᠳᠣᠭ

2026-11-14 13:39:22

ᠵᠣᠬᠢᠶᠠᠭ᠍ᠴᠢ᠄ ᠵᠧᠩ ᠰᠢᠦᠸᠠᠢ ᠯᠢᠶᠠᠩ ᠣᠩᠱᠢᠭ᠍ᠰᠠᠨ ᠣᠳᠠᠭ᠎ᠠ᠄ 3

11 ᠰᠠᠷ᠎ᠠ ᠶ᠋ᠢᠨ 2᠎ᠤ᠋ᠨ ᠡᠳᠦᠷ᠂ ᠴᠡᠯᠡᠭᠡᠷ ᠲᠠᠯ᠎ᠠ ᠬᠦᠨ ᠨᠠᠮᠤᠷ᠎ᠤᠨ ᠰᠢᠷᠭᠠᠯ ᠦᠩᠭᠡ ᠪᠡᠷ ᠰᠢᠵᠢᠷᠳᠦᠨ᠎ᠡ᠃ ᠰᠡᠷᠢᠬᠦᠨ ᠰᠠᠯᠬᠢ ᠡᠪᠡᠰᠦᠨ᠎ᠤ ᠦᠵᠦᠬᠦᠷ᠎ᠢ ᠢᠯᠪᠢᠬᠦᠶ᠎ᠡ ᠨᠢᠭᠡᠨ ᠪᠦᠵᠤᠩ ᠲᠠᠤᠯᠠᠢ ᠪᠤᠯᠳᠠᠰᠬᠢᠨ ᠭᠠᠷᠴᠤ ᠢᠷᠡᠭᠡᠳ᠂ ᠨᠢᠳᠦ ᠢᠷᠮᠡᠬᠦ ᠵᠢᠨ ᠵᠠᠭᠤᠷ᠎ᠠ ᠵᠠᠮ᠎ᠤᠨ ᠬᠠᠵᠠᠭᠤ᠎ᠳᠠᠬᠢ ᠰᠥᠭᠡᠭ᠎ᠲᠦ ᠰᠢᠷᠭᠤᠨ ᠣᠷᠣᠪᠠ᠃ ᠮᠣᠳᠣᠨ ᠬᠦᠬᠦᠷᠭᠡᠨ ᠵᠠᠮ  ᠵᠢᠡᠷ ᠰᠡᠯᠡᠬᠦᠴᠡᠨ ᠠᠯᠬᠤᠯᠠᠬᠤ  ᠬᠦᠮᠦᠰ᠎ᠤᠨ  ᠵᠠᠷᠢᠮ ᠨᠢ ᠭᠠᠷ ᠤᠲᠠᠰᠤ᠎ᠪᠡᠷ᠎ᠶ᠋ᠢᠨᠨ ᠬᠤᠯᠠ ᠵᠢᠨ ᠠᠭᠤᠯᠠ᠎ᠶᠢ ᠰᠡᠭᠦᠳᠡᠷᠯᠡᠵᠦ᠂ ᠵᠠᠷᠢᠮ ᠨᠢ  ᠬᠡᠭᠡᠷ᠎ᠡ᠎ᠶᠢᠨ ᠴᠡᠴᠡᠭ᠎ᠢ ᠲᠡᠭᠦᠨ᠎ᠠ᠃ ᠠᠷᠪᠠ ᠭᠠᠷᠤᠢ ᠵᠢᠯ᠎ᠦᠨ ᠡᠮᠦᠨ᠎ᠡ ᠡᠨᠡ ᠬᠡᠰᠡᠭ ᠭᠠᠵᠠᠷ ᠲᠸ᠋ ᠡᠯᠡᠰᠦ ᠰᠢᠷᠤᠢ ᠲᠡᠭᠳᠡᠨ ᠵᠠᠮ ᠮᠦᠷ ᠲᠤᠳᠤ ᠬᠠᠷᠠᠭᠳᠠᠬᠤ ᠦᠭᠡᠢ ᠪᠠᠢᠪᠠ᠃

10 ᠰᠠᠷ᠎ᠠ᠎ᠶᠢᠨ 16 ᠤ᠋ ᠡᠳᠦᠷ᠂ ᠶᠡᠷᠦᠩᠬᠡᠢ ᠱᠦᠵᠢ ᠰᠢ᠎ᠶᠢᠨ ᠫᠢᠩ ᠤᠯᠠᠭᠠᠨᠴᠠᠪ ᠬᠣᠲᠠ᠎ᠳᠤ ᠰᠢᠨᠵᠢᠯᠡᠨ ᠪᠠᠢᠴᠠᠭᠠᠯᠳᠠ ᠬᠢᠪᠡ᠃ ᠬᠢᠬᠢᠷᠢ᠎ᠶᠢᠨ ᠨᠠᠭᠤᠷ᠎ᠤᠨ ᠪᠠᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠳᠤ ᠶᠡᠷᠦᠩᠬᠡᠢ ᠱᠦᠵᠢ  ᠨᠤᠭᠤ ᠭᠠᠵᠠᠷ᠎ᠢ ᠬᠠᠮᠠᠭᠠᠯᠠᠬᠤ᠎ᠶᠢᠨ ᠡᠷᠬᠢᠮ ᠨᠢ ᠤᠩᠭᠤᠨ ᠪᠠᠢᠭᠠᠯᠢ ᠵᠢᠨ ᠠᠮᠢ ᠠᠬᠤᠢ᠎ᠶᠢ ᠪᠠᠲᠤᠯᠠᠬᠤ᠎ᠳᠤ ᠪᠤᠢ᠃ ᠪᠠᠢᠭᠠᠯᠢ᠎ᠶᠢ ᠬᠦᠨᠳᠦᠳᠬᠡᠬᠦ᠂ ᠪᠠᠢᠭᠠᠯᠢ᠎ᠲᠠᠢ ᠵᠣᠬᠢᠴᠠᠬᠤ᠂ ᠪᠠᠢᠭᠠᠯᠢ᠎ᠶᠢ ᠬᠠᠮᠠᠭᠠᠯᠠᠬᠤ᠎ᠶᠢ ᠪᠠᠷᠢᠮᠲᠠᠯᠠᠵᠤ᠂ ᠨᠤᠭᠤ ᠭᠠᠵᠠᠷ᠎ᠢ ᠬᠠᠮᠠᠭᠠᠯᠠᠬᠤ ᠬᠠᠤᠯᠢ᠎ᠶᠢ ᠪᠦᠬᠦ ᠲᠠᠯ᠎ᠠ᠎ᠪᠠᠷ ᠬᠡᠷᠡᠭᠵᠢᠭᠦᠯᠵᠦ᠂ ᠠᠮᠢ ᠠᠬᠤᠢ᠎ᠶᠢᠨ ᠬᠠᠮᠠᠭᠠᠯᠠᠯᠲᠠ᠎ᠶᠢᠨ ᠬᠤᠷᠢᠭ᠎ᠠ ᠱᠤᠭᠤᠮ᠎ᠢ ᠴᠢᠩᠭ᠎ᠠ ᠰᠠᠬᠢᠵᠤ᠂ ᠠᠮᠢ ᠠᠬᠤᠢ᠎ᠶᠢᠨ ᠰᠢᠰᠲ᠋ᠸᠮ᠎ᠤᠨ ᠶᠠᠰᠤ ᠴᠢᠨᠠᠷ ᠪᠣᠯᠣᠨ ᠲᠣᠭᠲᠠᠪᠤᠷᠢᠲᠤ ᠴᠢᠨᠠᠷ᠎ᠢ ᠬᠦᠴᠦᠯᠡᠨ ᠳᠡᠭᠡᠭᠰᠢᠯᠡᠭᠦᠯᠵᠦ᠂ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠢ ᠬᠠᠮᠠᠭᠠᠯᠠᠬᠤ ᠬᠡᠷᠡᠭᠲᠡᠢ ᠭᠡᠵᠦ ᠴᠢᠬᠤᠯᠠᠴᠢᠯᠠᠪᠠ᠃

ᠬᠢᠬᠢᠷᠢ᠎ᠶᠢᠨ ᠨᠠᠭᠤᠷ᠎ᠠᠴᠠ ᠪᠠᠷᠠᠭᠤᠨᠰᠢ 100  ᠭᠠᠷᠤᠢ ᠺᠢᠯᠦᠮᠸᠲᠷ᠂ ᠮᠦᠨ ᠮᠤᠨᠢ ᠠᠭᠤᠯᠠ ᠵᠢᠨ ᠡᠮᠦᠨ᠎ᠡ ᠬᠣᠷᠮᠣᠢ᠎ᠳᠤ᠂ ᠬᠥᠬᠡᠬᠣᠲᠠ᠎ᠶᠢᠨ ᠳᠠᠯᠠᠨ ᠬᠠᠷ᠎ᠠ ᠠᠭᠤᠯᠠ᠎ᠶᠢᠨ ᠡᠮᠦᠨ᠎ᠡ ᠪᠡᠯ 14 ᠵᠢᠯ᠎ᠤᠨ ᠦᠢᠯᠡᠳᠦᠯᠭᠡ ᠪᠡᠷ ᠬᠠᠷᠢᠭᠤᠯᠳᠠ ᠦᠭᠴᠡᠢ᠃

2012 ᠣᠨ᠎ᠳᠤ᠂ ᠬᠥᠬᠡᠬᠣᠲᠠ ᠳᠠᠯᠠᠨ ᠬᠠᠷ᠎ᠠ ᠠᠭᠤᠯᠠ᠎ᠶᠢᠨ ᠡᠮᠦᠨ᠎ᠡ ᠪᠡᠯ᠎ᠤᠨ ᠠᠮᠢ ᠠᠬᠤᠢ᠎ᠶᠢᠨ ᠵᠠᠰᠠᠯᠲᠠ᠎ᠶᠢ ᠡᠬᠢᠯᠡᠭᠦᠯᠪᠡ᠃ ᠭᠡᠬᠦ ᠳ᠋ᠡᠭᠡᠨ ᠲᠤᠬᠠᠢ᠎ᠶᠢᠨ ᠭᠠᠵᠠᠷ᠎ᠤᠨ ᠬᠢᠨ  ᠰᠢᠷᠣᠢ ᠬᠥᠳᠡᠯᠭᠡᠬᠦ᠎ᠵᠢ ᠶᠠᠭᠠᠷᠠᠭᠰᠠᠨ ᠦᠭᠡᠢ᠂ ᠬᠠᠷᠢᠨ ᠤᠷᠢᠳ ᠵᠢᠡᠷ 《ᠡᠳ᠋ ᠬᠥᠷᠥᠩᠭᠡ》 ᠵᠢᠨ ᠪᠠᠢᠳᠠᠯ ᠵᠢᠡᠨ ᠵᠢᠭᠰᠠᠭᠠᠨ ᠪᠠᠢᠴᠠᠭᠠᠵᠠᠢ᠃ ᠮᠸᠨᠭ᠌ ᠼᠣᠣ ᠦᠷ᠎ᠡ᠎ᠶᠢᠨ ᠦᠢᠯᠡᠰ᠎ᠦᠨ ᠲᠥᠪ᠎ᠦᠨ ᠳᠡᠯᠭᠡᠨ ᠦᠵᠡᠭᠦᠯᠬᠦ ᠵᠢᠶᠠᠰᠠᠨ ᠳᠡᠭᠡᠷ᠎ᠡ ᠬᠡᠳᠦᠨ ᠮᠢᠩᠭᠠᠨ ᠰᠢᠯ ᠯᠣᠩᠬᠣᠨ᠎ᠳᠤ ᠡᠷᠬᠢᠨ ᠲᠣᠭᠣᠷᠢᠨ᠎ᠤ ᠠᠭᠤᠯᠠᠨ ᠲᠠᠯ᠎ᠠ᠎ᠠᠴᠠ ᠲᠡᠭᠦᠵᠦ ᠴᠤᠭᠯᠠᠭᠤᠯᠤᠭᠰᠠᠨ ᠨᠤᠲᠤᠭ᠎ᠤᠨ ᠡᠪᠡᠰᠦᠨ᠎ᠦ ᠦᠷ᠎ᠡ᠎ᠶᠢ ᠰᠠᠪᠠᠯᠠᠵᠤ ᠲᠠᠯᠪᠢᠵᠠᠢ; ᠮᠡᠷᠭᠡᠵᠢᠯ᠎ᠦᠨ ᠪᠦᠯᠬᠦᠮ᠎ᠤᠨ ᠬᠢᠨ 0.5 ᠲᠡᠭᠰᠢ ᠳᠥᠷᠪᠡᠯᠵᠢᠨ ᠺᠢᠯᠣᠮᠧᠲᠷ ᠵᠢᠡᠷ ᠨᠢᠭᠡᠴᠢ ᠪᠣᠯᠭᠠᠨ᠂ ᠬᠥᠷᠥᠰᠥᠨ᠎ᠦ ᠴᠢᠭᠢᠭ᠎ᠦᠨ ᠪᠠᠢᠳᠠᠯ᠂ ᠤᠰᠤᠨ᠎ᠤ ᠨᠥᠬᠥᠴᠡᠯ᠂ ᠤᠷᠭᠤᠮᠠᠯ᠎ᠤᠨ ᠪᠦᠷᠬᠦᠴᠡ᠎ᠶᠢ ᠵᠠᠳᠠᠯᠵᠤ᠂ 《ᠲᠣᠭᠲᠠᠭᠰᠠᠨ ᠡᠮ᠎ᠦᠨ ᠵᠣᠷ》 ᠭᠠᠷᠭᠠᠵᠤ ᠥᠭᠴᠡᠢ᠃

ᠬᠥᠷᠥᠰᠥ ᠰᠢᠷᠣᠢ᠎ᠶᠢ ᠰᠠᠢᠵᠢᠷᠠᠭᠤᠯᠬᠤ᠂ ᠤᠷᠭᠤᠮᠠᠯ᠎ᠤᠨ ᠪᠦᠷᠬᠦᠴᠡ᠎ᠶᠢ ᠲᠠᠬᠢᠨ ᠪᠠᠶ᠋ᠢᠭᠤᠯᠬᠤ᠂ ᠤᠶᠤᠨᠴᠢ᠎ᠪᠡᠷ ᠤᠰᠤᠯᠠᠬᠤ᠂ ᠦᠷ᠎ᠡ᠎ᠶᠢ ᠬᠡᠳᠦᠨ ᠠᠷᠪᠠᠨ ᠺᠢᠯᠣᠮᠧᠲᠷ᠎ᠦᠨ ᠴᠠᠭᠠᠨᠠᠬᠢ ᠬᠡᠭᠡᠷ᠎ᠡ ᠲᠠᠯ᠎ᠠ᠎ᠠᠴᠠ ᠰᠣᠩᠭᠣᠬᠤ ᠁ ᠬᠠᠷᠠᠴᠢᠨ ᠭᠤᠤ᠂ ᠬᠠᠷᠠᠭᠠᠨ᠎ᠠ ᠭᠤᠤ᠎ᠶᠢᠨ 10 ᠭᠠᠷᠤᠢ ᠲᠦᠮᠡᠨ ᠲᠡᠭᠰᠢ ᠳᠥᠷᠪᠡᠯᠵᠢᠨ ᠮᠧᠲᠷ᠎ᠦᠨ ᠨᠢᠴᠦᠭᠦᠨ ᠠᠭᠤᠯᠠ ᠢᠳᠡᠭ ᠢᠳᠡᠭ᠎ᠢᠶᠡᠷ ᠨᠤᠭᠤᠭᠠᠷᠠᠪᠠ᠃ ᠡᠨᠡ 14 ᠵᠢᠯ᠎ᠦᠨ ᠬᠤᠭᠤᠴᠠᠭᠠᠨ᠎ᠳᠤ ᠬᠥᠬᠡᠬᠣᠲᠠ᠎ᠶᠢᠨ ᠰᠢᠨ᠎ᠡ ᠬᠤᠲᠠ ᠲᠣᠭᠣᠷᠢᠭ᠋ 《ᠭᠤᠷᠪᠠᠨ ᠪᠦᠰᠡ ᠨᠢᠭᠡ ᠲᠣᠭᠣᠷᠢᠭ᠋》᠎ᠤ᠋ᠨ ᠵᠠᠭᠪᠤᠷ᠎ᠢᠶᠠᠷ ᠵᠠᠰᠠᠯᠲᠠ᠎ᠶᠢ ᠲᠦᠯᠬᠢᠨ ᠠᠬᠢᠭᠤᠯᠵᠤ᠂ ᠬᠤᠪᠠᠬᠠᠢ ᠠᠭᠤᠯᠠ᠎ᠶᠢ ᠨᠡᠢ᠍ᠢᠲᠡ 7.2 ᠲᠦᠮᠡᠨ ᠮᠦ᠍ ᠨᠣᠭᠣᠭᠠᠷᠠᠭᠤᠯᠵᠤ᠂ ᠮᠠᠭᠤᠳᠠᠭᠰᠠᠨ ᠨᠤᠲᠤᠭ ᠪᠡᠯᠴᠢᠭᠡᠷ᠎ᠢ 4.5 ᠲᠦᠮᠡᠨ ᠮᠦ᠍ ᠰᠡᠷᠭᠦᠭᠡᠵᠦ᠂ ᠤᠷᠭᠤᠮᠠᠯ᠎ᠤᠨ ᠪᠦᠷᠬᠦᠴᠡ ᠵᠢ 20% ᠬᠦᠷᠬᠦ ᠦᠭᠡᠢ ᠪᠠᠢᠭᠰᠠᠨ᠎ᠠᠴᠠ 85% ᠡᠴᠡ ᠳᠡᠭᠡᠭᠰᠢ ᠪᠤᠯᠭᠠᠵᠠᠢ᠃ ᠴᠡᠯᠡᠭᠡᠷ ᠲᠠᠯ᠎ᠠ 2020 ᠣᠨ᠎ᠳᠤ ᠤᠯᠤᠰ᠎ᠤᠨ ᠲᠠᠯ᠎ᠠ ᠨᠤᠳᠤᠭ᠎ᠤᠨ ᠪᠠᠢᠭᠠᠯᠢ᠎ᠶᠢᠨ ᠴᠡᠴᠡᠷᠯᠢᠭ᠎ᠦᠨ ᠲᠤᠷᠰᠢᠯᠲᠠ᠎ᠶᠢᠨ ᠴᠡᠭ ᠪᠤᠯᠵᠤ᠂ ᠪᠣᠷᠣ᠌ ᠭᠥᠷᠥᠭᠡᠰᠦ᠂ ᠵᠡᠭᠡᠷ᠎ᠡ ᠳᠠᠬᠢᠨ ᠤᠢ ᠰᠢᠭᠤᠢ᠎ᠳᠤ ᠬᠠᠷᠠᠬᠳᠠᠬᠤ  ᠪᠤᠯᠵᠤ᠂ ᠦᠨᠡᠭᠡ᠂ ᠮᠠᠩᠭᠢᠰᠤ᠂ ᠬᠡᠭᠡᠷ᠎ᠡ᠎ᠶᠢᠨ ᠲᠠᠤᠯᠠᠢ ᠪᠤᠲᠠ ᠰᠦᠭᠡᠭ᠂ ᠣᠶ ᠰᠢᠭᠤᠢ᠎ᠳᠤ ᠰᠠᠭᠤᠷᠢᠰᠢᠪᠠ᠃

ᠠᠮᠢ ᠠᠬᠤᠢ ᠰᠠᠢᠵᠢᠷᠠᠪᠠᠯ ᠰᠠᠶᠢ ᠠᠵᠤ ᠦᠢᠯᠡᠰ ᠬᠦᠴᠦᠷᠭᠡᠭᠵᠢᠨ᠎ᠡ᠃ ᠠᠭᠤᠯᠠᠨ᠎ᠲᠡᠭᠡᠷ᠎ᠡ ᠬᠠᠰᠤᠬᠤ ᠠᠷᠭ᠎ᠠ᠎ᠶᠢ ᠬᠡᠷᠡᠭᠯᠡᠵᠦ᠂ ᠠᠭᠤᠯᠠᠨ ᠳᠣᠣᠷ᠎ᠠ ᠨᠡᠮᠡᠬᠦ ᠠᠷᠭ᠎ᠠ᠎ᠶᠢ ᠬᠡᠷᠡᠭᠯᠡᠪᠡ᠃ ᠬᠠᠰᠤᠬᠤ ᠠᠷᠭ᠎ᠠ᠎ᠭᠡᠳᠡᠭ ᠨᠢ ᠪᠣᠬᠢᠷᠲᠤᠯ᠎ᠲᠠᠢ ᠠᠵᠤ ᠠᠬᠤᠢᠯᠠᠯ᠂ ᠲᠤᠭᠳᠠᠭᠠᠯ ᠡᠴᠡ ᠵᠦᠷᠢᠴᠡᠭᠰᠡᠨ ᠪᠠᠷᠢᠯᠭ᠎ᠠ ᠪᠠ ᠬᠡᠲᠦᠷᠡᠲᠡᠯ᠎ᠡ  ᠮᠠᠯᠵᠢᠬᠤ᠎ᠶᠢ ᠴᠢᠩᠭ᠎ᠠ ᠴᠠᠭᠠᠵᠠᠯᠠᠬᠤ ᠵᠢ ᠵᠢᠭᠠᠵᠤ᠂ ᠨᠡᠮᠡᠬᠦ ᠠᠷᠭ᠎ᠠ᠎ᠭᠡᠳᠡᠭ ᠨᠢ ᠠᠷᠠᠳ᠎ᠤᠨ ᠰᠠᠭᠤᠴᠠ᠂ ᠰᠡᠯᠡᠭᠦᠴᠡᠯ᠂ ᠤᠷᠤᠯᠳᠤᠭᠠᠨ᠎ᠤ ᠶᠠᠪᠤᠳᠠᠯ ᠪᠠ ᠵᠢᠭᠤᠯᠴᠢᠯᠠᠯ᠎ᠢ ᠰᠠᠢᠲᠤᠷ ᠬᠢᠬᠦ ᠵᠢ ᠵᠢᠭᠠᠵᠤ ᠪᠠᠢᠨ᠎ᠠ᠃ ᠠᠭᠤᠯᠠ ᠳᠠᠭᠠᠤ ᠪᠦᠳᠦᠭᠡᠨ ᠪᠠᠢᠭᠤᠯᠤᠭᠰᠠᠨ ᠴᠡᠯᠡᠭᠡᠷ ᠲᠠᠯ᠎ᠠ᠎ᠶᠢᠨ ᠠᠮᠢ ᠠᠬᠤᠢ ᠲᠠᠯ᠎ᠠ ᠨᠤᠲᠤᠭ᠎ᠤᠨ ᠵᠢᠭᠤᠯᠴᠢᠯᠠᠯ᠎ᠤᠨ ᠤᠷᠤᠨ ᠪᠦᠰᠡ᠎ᠶᠢᠨ ᠪᠦᠬᠦ ᠤᠷᠳᠤ ᠨᠢ ᠪᠠᠷᠤᠭ 110 ᠺᠢᠯᠦᠮᠸᠲᠷ ᠪᠠᠢᠵᠤ᠂ ᠢᠮᠠᠭᠠᠳᠦ᠎ᠶᠢᠨ ᠤᠢ ᠰᠢᠭᠤᠢ᠎ᠶᠢᠨ ᠴᠡᠴᠡᠷᠯᠢᠭ᠂ ᠱᠧᠩ ᠱᠦᠢ ᠯᠢᠶᠠᠩ᠂ ᠢᠦᠢ᠎ᠵᠢᠶᠠᠨ ᠦᠵᠡᠮᠦᠷᠢ᠎ᠶᠢᠨ ᠵᠢᠵᠢᠭ ᠪᠠᠯᠭᠠᠰᠤ᠂ ᠤᠪᠤᠭ᠎ᠠ ᠲᠣᠰᠬᠣᠨ ᠵᠡᠷᠭᠡ ᠵᠢ ᠨᠢᠭᠡ ᠱᠤᠭᠤᠮ ᠪᠣᠯᠭᠠᠨ ᠬᠣᠯᠪᠣᠭᠰᠠᠨ ᠪᠠᠢᠨ᠎ᠠ᠃ 2025 ᠣᠨ᠎ᠤ ᠬᠠᠪᠤᠷ ᠨᠡᠪᠲᠡᠷᠡᠭᠰᠡᠨ ᠵᠢᠭᠤᠯᠴᠢᠯᠠᠯ᠎ᠤᠨ ᠪᠢᠴᠢᠬᠠᠨ ᠭᠠᠯᠲᠤ ᠲᠡᠷᠭᠡ  ᠵᠢᠭᠤᠯᠴᠢᠯᠠᠭᠰᠠᠳ᠎ᠢ ᠲᠡᠭᠡᠭᠡᠵᠦ ᠲᠠᠯ᠎ᠠ ᠨᠤᠲᠤᠭ ᠪᠣᠯᠣᠨ ᠠᠢᠯ ᠲᠣᠰᠬᠣᠨ᠎ᠤ ᠳᠤᠮᠳᠠᠭᠤᠷ ᠠᠶᠠᠯᠠᠨ᠎ᠠ᠃ ᠢᠦᠢ ᠵᠢᠶᠠᠨ ᠪᠠᠯᠭᠠᠰᠤ ᠤᠤᠯ ᠨᠢ ᠨᠢᠭᠡᠨ ᠬᠠᠶᠠᠭᠳᠠᠮᠠᠯ ᠱᠦᠢᠨᠢ ᠬᠣᠭᠣᠯᠠᠢ᠎ᠶᠢᠨ ᠦᠢᠯᠡᠳᠪᠦᠷᠢ ᠪᠠᠢᠯ᠎ᠡ᠂ ᠦᠢᠯᠡᠳᠪᠦᠷᠢ᠎ᠶᠢᠨ ᠭᠡᠷ᠎ᠢ ᠰᠡᠯᠡᠭᠦᠴᠡᠯ᠎ᠤᠨ ᠭᠠᠵᠠᠷ ᠪᠣᠯᠭᠠᠨ ᠥᠭᠡᠷᠡᠴᠢᠯᠡᠵᠦ᠂ ᠤᠳᠤ ᠨᠢᠭᠡ ᠡᠳᠦᠷ᠎ᠲᠦ ᠬᠠᠮᠤᠭ ᠤᠯᠠᠨ ᠳ᠋ᠠᠭᠠᠨ 3000 ᠰᠢᠬᠠᠮ ᠬᠥᠮᠥᠨ ᠤᠳᠠᠭ᠎ᠠ ᠵᠢ ᠬᠦᠯᠢᠶᠡᠨ ᠠᠪᠴᠤ ᠵᠣᠴᠢᠯᠠᠵᠤ ᠪᠤᠢ᠃ ᠢᠮᠠᠭᠠᠳᠦ  ᠲᠣᠰᠬᠣᠨ᠎ᠤ ᠯᠢᠦ ᠽᠸᠩ ᠯᠢᠶᠠᠩ ᠤᠤᠯ ᠨᠢ ᠬᠤᠳᠠ᠎ᠶᠢᠨ ᠲᠣᠭᠣᠷᠢᠭ᠋᠎ᠤᠨ ᠭᠡᠷᠡᠯ ᠵᠢᠷᠤᠭ᠎ᠲᠠᠲᠠᠬᠤ ᠭᠠᠵᠠᠷ᠎ᠲᠤ ᠠᠵᠢᠯᠯᠠᠵᠤ ᠪᠠᠢᠵᠠᠢ᠂ ᠲᠠᠯ᠎ᠠ ᠨᠤᠲᠤᠭ ᠵᠢᠯ᠎ᠡᠴᠡ ᠵᠢᠯ ᠬᠦᠷ ᠬᠥᠭᠵᠢᠶᠡᠨ᠎ᠲᠠᠢ ᠪᠠᠢᠬᠤ᠎ᠶᠢ ᠬᠠᠷᠠᠭᠠᠳ ᠲᠣᠰᠬᠣᠨ᠎ᠳᠠᠭᠠᠨ ᠬᠠᠷᠢᠵᠤ ᠵᠢᠭᠤᠯᠴᠢᠯᠠᠯ᠎ᠤᠨ ᠬᠡᠷᠡᠯ ᠵᠢᠷᠤᠭ ᠲᠠᠳᠠᠬᠤ ᠡᠵᠡᠩᠨᠡᠯᠳᠡ ᠬᠢᠵᠦ᠂ ᠬᠥᠭᠵᠢᠶᠡᠨᠲᠡᠢ ᠤᠯᠠᠷᠢᠯ᠎ᠳᠤ ᠡᠳᠦᠷ᠎ᠲᠦ 20 ᠭᠠᠷᠤᠢ ᠬᠤᠪᠢ ᠰᠡᠭᠦᠳᠡᠷᠯᠡᠬᠦ ᠠᠵᠢᠯ ᠲᠤᠰᠳᠠᠭ᠃ ᠲᠤᠰᠬᠤ ᠲᠣᠰᠬᠣᠨ᠎ᠤ ᠲᠥᠬᠥᠭᠡᠷᠦᠮᠵᠢᠲᠦ ᠲᠠᠷᠢᠶᠠᠯᠠᠩ᠂ ᠤᠰᠤᠨ ᠲᠡᠭᠡᠷᠮ᠎ᠡ ᠲᠣᠰᠬᠣᠨ᠎ᠤ ᠶᠤᠤᠮᠠᠢ᠂ ᠢᠮᠠᠭᠠᠳᠦ ᠲᠣᠰᠬᠣᠨ᠎ᠤ ᠦᠵᠦᠮ ᠮᠡᠳᠦ ᠪᠡᠷ 《ᠨᠢᠭᠡ ᠲᠣᠰᠬᠣᠨ᠎ᠳᠤ ᠨᠢᠭᠡ ᠪᠦᠲᠦᠭᠡᠭᠳᠡᠬᠦᠨ》 ᠲᠠᠢ ᠪᠣᠯᠪᠠ᠃

ᠡᠳᠦᠭᠡ᠂ ᠰᠢᠨ᠎ᠡ ᠬᠤᠲᠠ ᠲᠣᠭᠣᠷᠢᠭ᠋᠎ᠤᠨ 24 ᠵᠠᠰᠠᠭ ᠵᠠᠬᠢᠷᠭᠠᠨ᠎ᠤ ᠲᠣᠰᠬᠣᠨ᠎ᠤ ᠬᠠᠮᠲᠤ᠎ᠶᠢᠨ ᠠᠵᠤ ᠠᠬᠤᠢ᠎ᠶᠢᠨ ᠵᠢᠯ᠎ᠦᠨ ᠣᠷᠣᠯᠭ᠎ᠠ ᠪᠦᠬᠦᠨ᠎ᠢᠶᠡᠷ᠎ᠢᠶᠡᠨ 20 ᠲᠦᠮᠡᠨ ᠲᠥᠭᠥᠷᠢᠭ᠎ᠢ ᠳᠠᠪᠠᠵᠤ᠂ ᠬᠠᠭᠠᠰ ᠨᠢ 《ᠵᠠᠭᠤᠨ ᠲᠦᠮᠡᠨ ᠲᠥᠭᠥᠷᠢᠭ》᠎ᠤ᠋ᠨ ᠡᠨᠭᠨᠡᠭᠡ᠎ᠳᠦ ᠲᠠᠪᠰᠢᠨ ᠣᠷᠣᠪᠠ᠃ ᠤᠰᠤᠨ ᠲᠡᠭᠡᠷᠮ᠎ᠡ ᠲᠣᠰᠬᠣᠨ᠎ᠤ ᠬᠤᠪᠢᠷᠠᠯᠲᠠ ᠨᠢ ᠨᠡᠩ ᠴᠤ᠌ ᠢᠯᠡᠳᠲᠠ ᠪᠣᠯᠵᠠᠢ᠃ 167 ᠡᠷᠦᠭᠡ᠂ 23 ᠠᠷᠠᠳ᠎ᠤᠨ ᠰᠠᠭᠤᠴᠠ᠂ 8 ᠡᠷᠦᠬᠡ ᠲᠠᠷᠢᠶᠠᠴᠢᠨ ᠠᠢᠯ᠎ᠤᠨ ᠵᠢᠭᠤᠯᠴᠢᠯᠠᠯ᠂ 6 ᠴᠠᠢ  ᠶ᠋ᠢᠨ ᠮᠤᠬᠤᠯᠠᠭ ᠡᠨᠳᠡ ᠰᠠᠭᠤᠷᠢᠰᠢᠪᠠ᠃ ᠲᠣᠰᠬᠣᠨ᠎ᠤ ᠠᠷᠠᠳ ᠯᠥᠸᠧ ᠯᠠᠨ ᡁᠢ 2016 ᠣᠨ᠎ᠳᠤ ᠨᠤᠲᠤᠭ᠎ᠲᠠᠭᠠᠨ ᠪᠤᠴᠠᠵᠦ᠂ ᠥᠪᠡᠷ᠎ᠦᠨ ᠵᠢᠵᠢᠭ ᠬᠦᠷᠢᠶ᠎ᠡ᠎ᠪᠡᠨ ᠲᠠᠷᠢᠶᠠᠴᠢᠨ ᠠᠢᠯ᠎ᠤᠨ ᠵᠢᠭᠤᠯᠴᠢᠯᠠᠯ ᠪᠣᠯᠭᠠᠪᠠ᠃ ᠲᠡᠷᠡ᠄《ᠥᠩᠭᠡᠷᠡᠭᠰᠡᠨ᠎ᠳᠦ ᠭᠠᠳᠠᠨ᠎ᠠ ᠬᠥᠯᠥᠰᠦᠨ ᠠᠵᠢᠯ ᠬᠢᠵᠦ ᠪᠠᠢᠬᠤ᠎ᠳᠦ  ᠵᠢᠯ᠎ᠤᠨ ᠤᠷᠤᠯᠭ᠎ᠠ 5 ᠲᠦᠮᠡᠨ ᠲᠥᠭᠥᠷᠢᠭ ᠴᠦ᠍ ᠬᠦᠷᠬᠦ ᠦᠭᠡᠢ ᠪᠠᠢᠪᠠ᠂ ᠤᠳᠤ ᠭᠡᠷ᠎ᠦᠨ ᠡᠭᠦᠳᠡᠨ᠎ᠳᠦ ᠪᠠᠨ  ᠵᠢᠯ ᠳ᠋ᠤ 8 ᠲᠦᠮᠡ ᠭᠠᠷᠤᠢ ᠲᠦᠬᠦᠷᠢᠭ᠎ᠤᠨ ᠤᠷᠤᠯᠭ᠎ᠠ ᠤᠯᠵᠤ᠂ ᠨᠠᠰᠤᠲᠠᠨ ᠪᠠ ᠬᠡᠦᠬᠡᠳ᠎ᠢᠶᠡᠨ ᠪᠦᠷ ᠬᠠᠷᠠᠭᠠᠯᠵᠠᠵᠤ ᠳᠡᠶ᠋ᠢᠯᠬᠦ ᠪᠣᠯᠵᠠᠢ》 ᠭᠡᠵᠦ ᠬᠡᠯᠡᠪᠡ᠃ ᠤᠳᠤ ᠤᠯᠠᠩᠬᠢ ᠲᠣᠰᠬᠣᠨ᠎ᠤ ᠠᠷᠠᠳ ᠵᠠᠯᠭᠠᠭ᠎ᠠ ᠪᠡᠷ ᠬᠠᠷᠢᠵᠤ  ᠢᠷᠡᠨ᠂ ᠵᠢᠭᠤᠯᠴᠢᠯᠠᠭᠰᠠᠳ᠎ᠤᠨ ᠲᠣᠭ᠎ᠠ 2021 ᠣᠨ᠎ᠳᠤ 50 ᠲᠦᠮᠡᠨ ᠬᠥᠮᠥᠨ ᠤᠳᠠᠭ᠎ᠠ᠎ᠠᠴᠠ 2025 ᠣᠨ᠎ᠳᠤ 150 ᠲᠦᠮᠡᠨ ᠬᠥᠮᠥᠨ ᠤᠳᠠᠭ᠎ᠠ᠎ᠳᠤ ᠬᠦᠷᠴᠡᠢ᠃ ᠬᠥᠬᠡᠬᠣᠲᠠ᠎ᠶᠢᠨ ᠠᠷᠠᠳ ᠵᠠᠩ ᠴᠢ ᠶᠤᠸᠠᠢ᠄《ᠡᠮᠦᠨ᠎ᠡ ᠬᠡᠳᠦᠨ ᠵᠢᠯ᠎ᠳᠦ ᠡᠨᠳᠡ ᠢᠷᠡᠬᠦ ᠳᠤᠷᠠᠲᠠᠢ ᠬᠥᠮᠥᠨ ᠪᠠᠢᠭᠰᠠᠨ ᠦᠭᠡᠢ᠂ ᠣᠲᠣ᠌ ᠡᠨᠳᠡᠬᠢ ᠨᠢ ᠨᠢᠭᠡᠨᠳᠡ ᠬᠡᠷ᠎ᠤᠨ ᠠᠷᠤ ᠵᠢᠨ ᠴᠡᠴᠡᠷᠯᠢᠭ ᠪᠤᠯᠴᠢᠬᠠᠵᠠᠢ᠂ ᠭᠠᠷᠠᠭ᠎ᠤᠨ ᠰᠡᠭᠦᠯᠴᠢ ᠪᠣᠯᠭᠠᠨ ᠪᠢᠳᠡ ᠪᠦᠷ ᠡᠨᠳᠡ ᠢᠷᠡᠵᠦ ᠲᠣᠭᠣᠷᠢᠨ ᠰᠡᠯᠡᠬᠦᠴᠡᠵᠦ ᠪᠠᠢᠨ᠎ᠠ》 ᠭᠡᠪᠡ᠃

ᠦᠳᠡᠰᠢ ᠵᠢᠨ ᠪᠦᠷᠦᠢ ᠪᠤᠯᠬᠤ ᠪᠡᠷ ᠪᠢᠴᠢᠬᠠᠨ ᠭᠠᠯᠲᠤ ᠲᠡᠷᠭᠡ ᠬᠠᠮᠤᠭ ᠰᠡᠭᠦᠯᠴᠢ᠎ᠶᠢᠨ ᠨᠢᠭᠡ ᠪᠦᠯᠦᠭ ᠵᠢᠭᠤᠯᠴᠢᠯᠠᠭᠰᠠᠳ᠎ᠵᠢᠡᠨ ᠳᠡᠭᠡᠭᠡᠵᠦ ᠡᠬᠢᠯᠡᠯᠲᠡ᠎ᠶᠢᠨ ᠴᠡᠭ᠎ᠲᠡᠬᠡᠨ ᠪᠤᠴᠠᠨ᠎ᠠ᠃ ᠠᠭᠤᠯᠠᠨ᠎ᠤ ᠰᠠᠯᠬᠢ ᠠᠭᠠᠵᠢᠮ᠎ᠢᠶᠠᠷ ᠵᠢᠭᠡᠬᠦᠨ ᠪᠤᠯᠵᠤ᠂ ᠤᠰᠤᠨ ᠲᠡᠭᠡᠷᠮ᠎ᠡ ᠲᠣᠰᠬᠣᠨ᠎ᠤ ᠳ᠋ᠧᠩ ᠬᠡᠷᠡᠯᠳᠦᠨ ᠠᠰᠠᠵᠤ᠂ ᠶᠤᠤᠮᠠᠢ᠎ᠶᠢᠨ ᠭᠤᠯᠢᠷ᠎ᠤᠨ ᠠᠩᠬᠢᠯᠤᠮ᠎ᠠ ᠦᠨᠦᠷ ᠠᠯᠤᠰ ᠬᠤᠯᠠ ᠬᠠᠩᠬᠤᠯᠤᠨ᠎ᠠ᠃ ᠯᠥᠸᠧ ᠯᠠᠨ ᡁᠢ ᠲᠤᠭᠤᠭᠠᠨ ᠭᠡᠷ᠎ᠲᠤ ᠪᠡᠨ ᠪᠤᠵᠢᠬᠢᠨᠠᠵᠤ᠂ ᠯᠢᠦ ᠽᠸᠩ ᠯᠢᠶᠠᠩ ᠭᠡᠷᠡᠯ ᠵᠢᠷᠤᠭ᠎ᠤᠨ ᠮᠠᠰᠢᠨ᠎ᠢᠶᠠᠨ ᠬᠤᠷᠢᠶᠠᠪᠠ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面