ᠲᠡᠷᠢᠭᠦᠨ ᠨᠢᠭᠤᠷ>ᠰᠢᠨ᠎ᠡ ᠬᠦᠳᠡᠭᠡ>ᠬᠥᠳᠡᠭᠡ ᠨᠣᠳᠣᠭ

2026-11-26 18:00:49

ᠵᠣᠬᠢᠶᠠᠭ᠍ᠴᠢ᠄ ᠬᠤᠤ ᠪᠢᠶᠣᠣ ᠣᠩᠱᠢᠭ᠍ᠰᠠᠨ ᠣᠳᠠᠭ᠎ᠠ᠄ 3

 ᠦᠬᠠᠢ ᠬᠤᠳᠠ ᠶ᠋ᠢᠨ ᠬᠠᠢᠷᠤᠪ ᠤ᠋ᠨ ᠲᠣᠬᠣᠢ ᠲᠣᠭᠣᠷᠢᠭ᠋ ᠤ᠋ᠨ ᠶᠢᠨ ᠬᠠᠢ ᠬᠤᠸᠠ ᠶᠤᠸᠠᠨ ᠰᠠᠭᠤᠭᠠᠯᠢ ᠲᠣᠭᠣᠷᠢᠭ᠋ ᠤ᠋ᠨ ᠠᠭᠤᠳᠠᠮ ᠲᠠᠯᠠᠪᠠᠢ ᠎ᠳᠤ᠂ ᠬᠦᠷᠰᠢ ᠰᠠᠭᠠᠬᠠᠯᠳᠠ ᠶ᠋ᠢᠨ ᠬᠢᠨ ᠴᠤᠭᠯᠠᠷᠠᠵᠠᠭᠠᠵᠤ   ᠵᠣᠭᠣᠭ ᠳᠡᠯᠭᠡᠵᠦ ᠪᠠᠢᠯ᠎ᠠ᠃ ᠰᠠᠶᠢᠬᠠᠨ ᠰᠠᠭᠤᠭᠠᠯᠢ ᠲᠣᠭᠣᠷᠢᠭ ᠵᠢᠡᠷ ᠵᠢᠡᠨ ᠲᠤᠭᠤᠷᠢᠵᠤ ᠪᠠᠢᠭᠰᠠᠨ ᠹᠧᠩ ᠢᠦᠢ ᠰᠢᠶᠠᠩ ᠨᠠᠰᠤᠲᠠᠨ ᠤᠷᠲᠤ ᠰᠠᠨᠳᠠᠯᠢ ᠳᠡᠭᠡᠷ᠎ᠡ ᠠᠭᠠᠵᠢᠮᠬᠠᠨ ᠰᠠᠭᠤᠵᠤ᠂《ᠤᠤᠯ ᠨᠢ ᠭᠡᠷ ᠵᠢᠡᠨ ᠨᠡᠭᠦᠯᠭᠡᠶ᠎ᠠ ᠭᠡᠵᠦ   ᠪᠣᠳᠣᠳᠠᠭ ᠪᠠᠢᠭᠰᠠᠨ᠂ ᠤᠳᠤ ᠦᠵᠡᠪᠡᠯ ᠡᠨᠳᠡ ᠰᠠᠭᠤᠬᠤ ᠨᠢ ᠪᠠᠰᠠ ᠶᠡᠬᠡ ᠵᠦᠬᠡᠷ᠃ ᠡᠨᠡ ᠬᠦᠷᠢᠶᠡᠨ ᠤ᠋ ᠲᠦᠷᠰᠦ ᠪᠠᠢᠳᠠᠯ᠂ ᠡᠨᠡ ᠲᠠᠯᠠᠪᠠᠢ ᠵᠢ ᠦᠵᠡ ᠡ᠂ ᠰᠢᠨ᠎ᠡ ᠰᠠᠭᠤᠭᠠᠯᠢ ᠲᠣᠭᠣᠷᠢᠭ ᠡᠴᠡ ᠳᠣᠣᠷ᠎ᠠ ᠦᠭᠡᠢ ᠪᠢᠰᠢᠤ⁈》  ᠭᠡᠵᠦ ᠰᠤᠷᠪᠤᠯᠵᠢᠯᠠᠭ᠍ᠴᠢ ᠳ᠋ᠤ ᠬᠡᠯᠡᠨ᠎ᠠ᠃

2006 ᠣᠨ ᠳ᠋ᠤ᠂ ᠹᠧᠩ ᠢᠦᠢ ᠰᠢᠶᠠᠩ ᠤ᠋ᠨ ᠬᠢᠨ ᠶᠢᠨ ᠬᠠᠢ ᠬᠤᠸᠠ ᠶᠤᠸᠠᠨ ᠰᠠᠭᠤᠭᠠᠯᠢ ᠲᠣᠭᠣᠷᠢᠭ ᠲᠦ᠍ ᠨᠡᠭᠦᠵᠦ ᠣᠷᠣᠬᠤ ᠦᠶᠡᠰ᠂ ᠲᠤᠰ  ᠲᠣᠭᠣᠷᠢᠭ᠋ ᠨᠢ ᠬᠥᠮᠥᠨ ᠪᠦᠬᠦᠨ ᠤ᠋ ᠪᠠᠬᠠᠷᠬᠠᠳᠠᠭ ᠰᠢᠨ᠎ᠡ ᠪᠠᠭᠤᠴᠠ ᠪᠠᠢᠵᠠᠢ᠃ ᠭᠡᠲᠡᠯ᠎ᠡ 20 ᠵᠢᠯ ᠦᠩᠭᠡᠷᠡᠵᠦ᠂ ᠠᠰᠠᠷ  ᠤ᠋ᠨ ᠬᠠᠶᠠᠭ᠎ᠠ ᠬᠠᠨ᠎ᠠ ᠡᠷᠢᠶᠡᠨᠳᠤᠨ᠂ ᠵᠠᠮ ᠨᠢ ᠡᠩᠬᠦᠯ ᠲᠤᠩᠬᠤᠯ ᠪᠤᠯᠵᠤ᠂ ᠭᠠᠵᠠᠷ ᠳᠣᠣᠷᠠᠬᠢ ᠳᠠᠮᠵᠢᠭᠤᠯᠭ᠎ᠠ ᠶ᠋ᠢᠨ ᠭᠤᠤᠷᠰᠤ ᠦᠷᠭᠦᠯᠵᠢ ᠲᠦᠭᠵᠢᠷᠡᠳᠡᠭ ᠪᠤᠯᠪᠠ᠃ ᠡᠲᠡᠭᠡᠷ ᠠᠰᠠᠭᠤᠳᠠᠯ ᠨᠢ ᠰᠠᠭᠤᠭᠠᠯᠢ ᠠᠷᠠᠳ ᠢ᠋ ᠨᠢᠭᠡ ᠦᠶ᠎ᠡ ᠭᠠᠴᠢᠭ᠍ᠳᠠᠭᠤᠯᠵᠤ᠂ ᠹᠧᠩ ᠢᠦᠢ ᠰᠢᠶᠠᠩ ᠴᠤ᠌ ᠭᠡᠷ ᠵᠢᠡᠨ ᠬᠤᠳᠠᠯᠳᠤᠬᠤ ᠪᠣᠳᠣᠯ ᠤᠷᠤᠵᠦ ᠥᠩᠭᠡᠷᠡᠭᠰᠡᠨ ᠶᠤᠮ᠃

2024 ᠣᠨ ᠳ᠋ᠤ᠂ ᠬᠠᠭᠤᠴᠢᠨ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠬᠦ ᠠᠷᠠᠳ ᠲᠦ᠍ ᠠᠰᠢᠭ᠋ ᠬᠦᠷᠲᠡᠭᠡᠬᠦ ᠢᠨᠵᠧᠨᠧᠷᠢᠩ ᠢ᠋ ᠶᠢᠨ ᠬᠠᠢ ᠬᠤᠸᠠ ᠶᠤᠸᠠᠨ ᠰᠠᠭᠤᠭᠠᠯᠢ ᠲᠤᠭᠤᠷᠢᠭ ᠲᠦ᠍ ᠨᠠᠢᠳᠠᠪᠤᠷᠢᠵᠢᠭᠤᠯᠪᠠ᠃ ᠥᠭᠡᠷᠡᠴᠢᠯᠡᠨ ᠵᠠᠰᠠᠬᠤ ᠪᠠᠷ ᠳᠡᠮᠵᠢᠨ ᠰᠢᠨ᠎ᠡ ᠪᠡᠷ ᠰᠢᠷᠳᠡᠵᠦ ᠪᠤᠳᠤᠭᠰᠠᠨ ᠠᠰᠠᠷ ᠤ᠋ᠨ ᠬᠠᠶᠠᠭ᠎ᠠ ᠬᠠᠨ᠎ᠠ᠂ ᠲᠡᠭᠰᠢ ᠲᠠᠷᠳᠠᠡᠭ ᠴᠠᠷᠳᠠᠮᠠᠯ ᠵᠠᠮ᠂ᠡᠨᠭᠨᠡᠷᠡᠨ ᠵᠢᠭᠳᠡᠷᠡᠭᠰᠡᠨ ᠲᠡᠷᠭᠡᠨ ᠵᠣᠭᠰᠣᠭᠠᠯ᠂ ᠰᠢᠨ᠎ᠡ ᠡᠨᠧᠷᠭᠢ ᠶ᠋ᠢᠨ ᠮᠠᠰᠢᠨ ᠲᠡᠷᠭᠡ ᠵᠢᠨ ᠴᠠᠬᠢᠯᠭᠠᠨ ᠴᠡᠨᠡᠭᠯᠡᠬᠦ ᠲᠣᠭᠣᠷᠢᠭ᠋᠂ ᠬᠦᠳᠡᠯᠭᠡᠭᠡᠨ ᠤ᠋ ᠠᠭᠤᠳᠠᠮ ᠲᠠᠯᠠᠪᠠᠶ ᠵᠡᠷᠭᠡ ᠨᠢ ᠨᠠᠩ ᠴᠤ᠌ ᠪᠦᠷᠢᠨ ᠪᠣᠯᠵᠠᠢ᠃ ᠡᠭᠦᠨ ᠵᠢᠡᠷ ᠪᠠᠷᠠᠬᠤ ᠦᠭᠡᠢ᠂ ᠭᠠᠵᠠᠷ ᠳᠣᠣᠷᠠᠬᠢ ᠭᠤᠤᠷᠰᠤ ᠵᠢ ᠴᠤ᠌ ᠵᠡᠷᠭᠡ ᠪᠡᠷ ᠰᠢᠨᠡᠳᠬᠡᠭᠰᠡᠨ ᠠᠵᠢ᠃

《ᠰᠠᠭᠤᠭᠠᠯᠢ ᠠᠷᠠᠳ ᠬᠦᠳᠡᠯᠭᠡᠭᠡᠨ ᠬᠢᠬᠦ ᠳᠠᠯᠠᠪᠠᠢ ᠲᠠᠢ ᠪᠣᠯᠵᠤ᠂ ᠢᠯᠴᠢ ᠬᠠᠩᠭᠠᠬᠤ᠂ ᠤᠰᠤ ᠵᠠᠯᠠᠬᠤ ᠵᠡᠷᠭᠡ ᠠᠰᠠᠭᠤᠳᠠᠯ ᠢ᠋ ᠴᠤ᠌ ᠲᠤᠢᠯᠪᠤᠷᠢᠲᠠᠢ ᠰᠢᠢᠳᠪᠦᠷᠢᠯᠡᠪᠡ》 ᠭᠡᠵᠦ  ᠹᠧᠩ ᠢᠦᠢ ᠰᠢᠶᠠᠩ ᠪᠠᠶᠠᠷᠳᠠᠢ ᠬᠡᠯᠡᠨ᠎ᠠ᠃

ᠬᠠᠭᠤᠴᠢᠨ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠬᠦ ᠪᠣᠯ ᠬᠣᠲᠠ ᠶ᠋ᠢᠨ ᠴᠢᠳᠠᠮᠵᠢ ᠵᠢ ᠲᠡᠭᠦᠯᠳᠡᠷᠵᠢᠭᠦᠯᠵᠦ᠂ ᠣᠷᠣᠰᠢᠨ ᠰᠠᠭᠤᠷᠢᠰᠢᠬᠤ ᠣᠷᠴᠢᠨ ᠨᠥᠬᠥᠴᠡᠯ  ᠢ᠋ ᠰᠠᠢᠵᠢᠷᠠᠭᠤᠯᠬᠤ ᠠᠷᠠᠳ ᠤ᠋ᠨ ᠠᠮᠢᠳᠤᠷᠠᠯ  ᠤ᠋ᠨ ᠢᠨᠵᠧᠨᠧᠷᠢᠩ ᠮᠥᠨ᠂ ᠨᠠᠩ ᠴᠤ᠌ ᠣᠯᠠᠨ ᠲᠦᠮᠡᠨ  ᠤ᠋ ᠬᠦᠰᠡᠯ ᠡᠷᠡᠮᠡᠯᠵᠡᠯ ᠳ᠋ᠤ ᠬᠠᠷᠢᠭᠤᠯᠲᠠ ᠥᠭᠴᠦ᠂ ᠠᠷᠠᠳ  ᠤ᠋ᠨ ᠠᠮᠢᠳᠤᠷᠠᠯ ᠤ᠋ᠨ ᠠᠵᠠ ᠵᠢᠷᠭᠠᠯ  ᠢ᠋ ᠨᠡᠮᠡᠭᠳᠡᠭᠦᠯᠬᠦ ᠰᠡᠳᠬᠢᠯ  ᠢ᠋ ᠳᠤᠯᠠᠭᠠᠴᠠᠭᠤᠯᠬᠤ ᠢᠨᠵᠧᠨᠧᠷᠢᠩ ᠮᠥᠨ᠃ 2019 ᠣᠨ ᠡᠴᠡ ᠡᠬᠢᠯᠡᠨ᠂ ᠦᠬᠠᠢ ᠬᠣᠲᠠ ᠬᠣᠲᠠ ᠪᠠᠯᠭᠠᠰᠤᠨ ᠤ᠋ ᠬᠠᠭᠤᠴᠢᠨ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠬᠦ ᠠᠵᠢᠯ  ᠢ᠋ ᠡᠬᠢᠯᠡᠭᠦᠯᠪᠡ᠃ 2021 ᠣᠨ ᠡᠴᠡ ᠡᠬᠢᠯᠡᠨ᠂ ᠵᠠᠰᠠᠨ ᠰᠢᠨᠡᠳᠬᠡᠬᠦ ᠠᠵᠢᠯ ᠤ᠋ᠨ ᠶᠠᠰᠤ ᠴᠢᠨᠠᠷ  ᠢ᠋ ᠳᠡᠭᠡᠭᠰᠢᠯᠡᠭᠦᠯᠦᠨ ᠬᠤᠷᠳᠤᠴᠠ ᠵᠢ ᠲᠦᠷᠭᠡᠳᠬᠡᠵᠦ᠂  《ᠪᠠᠷᠢᠯᠭ᠎ᠠ ᠪᠠᠨ ᠡᠬᠢᠯᠡᠬᠦᠯᠦᠭᠰᠡᠨ ᠵᠢᠯ ᠳ᠋ᠤᠨᠢ ᠳᠠᠭᠤᠰᠬᠠᠬᠤ》  ᠵᠢ ᠪᠡᠶᠡᠯᠡᠭᠦᠯᠪᠡ᠃ ᠣᠯᠠᠨ ᠵᠢᠯ ᠤ᠋ᠨ ᠴᠢᠷᠮᠠᠢᠯᠭ᠎ᠠ ᠪᠡᠷ ᠲᠠᠮᠵᠢᠨ 2025 ᠣᠨ ᠤ᠋ ᠡᠴᠦᠰ ᠪᠣᠯᠬᠤ ᠳ᠋ᠤ᠂ ᠦᠬᠠᠢ ᠬᠣᠲᠠ ᠨᠢᠭᠡᠨᠲᠡ 2005 ᠣᠨ ᠡᠴᠡ ᠡᠮᠦᠨ᠎ᠡ ᠪᠠᠢᠭᠤᠯᠤᠭᠰᠠᠨ 292 ᠬᠠᠭᠤᠴᠢᠨ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠬᠦ ᠢᠨᠵᠧᠨᠧᠷᠢᠩ ᠢ᠋ ᠪᠡᠶᠡᠯᠡᠭᠦᠯᠵᠦ᠂ 5.4 ᠲᠦᠮᠡᠨ ᠡᠷᠦᠬᠡ ᠰᠠᠭᠤᠭᠠᠯᠢ ᠠᠷᠠᠳ ᠲᠦ᠍ ᠠᠰᠢᠭ᠋ ᠬᠦᠷᠲᠡᠭᠡᠪᠡ᠃

《ᠶᠠᠭᠤ ᠵᠢ ᠵᠠᠰᠠᠬᠤ᠂ ᠶᠠᠭᠠᠬᠢᠵᠤ ᠵᠠᠰᠠᠬᠤ ᠪᠣᠶ? ᠰᠠᠭᠤᠭᠠᠯᠢ ᠠᠷᠠᠳ ᠡᠵᠡᠨ ᠮᠡᠳᠡᠨ᠎ᠡ》᠃  ᠵᠠᠰᠠᠨ ᠰᠢᠨᠡᠳᠬᠡᠬᠦ ᠳᠤᠮᠳᠠ ᠦᠬᠠᠢ ᠬᠣᠲᠠ 《ᠨᠢᠭᠡ ᠰᠠᠭᠤᠭᠠᠯᠢ ᠲᠣᠭᠣᠷᠢᠭ᠋ ᠲᠦ᠍ ᠨᠢᠭᠡ ᠲᠥᠰᠥᠯ ᠢ᠋ ᠬᠡᠷᠡᠭᠵᠢᠬᠦᠯᠬᠦ》 ᠵᠢ ᠪᠠᠷᠢᠮᠲᠠᠯᠠᠨ᠂ ᠰᠦᠯᠵᠢᠶᠡᠨ ᠳᠡᠭᠡᠷ᠎ᠡ  ᠪᠠ ᠠᠬᠤᠢ ᠳᠠᠯᠠᠪᠠᠢ ᠳ᠋ᠤ ᠥᠷᠭᠡᠨ ᠵᠢᠡᠷ ᠰᠠᠨᠠᠯ ᠬᠤᠷᠢᠶᠠᠵᠤ᠂ ᠰᠠᠭᠤᠭᠠᠯᠢ ᠠᠷᠠᠳ 《ᠵᠠᠬᠢᠶᠠᠯᠠᠭ᠎ᠠ ᠶ᠋ᠢᠨ ᠮᠠᠶᠢᠭ᠋》  ᠢ᠋ᠶ᠋ᠡᠷ ᠵᠠᠰᠠᠨ ᠰᠢᠨᠡᠳᠬᠡᠬᠦ ᠠᠭᠤᠯᠭ᠎ᠠ  ᠵᠢ ᠰᠣᠩᠭᠣᠵᠤ᠂ ᠣᠯᠠᠨ ᠲᠦᠮᠡᠨ ᠤ᠋ ᠬᠡᠷᠡᠭᠴᠡᠭᠡ ᠱᠠᠭᠠᠷᠳᠠᠯᠭ᠎ᠠ ᠲᠠᠢ ᠨᠠᠷᠢᠨ ᠣᠨᠣᠴᠠᠲᠠᠶ ᠵᠣᠯᠭᠠᠭᠤᠯᠬᠤ ᠵᠢ ᠦᠨᠡᠨ ᠬᠦ᠌ ᠪᠠᠲᠤᠯᠠᠵᠠᠢ᠃

ᠵᠠᠰᠠᠨ ᠰᠢᠨᠡᠳᠬᠡᠭᠰᠡᠨ ᠤ᠋ ᠳᠠᠷᠠᠭᠠᠬᠢ ᠬᠠᠢᠷᠤᠪ ᠤ᠋ᠨ ᠲᠣᠬᠣᠢ ᠲᠣᠭᠣᠷᠢᠭ᠋ ᠤ᠋ᠨ ᠰᠢᠨ ᠲᠢᠶᠠᠨ ᠳᠢ ᠰᠠᠭᠤᠭᠠᠯᠢ ᠲᠣᠭᠣᠷᠢᠭ᠋ ᠤ᠋ᠨ ᠭᠠᠵᠠᠷ ᠪᠣᠯᠭᠠᠨ ᠳ᠋ᠤ ᠪᠦᠷ ᠰᠠᠭᠤᠭᠠᠯᠢ ᠠᠷᠠᠳ ᠤ᠋ᠨ ᠬᠦᠰᠡᠯ ᠡᠷᠡᠮᠡᠯᠵᠡᠯ ᠢ᠋ ᠬᠦᠴᠦᠯᠡᠨ ᠢᠯᠡᠷᠡᠬᠦᠯᠵᠠᠢ᠃《ᠵᠠᠰᠠᠨ ᠰᠢᠨᠡᠳᠬᠬᠦ ᠡᠬᠢᠨ ᠤ᠋ ᠦᠶ᠎ᠡ ᠳ᠋ᠤ ᠪᠢᠳᠡ ᠲᠡᠷᠭᠡᠨ ᠵᠣᠭᠰᠣᠭᠠᠯ ᠢ᠋ ᠢᠯᠡᠭᠦᠬᠡᠨ ᠵᠢᠷᠤᠵᠤ᠂ ᠰᠠᠭᠤᠭᠠᠯᠢ ᠠᠷᠠᠳ ᠤ᠋ᠨ ᠬᠦᠳᠡᠯᠭᠡᠭᠡᠨ ᠤ᠋ ᠳᠠᠯᠠᠪᠠᠢ ᠪᠠᠶ᠋ᠢᠭᠤᠯᠬᠤ ᠵᠢ ᠪᠤᠳᠤᠵᠤ ᠪᠠᠢᠭᠰᠠᠨ》 ᠭᠡᠵᠦ ᠰᠠᠭᠤᠭᠠᠯᠢ ᠠᠷᠠᠳ ᠵᠢᠨ ᠵᠢᠨ ᠬᠡᠯᠡᠨ᠎ᠠ᠃

 ᠰᠠᠢᠬᠠᠨ ᠵᠠᠰᠠᠪᠠᠯ ᠨᠡᠩ ᠰᠠᠢᠳᠤᠷ ᠬᠠᠮᠢᠶᠠᠷᠬᠤ ᠬᠡᠷᠡᠭᠲᠡᠢ᠃ 《ᠤᠷᠢᠳ ᠵᠢᠡᠷ ᠵᠠᠰᠠᠨ ᠰᠢᠨᠡᠳᠬᠡᠵᠦ ᠬᠤᠢᠨ᠎ᠠ ᠨᠢ ᠡᠪᠳᠡᠨ ᠰᠦᠢᠳᠬᠡᠬᠦ》 ᠪᠠᠢᠳᠠᠯ ᠢᠯᠡᠷᠡᠬᠦ ᠵᠢ ᠰᠡᠷᠭᠡᠢᠯᠡᠬᠦ ᠶ᠋ᠢᠨ ᠲᠥᠯᠥᠭᠡ᠂ ᠦᠬᠠᠢ ᠬᠣᠲᠠ ᠶᠡᠬᠡᠳᠠ ᠬᠦᠴᠦ ᠣᠷᠣᠭᠤᠯᠤᠨ᠂ ᠠᠳᠠᠯ ᠠᠬᠤᠢ ᠶ᠋ᠢᠨ ᠬᠠᠮᠢᠶᠠᠷᠤᠯᠳᠠ ᠦᠬᠡᠢ ᠪᠠᠢᠭᠰᠠᠨ 74 ᠰᠠᠭᠤᠭᠠᠯᠢ ᠲᠣᠭᠣᠷᠢᠭ᠋ ᠲᠦ᠍ ᠲᠤᠰᠬᠠᠢᠵᠢᠭ᠍ᠰᠠᠨ ᠠᠳᠠᠯ ᠠᠬᠤᠢ ᠶ᠋ᠢᠨ ᠦᠢᠯᠡᠴᠢᠯᠡᠭᠡ ᠣᠷᠣᠭᠤᠯᠬᠤ ᠵᠢ ᠠᠬᠢᠭᠤᠯᠵᠤ᠂ ᠵᠠᠰᠠᠨ ᠰᠢᠨᠡᠳᠬᠡᠭᠰᠡᠨ ᠦᠷ᠎ᠡ ᠪᠦᠲᠦᠭᠡᠯ ᠢ᠋ ᠲᠠᠭᠠᠭᠠᠮᠠᠭᠠᠢ ᠬᠠᠮᠠᠭᠠᠯᠠᠵᠤ ᠪᠦᠳᠦᠮᠵᠢᠳᠡᠢ ᠠᠰᠢᠭᠯᠠᠬᠤ ᠵᠢ ᠪᠠᠲᠤᠯᠠᠪᠠ᠃

 2023 ᠣᠨ ᠳ᠋ᠤ᠂ ᠬᠠᠢᠷᠤᠪ  ᠤ᠋ᠨ ᠲᠣᠬᠣᠢ ᠲᠣᠭᠣᠷᠢᠭ᠋᠎ᠤᠨ ᠬᠢᠨ ᠰᠢ ᠬᠣ᠌ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠬᠦ ᠠᠵᠢᠯ  ᠢ᠋ ᠪᠡᠶᠡᠯᠡᠭᠦᠯᠵᠦ᠂ ᠴᠣ ᠰᠢᠨ᠎ᠡ ᠲᠦᠷᠰᠤ ᠪᠠᠢᠳᠠᠯ ᠵᠢᠡᠷ ᠰᠤᠯᠢᠭᠳᠠᠵᠠᠢ᠂ ᠭᠡᠪᠡᠴᠦ ᠠᠳᠠᠯ ᠠᠬᠤᠢ ᠶ᠋ᠢᠨ ᠬᠠᠮᠢᠶᠠᠷᠤᠯᠲᠠ ᠬᠠᠮᠠᠭᠠᠯᠠᠯᠲᠠ ᠦᠭᠡᠢ ᠪᠣᠯ ᠰᠠᠭᠤᠭᠠᠯᠢ ᠠᠷᠠᠳ ᠵᠠᠰᠠᠨ ᠰᠢᠨᠡᠳᠬᠡᠭᠰᠡᠨ ᠦᠷ᠎ᠡ ᠪᠦᠲᠦᠭᠡᠯ ᠢ᠋ ᠦᠪᠡᠷᠰᠡᠳ ᠵᠢᠡᠨ ᠤᠷᠳᠤ ᠬᠤᠭᠤᠴᠠᠭ᠎ᠠ ᠪᠠᠷ ᠬᠠᠮᠠᠭᠠᠯᠠᠬᠤ ᠳ᠋ᠤ ᠪᠡᠷᠬᠡᠳᠠᠢ ᠶᠤᠮ᠃ ᠡᠬᠦᠨ ᠳ᠋ᠤ ᠰᠠᠭᠤᠭᠠᠯᠢ ᠲᠣᠭᠣᠷᠢᠭ᠋ ᠤ᠋ᠨ ᠪᠠᠢᠭ᠎ᠠ ᠴᠡᠴᠡᠷᠯᠢᠭ ᠨᠡᠢᠭᠡᠮ ᠲᠣᠭᠣᠷᠢᠭ ᠤ᠋ᠨ ᠬᠢᠨ ᠢᠳᠡᠪᠬᠢᠲᠡᠢ ᠵᠣᠯᠭᠠᠭᠤᠯᠵᠤ ᠪᠠᠢᠭᠠᠳ ᠰᠢ ᠬᠣ᠌ ᠰᠠᠭᠤᠭᠠᠯᠢ ᠲᠣᠭᠣᠷᠢᠭ ᠲᠦ᠍ ᠲᠤᠰᠬᠠᠢ ᠠᠳᠠᠯ ᠠᠬᠤᠢ ᠶ᠋ᠢᠨ ᠺᠣᠮᠫᠠᠨᠢ ᠵᠢ ᠣᠷᠣᠭᠤᠯᠤᠨ ᠬᠠᠮᠢᠶᠠᠷᠤᠭᠤᠯᠵᠠᠢ᠃

  《ᠤᠳᠤ ᠲᠤᠰᠬᠠᠢ ᠴᠡᠪᠡᠷᠯᠡᠭᠴᠢ ᠲᠠᠢ᠂ ᠰᠠᠭᠤᠷᠢ ᠲᠥᠬᠦᠭᠡᠷᠦᠮᠵᠢ ᠡᠪᠳᠡᠷᠡᠵᠤ ᠬᠠᠭᠠᠷᠠᠪᠠᠯ ᠪᠠᠰᠠ ᠵᠠᠰᠠᠬᠤ ᠬᠥᠮᠥᠨ ᠲᠠᠢ᠂ ᠡᠭᠦᠳᠡᠨ ᠬᠠᠷᠠᠭᠤᠯ᠂ ᠬᠢᠨᠠᠨ ᠡᠵᠡᠮᠳᠡᠬᠦ ᠲᠥᠬᠦᠭᠡᠷᠦᠮᠵᠢ ᠪᠡᠷ ᠪᠦᠷᠢᠨ ᠭᠦᠢᠴᠡᠳ ᠪᠠᠢᠵᠤ᠂ ᠪᠢᠳᠡᠨ ᠤ᠋ ᠰᠠᠭᠤᠭᠠᠯᠢ ᠲᠣᠭᠣᠷᠢᠭ᠋ ᠶᠤᠰᠤᠳᠠᠢ ᠠᠷᠢᠭᠤᠨ ᠴᠡᠪᠡᠷ ᠠᠮᠤᠷ ᠲᠦᠪᠰᠢᠨ ᠪᠤᠯᠵᠠᠢ᠃ ᠤᠳᠤ ᠬᠦᠰᠡᠯ ᠱᠠᠭᠠᠷᠳᠠᠯᠭ᠎ᠠ ᠲᠤᠷᠠᠳᠪᠠᠯ ᠴᠠᠭ ᠲᠤᠬᠠᠢ ᠳ᠋ᠤᠨᠢ ᠬᠠᠷᠢᠭᠤ ᠲᠤᠰᠬᠠᠯ ᠣᠯᠵᠤ᠂ ᠨᠡᠢᠭᠡᠮ ᠲᠣᠭᠣᠷᠢᠭ᠋ ᠡᠴᠡ ᠪᠠᠰᠠ ᠠᠳᠠᠯ ᠠᠬᠤᠢ ᠶ᠋ᠢᠨ ᠠᠵᠢᠯ ᠳ᠋ᠤ ᠬᠢᠨᠠᠯᠲᠠ ᠲᠠᠯᠪᠢᠵᠤ ᠪᠤᠢ᠂ ᠪᠢᠳᠡ ᠮᠠᠰᠢ ᠬᠠᠨᠤᠮᠵᠢᠲᠠᠢ ᠪᠠᠢᠨ᠎ᠠ》 ᠭᠡᠵᠦ ᠰᠢ ᠬᠣ᠌ ᠰᠠᠭᠤᠭᠠᠯᠢ ᠲᠣᠭᠣᠷᠢᠭ ᠤ᠋ᠨ ᠰᠠᠭᠤᠭᠠᠯᠢ ᠠᠷᠠᠳ ᠰᠦᠩ ᠺᠸ ᠰᠢᠶᠠᠨ ᠤᠷᠮᠠᠳᠠᠢ ᠬᠡᠯᠡᠪᠠ᠃


    【ᠰᠤᠷᠪᠤᠯᠵᠢᠯᠠᠭ᠍ᠴᠢ ᠶ᠋ᠢᠨ ᠡᠪᠦᠷ ᠲᠡᠮᠳᠡᠭᠯᠡᠯ】

   ᠠᠰᠠᠷ ᠤ᠋ᠨ ᠬᠠᠶᠠᠭ᠎ᠠ ᠬᠠᠨ᠎ᠠ ᠵᠢ ᠪᠤᠳᠤᠨ ᠰᠢᠨᠡᠳᠬᠡᠵᠦ᠂ ᠬᠠᠭᠤᠴᠢᠨ ᠵᠠᠮ ᠢ᠋ ᠲᠠᠬᠢᠨ ᠲᠡᠪᠢᠰᠴᠦ ᠰᠢᠨᠡᠳᠬᠡᠨ᠂ ᠬᠠᠭᠤᠴᠢᠨ ᠬᠣᠭᠣᠯᠠᠢ ᠵᠢ ᠰᠤᠯᠢᠵᠤ ᠰᠢᠨᠡᠳᠬᠡᠪᠡ ᠁ ᠦᠬᠠᠢ ᠬᠤᠳᠠ ᠶ᠋ᠢᠨ ᠵᠠᠰᠠᠨ ᠰᠢᠨᠡᠳᠬᠡᠭᠰᠡᠨ ᠬᠠᠭᠤᠴᠢᠨ ᠰᠠᠭᠤᠭᠠᠯᠢ ᠲᠣᠭᠣᠷᠢᠭ ᠢ᠋ᠶ᠋ᠠᠷ ᠶᠠᠪᠤᠬᠤ ᠳ᠋ᠤ᠂ ᠰᠤᠷᠪᠤᠯᠵᠢᠯᠠᠭᠴᠢ ᠳ᠋ᠤ ᠦᠭᠬᠦᠭᠰᠡᠨ ᠬᠠᠮᠤᠭ ᠤ᠋ᠨ ᠰᠢᠭᠤᠳ ᠲᠥᠷᠥᠭᠳᠡᠯ ᠪᠣᠯ《ᠰᠢᠨ᠎ᠡ》 ᠪᠤᠯᠤᠨ᠎ᠠ᠃ ᠡᠲᠡᠭᠡᠷ ᠰᠢᠭᠤᠳ ᠬᠠᠷᠠᠭᠳᠠᠵᠦ ᠪᠠᠢᠭ᠎ᠠ ᠬᠤᠪᠢᠷᠠᠯᠳᠠ ᠲᠠᠢ ᠬᠠᠷᠢᠴᠠᠭᠤᠯᠪᠠᠯ᠂ ᠦᠬᠠᠢ ᠬᠣᠲᠠ ᠶ᠋ᠢᠨ ᠬᠠᠭᠤᠴᠢᠨ ᠰᠠᠭᠤᠭᠠᠯᠢ ᠲᠣᠭᠣᠷᠢᠭ ᠢ᠋ ᠵᠠᠰᠠᠨ ᠰᠢᠨᠡᠳᠬᠡᠭᠰᠡᠨ ᠤ᠋ ᠴᠠᠭᠠᠨᠠᠬᠢ ᠬᠥᠮᠥᠨ ᠵᠢᠡᠷ ᠦᠨᠳᠦᠰᠦ ᠪᠣᠯᠭᠠᠬᠤ᠂ ᠬᠠᠮᠲᠤ ᠪᠠᠷ ᠪᠠᠢᠭᠤᠯᠵᠤ ᠬᠠᠮᠲᠤ ᠪᠠᠷ ᠡᠳ᠋ᠯᠡᠬᠦ ᠵᠠᠰᠠᠯᠲᠠ ᠶ᠋ᠢᠨ ᠠᠷᠭ᠎ᠠ ᠠᠪᠴᠠᠯ ᠨᠢ ᠨᠠᠩ ᠢᠯᠡᠭᠦᠦ ᠬᠦᠮᠦᠰ ᠤ᠋ᠨ ᠬᠦᠷᠢᠶᠡᠯᠡᠯ ᠢ᠋ ᠤᠯᠵᠠᠢ᠃

    ᠬᠠᠭᠤᠴᠢᠨ ᠰᠠᠭᠤᠭᠠᠯᠢ ᠲᠣᠭᠣᠷᠢᠭ᠋ ᠤ᠋ᠳ ᠰᠢᠨᠡᠳᠤᠨ ᠬᠤᠪᠢᠷᠠᠭᠰᠠᠨ ᠨᠢ ᠦᠬᠠᠢ ᠬᠤᠳᠠ ᠶ᠋ᠢᠨ ᠦᠩᠭᠡ ᠲᠦᠷᠬᠦ ᠵᠢ ᠰᠠᠢᠵᠢᠷᠠᠭᠤᠯᠤᠭᠰᠠᠨ ᠵᠢᠡᠷ ᠪᠠᠷᠠᠬᠤ ᠦᠭᠡᠢ᠂ ᠨᠡᠩ ᠴᠤ᠌ ᠰᠠᠭᠤᠭᠠᠯᠢ ᠠᠷᠠᠳ ᠤ᠋ᠨ ᠬᠦᠷᠲᠡᠮᠵᠢ ᠶ᠋ᠢᠨ ᠲᠥᠷᠥᠭᠳᠡᠯ᠂ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ᠋ ᠲᠥᠷᠥᠭᠳᠡᠯ ᠢ᠋ ᠨᠡᠮᠡᠭᠳᠡᠭᠦᠯᠵᠦ᠂ ᠬᠤᠳᠠ ᠶ᠋ᠢᠨ ᠴᠢᠨᠠᠷ ᠰᠠᠢᠲᠠᠢ ᠬᠥᠭᠵᠢᠯᠲᠡ ᠳ᠋ᠤ ᠬᠠᠯᠠᠭᠤᠨ ᠳᠤᠳᠤᠨᠤ ᠠᠷᠠᠳ ᠤ᠋ᠨ ᠠᠮᠢᠳᠤᠷᠠᠯ ᠤ᠋ᠨ ᠬᠠᠷᠢᠭᠤᠯᠲᠠ ᠶ᠋ᠢᠨ ᠬᠠᠭᠤᠳᠠᠰᠤ ᠵᠢ ᠪᠢᠴᠢᠭᠯᠡᠭᠰᠡᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面