ᠲᠡᠷᠢᠭᠦᠨ ᠨᠢᠭᠤᠷ>ᠰᠢᠨ᠎ᠡ ᠬᠦᠳᠡᠭᠡ>ᠰᠤᠷᠠᠭ

2026-10-24 17:37:58

ᠵᠣᠬᠢᠶᠠᠭ᠍ᠴᠢ᠄ ᠡᠷᠳᠡᠨᠢᠬᠤᠸᠠᠷ ᠣᠩᠱᠢᠭ᠍ᠰᠠᠨ ᠣᠳᠠᠭ᠎ᠠ᠄ 3

ᠬᠦᠬᠡᠬᠤᠳᠠ ᠶ᠋ᠢᠨ ᠲᠦᠮᠡᠳ ᠵᠡᠭᠦᠨ ᠬᠤᠰᠢᠭᠤᠨ ᠤ᠋ ᠬᠠᠤ ᠬᠠᠢ ᠵᠢᠭᠠᠰᠤᠨ ᠤ᠋ ᠦᠢᠯᠡᠰ ᠤ᠋ᠨ ᠲᠡᠵᠢᠭᠡᠨ ᠦᠷᠡᠵᠢᠭᠦᠯᠬᠦ ᠰᠠᠭᠤᠷᠢᠨ ᠤ᠋ 5 ᠪᠠᠷᠢᠮᠵᠢᠶᠠᠵᠢᠭᠰᠠᠨ ᠰᠠᠷᠠᠪᠴᠢᠨ ᠳ᠋ᠤ ᠠᠦᠰᠲᠷᠠᠯᠢᠶ᠎ᠠ ᠡᠴᠡ ᠤᠷᠤᠭᠤᠯᠤᠨ ᠠᠪᠴᠢᠷᠠᠭᠰᠠᠨ 5000 ᠴᠡᠩᠬᠡᠭ ᠤᠰᠤᠨ ᠤ᠋ ᠯᠤᠤ ᠰᠠᠮ ᠢᠳᠡᠷᠡᠭᠦᠨ ᠶ᠋ᠢᠡᠷ ᠦᠰᠦᠨ ᠪᠤᠢᠵᠢᠵᠤ ᠪᠠᠢᠨ᠎ᠠ᠃ ᠡᠳᠡᠭᠡᠷ ᠯᠤᠤ ᠰᠠᠮ ᠪᠤᠯ ᠦᠪᠡᠷᠳᠡᠭᠡᠨ ᠵᠠᠰᠠᠬᠤ ᠤᠷᠤᠨ ᠤ᠋ ᠮᠠᠯ ᠠᠵᠤ ᠠᠬᠤᠢ ᠲᠠᠷᠢᠶᠠᠯᠠᠩ ᠤ᠋ᠨ ᠮᠡᠷᠭᠡᠵᠢᠯ ᠢ᠋ ᠳᠡᠯᠭᠡᠷᠡᠭᠦᠯᠬᠦ ᠲᠦᠪ ᠤ᠋ᠨ ᠤᠰᠤᠨ ᠭᠠᠷᠤᠯᠳᠠ ᠶ᠋ᠢᠨ ᠭᠠᠵᠠᠷ ᠡᠴᠡ ᠲᠤᠰ ᠰᠠᠭᠤᠷᠢᠨ ᠳ᠋ᠤ ᠲᠤᠷᠰᠢᠨ ᠲᠡᠵᠢᠭᠡᠬᠦ ᠪᠡᠷ ᠤᠷᠤᠭᠤᠯᠤᠨ ᠠᠪᠴᠢᠷᠠᠭᠰᠠᠨ ᠶᠤᠮ᠃

3 ᠰᠠᠷ᠎ᠠ ᠨᠢᠮᠪᠠᠢ ᠠᠷᠠᠴᠢᠯᠠᠭᠰᠠᠨ ᠤ᠋ ᠳ᠋ᠦᠩ ᠳ᠋ᠤ ᠡᠳᠡᠭᠡᠷ ᠯᠤᠤ ᠰᠠᠮ ᠨᠢ ᠬᠦᠬᠡᠬᠤᠳᠠ ᠶ᠋ᠢᠨ ᠤᠰᠤ ᠬᠦᠷᠦᠰᠦᠨ ᠤ᠋ ᠨᠦᠬᠦᠴᠡᠯ ᠳ᠋ᠤ ᠤᠷᠤᠭᠰᠢᠳᠠᠢ ᠵᠤᠬᠢᠴᠠᠵᠠᠢ᠃ 《 ᠤᠳᠤ ᠡᠨᠡ ᠶ᠋ᠢ ᠵᠠᠬ᠎ᠠ ᠳᠡᠯᠭᠡᠭᠦᠷ ᠳᠡᠭᠡᠷ᠎ᠠ ᠵᠢᠩ ᠪᠦᠷᠢ ᠳ᠋ᠡᠭᠡᠨ 80 ᠲᠦᠭᠦᠷᠢᠭ ᠶ᠋ᠢᠡᠷ ᠬᠤᠳᠠᠯᠳᠤᠵᠤ᠂ ᠠᠵᠤ ᠠᠬᠤᠢ ᠶ᠋ᠢᠨ ᠦᠨ᠎ᠠ ᠦᠷᠳᠡᠭ ᠮᠠᠰᠢ ᠦᠨᠳᠦᠷ᠂ ᠳᠠᠷᠠᠭ᠎ᠠ ᠵᠢᠯ ᠡᠴᠡ ᠶᠡᠬᠡ ᠬᠡᠪᠴᠢᠶ᠎ᠠ ᠪᠡᠷ ᠳᠡᠯᠭᠡᠷᠡᠭᠦᠯᠬᠦ ᠪᠡᠷ ᠲᠦᠯᠦᠪᠯᠡᠵᠦ ᠪᠠᠢᠨ᠎ᠠ》 ᠭᠡᠵᠦ ᠲᠡᠵᠢᠭᠡᠨ ᠦᠷᠡᠵᠢᠭᠦᠯᠬᠦ ᠰᠠᠭᠤᠷᠢᠨ ᠤ᠋ ᠮᠡᠷᠭᠡᠵᠢᠯ ᠤ᠋ᠨ ᠠᠵᠢᠯᠳᠠᠨ ᠭᠦᠧᠧ ᠱᠤ᠌ ᠬᠡᠯᠡᠪᠡ᠃

ᠲᠤᠰ ᠰᠠᠭᠤᠷᠢᠨ ᠤ᠋ ᠯᠤᠤ ᠰᠠᠮ ᠨᠢ 3 ᠰᠠᠷ᠎ᠠ ᠶ᠋ᠢᠨ ᠲᠤᠳᠤᠷ᠎ᠠ ᠳᠤᠮᠳᠠᠴᠢ ᠬᠦᠨᠳᠤ ᠨᠢ 50 ᠭᠷᠠᠮ ᠢ᠋ ᠳᠠᠪᠠᠵᠤ᠂ ᠨᠠᠮᠤᠷ ᠤ᠋ᠨ ᠰᠡᠭᠦᠯᠴᠢ ᠪᠤᠯᠳᠠᠯ᠎ᠠ ᠮᠡᠨᠳᠤ ᠪᠤᠢᠵᠢᠯᠳᠠ ᠵᠢᠨ ᠨᠤᠷᠮ᠎ᠠ ᠨᠢ 88% ᠳ᠋ᠤ ᠬᠦᠷᠴᠤ᠂ ᠵᠢᠱ᠌ᠢᠯᠳᠠ ᠪᠡᠷ ᠶᠡᠷᠦᠩᠬᠡᠢ ᠭᠠᠷᠤᠯᠳᠠ ᠨᠢ 500 ᠵᠢᠩ ᠢ᠋ ᠲᠠᠪᠠᠨ᠎ᠠ᠃ 《ᠲᠦᠮᠡᠳ ᠵᠡᠭᠦᠨ ᠬᠤᠰᠢᠭᠤᠨ ᠤ᠋ ᠬᠠᠳᠤᠨ ᠭᠤᠤᠯ ᠤ᠋ᠨ ᠬᠤᠵᠢᠷᠯᠢᠭ ᠤᠰᠤᠨ ᠳ᠋ᠤ ᠲᠡᠵᠢᠭᠡᠭᠰᠡᠨ ᠡᠳᠡᠬᠡᠷ ᠯᠤᠤ ᠰᠠᠮ ᠨᠢ ᠡᠩ ᠤ᠋ᠨ ᠤᠰᠤᠨ ᠳ᠋ᠤ ᠲᠡᠵᠢᠭᠡᠭᠰᠡᠨ ᠯᠤᠤ ᠰᠠᠮ ᠡᠴᠡ ᠠᠮᠳᠠ ᠨᠢ ᠨᠡᠩ ᠰᠠᠢᠨ》 ᠭᠡᠵᠦ ᠲᠦᠮᠡᠳ ᠵᠡᠭᠦᠨ ᠬᠤᠰᠢᠭᠤᠨ ᠤ᠋ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠶ᠋ᠢ ᠨᠢᠭᠡᠳᠦᠯᠳᠠᠢ ᠲᠦᠯᠦᠪᠵᠢᠭᠦᠯᠦᠨ ᠠᠬᠢᠭᠤᠯᠬᠤ ᠲᠦᠪ ᠤ᠋ᠨ ᠠᠯᠪᠠᠨ ᠭᠡᠷ ᠤ᠋ᠨ ᠡᠷᠬᠢᠯᠡᠭᠴᠢ ᠭᠦᠩ ᠴᠢᠤᠸᠠᠨ ᠯᠢᠶᠠᠩ ᠶᠠᠷᠢᠵᠤ ᠪᠠᠢᠯ᠎ᠠ᠃

ᠲᠤᠰ ᠰᠠᠭᠤᠷᠢᠨ ᠳ᠋ᠤ ᠠᠦᠰᠲᠷᠠᠯᠢᠶ᠎ᠠ ᠶ᠋ᠢᠨ ᠴᠡᠩᠬᠡᠭ ᠤᠰᠤᠨ ᠤ᠋ ᠯᠤᠤ ᠰᠠᠮ ᠢ᠋ ᠠᠮᠵᠢᠯᠳᠠ ᠲᠠᠢ ᠲᠡᠵᠢᠭᠡᠭᠰᠡᠨ ᠨᠢ ᠬᠦᠬᠡᠬᠤᠳᠠ ᠶ᠋ᠢᠨ ᠲᠡᠵᠢᠭᠡᠨ ᠦᠷᠡᠵᠢᠭᠦᠯᠬᠦ ᠦᠢᠯᠡᠰ ᠤ᠋ᠨ ᠬᠤᠭᠤᠰᠤᠨ ᠢ᠋ ᠨᠦᠬᠦᠪᠤᠷᠢᠯᠡᠵᠤ᠂ ᠤᠮᠠᠷᠠᠳᠦ ᠶ᠋ᠢᠨ ᠬᠤᠵᠢᠷᠯᠢᠭ ᠤᠰᠤᠨ ᠤ᠋ ᠤᠷᠤᠨ ᠳ᠋ᠤ ᠵᠢᠭᠠᠰᠤᠨ ᠤ᠋ ᠦᠢᠯᠡᠰ ᠢ᠋ ᠬᠦᠭᠵᠢᠭᠦᠯᠤᠨ᠂ ᠠᠷᠠᠳ ᠤ᠋ᠨ ᠤᠷᠤᠯᠭ᠎ᠠ ᠶ᠋ᠢ ᠨᠡᠮᠡᠭᠳᠡᠭᠦᠯᠬᠦ ᠰᠢᠨ᠎ᠠ ᠵᠠᠮ ᠢ᠋ ᠨᠡᠭᠡᠭᠡᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面