2026-11-13 11:37:22
ᠮᠠᠨ ᠤ᠋ ᠤᠷᠤᠨ ᠬᠦᠢᠲᠡᠨ ᠤᠰᠤᠨ ᠤ᠋ ᠡᠬᠢ ᠪᠠᠶᠠᠯᠢᠭ ᠲᠠᠭᠠᠨ ᠲᠦᠰᠢᠭᠯᠡᠨ᠂ ᠲᠤᠯᠤ ᠵᠢᠭᠠᠰᠤ ᠲᠡᠵᠢᠭᠡᠨ ᠦᠷᠡᠵᠢᠭᠦᠯᠬᠦ ᠤᠨᠴᠠᠯᠢᠭᠲᠦ ᠬᠦᠢᠲᠡᠨ ᠤᠰᠤᠨ ᠤ᠋ ᠤᠰᠤᠨ ᠭᠠᠷᠤᠯᠲᠠ ᠶ᠋ᠢᠨ ᠠᠵᠤ ᠦᠢᠯᠡᠰ ᠢ᠋ ᠤᠯᠠᠨ ᠲᠠᠯ᠎ᠠ ᠪᠡᠷ ᠪᠠᠢᠷᠢᠰᠢᠭᠤᠯᠵᠤ᠂ ᠤᠰᠤᠨ ᠭᠠᠷᠤᠯᠲᠠ ᠶ᠋ᠢᠨ ᠬᠠᠡᠭᠭᠠᠯᠭ᠎ᠠ ᠵᠢ ᠪᠠᠶᠠᠯᠢᠭᠵᠢᠭᠤᠯᠤᠨ᠂ ᠬᠥᠳᠡᠭᠡ ᠲᠣᠰᠬᠣᠨ ᠤ᠋ ᠠᠵᠤ ᠦᠢᠯᠡᠰ ᠤ᠋ᠨ ᠬᠦᠭᠵᠢᠯᠲᠡ ᠳ᠋ᠦ ᠰᠢᠨ᠎ᠡ ᠬᠦᠳᠡᠯᠭᠡᠬᠦ ᠡᠨ᠋ᠸᠷᠬᠢ ᠨᠡᠮᠡᠷᠢᠯᠡᠵᠦ ᠪᠠᠢᠨ᠎ᠠ᠃
ᠤᠢᠷ᠎ᠠ ᠳ᠋ᠦ ᠪᠠᠶᠠᠨᠨᠠᠭᠤᠷ ᠬᠤᠲᠠ ᠰᠤᠯᠤᠡᠭᠭᠠᠨ ᠲᠤᠯᠤ ᠲᠡᠵᠢᠭᠡᠨ ᠦᠷᠡᠵᠢᠭᠦᠯᠬᠦ ᠲᠤᠷᠰᠢᠯᠲᠠ ᠦᠷᠨᠢᠭᠦᠯᠵᠦ᠂ ᠤᠷᠠᠳ ᠤ᠋ᠨ ᠬᠤᠢᠲᠤ ᠬᠤᠰᠢᠭᠤᠨ ᠳ᠋ᠦ ᠳᠤᠮᠳᠠᠴᠢ ᠬᠦᠨᠳᠦ ᠨᠢ 800 ᠭᠷᠠᠮ ᠳ᠋ᠤ ᠬᠦᠷᠬᠦ 500 ᠰᠤᠯᠤᠡᠭᠭᠠᠨ ᠲᠤᠯᠤ ᠶ᠋ᠢᠨ ᠵᠢᠷᠠᠭᠠᠬᠠᠢ ᠶ᠋ᠢ ᠲᠠᠯᠪᠢᠵᠤ ᠲᠡᠵᠢᠭᠡᠪᠡ᠃ ᠰᠤᠯᠤᠡᠭᠭᠠᠨ ᠲᠤᠯᠤ ᠨᠢ ᠤᠰᠤᠨ ᠤ᠋ ᠳᠤᠯᠠᠭᠠᠨ᠂ ᠤᠰᠤᠨ ᠤ᠋ ᠴᠢᠨᠠᠷ ᠤ᠋ᠨ ᠲᠠᠯ᠎ᠠ ᠪᠡᠷ ᠮᠠᠰᠢ ᠦᠨᠳᠦᠷ ᠱᠠᠭᠠᠷᠳᠠᠯᠭ᠎ᠠ ᠲᠠᠢ ᠪᠠᠢᠵᠤ᠂ ᠮᠡᠷᠭᠡᠵᠢᠯ ᠤ᠋ᠨ ᠠᠵᠢᠯᠲᠡᠨ ᠡᠴᠡ ᠲᠤᠬᠠᠢ ᠶ᠋ᠢᠨ ᠲᠠᠯᠠᠪᠠᠢ ᠳ᠋ᠦ ᠤᠰᠤᠨ ᠤ᠋ ᠴᠢᠨᠠᠷ᠂ ᠵᠢᠷᠠᠭᠠᠬᠠᠢ ᠶ᠋ᠢᠨ ᠠᠮᠢᠵᠢᠷᠠᠯ ᠤ᠋ᠨ ᠬᠦᠴᠦᠨ ᠤ᠋ ᠪᠠᠢᠳᠠᠯ ᠳ᠋ᠦ ᠨᠠᠷᠢᠯᠢᠭ ᠪᠠᠢᠴᠠᠭᠠᠯᠲᠠ ᠦᠷᠨᠢᠭᠦᠯᠵᠦ᠂ ᠪᠠᠷᠢᠮᠵᠢᠶ᠎ᠡ ᠳ᠋ᠦ ᠨᠡᠢᠴᠡᠭᠰᠡᠨ ᠢ᠋ ᠭᠡᠷᠡᠴᠢᠯᠡᠪᠡ᠃ ᠦᠰᠦᠨ ᠪᠤᠢᠵᠢᠯᠲᠠ ᠶ᠋ᠢᠨ ᠬᠤᠭᠤᠴᠠᠭᠠᠨ ᠳ᠋ᠦ᠂ ᠮᠡᠷᠭᠡᠵᠢᠯ ᠤ᠋ᠨ ᠠᠵᠢᠯᠲᠠᠨ ᠡᠴᠡ ᠪᠠᠰᠠ ᠪᠦᠬᠦ ᠶᠠᠪᠤᠴᠠ ᠶ᠋ᠢᠨ᠂ ᠪᠦᠬᠦ ᠲᠠᠯ᠎ᠠ ᠶ᠋ᠢᠨ ᠮᠦᠷᠳᠡᠨ ᠪᠠᠢᠴᠠᠭᠠᠯᠲᠠ ᠦᠷᠨᠢᠭᠦᠯᠬᠦ ᠪᠤᠯᠤᠨ᠎ᠠ᠃ ᠲᠤᠰ ᠤᠳᠠᠭ᠎ᠠ ᠵᠢᠨ ᠡᠪᠦᠯ ᠢ᠋ ᠦᠡᠭᠭᠡᠷᠡᠭᠦᠯᠬᠦ ᠳᠠᠰᠬᠠᠯᠲᠠ ᠶ᠋ᠢᠨ ᠲᠤᠷᠰᠢᠯᠲᠠ ᠪᠡᠷ ᠳᠠᠮᠵᠢᠨ ᠰᠤᠯᠤᠡᠭᠭᠠᠨ ᠲᠤᠯᠤ ᠶ᠋ᠢᠨ ᠪᠠᠶᠠᠨᠨᠠᠭᠤᠷ ᠬᠤᠲᠠ ᠶ᠋ᠢᠨ ᠠᠭᠤᠯᠠᠷᠬᠠᠭ ᠤᠷᠤᠨ ᠤ᠋ ᠭᠦᠢᠲᠡᠨ ᠤᠰᠤᠨ ᠤ᠋ ᠤᠷᠴᠢᠨ ᠳ᠋ᠦ ᠡᠪᠦᠯ ᠢ᠋ ᠦᠡᠭᠭᠡᠷᠡᠭᠦᠯᠬᠦ ᠪᠤᠯᠤᠮᠵᠢᠲᠦ ᠴᠢᠨᠠᠷ ᠢ᠋ ᠬᠢᠨᠠᠨ ᠰᠢᠯᠭᠠᠵᠤ ᠪᠠᠲᠤᠯᠠᠨ᠎ᠠ᠃ ᠰᠤᠯᠤᠩᠭᠠᠨ ᠲᠤᠯᠤ ᠶ᠋ᠢ ᠤᠷᠤᠭᠤᠯᠤᠨ ᠠᠪᠴᠢᠷᠠᠵᠤ ᠲᠡᠵᠢᠭᠡᠭᠰᠡᠨ ᠨᠢ ᠪᠠᠶᠠᠨᠨᠠᠭᠤᠷ ᠬᠤᠲᠠ ᠶ᠋ᠢᠨ ᠤᠰᠤᠨ ᠭᠠᠷᠤᠯᠲᠠ ᠶ᠋ᠢᠨ ᠲᠡᠵᠢᠭᠡᠨ ᠦᠷᠡᠵᠢᠭᠦᠯᠬᠦ ᠡᠭᠦᠯᠳᠡᠷ ᠤ᠋ᠨ ᠪᠦᠲᠦᠴᠡ ᠶ᠋ᠢᠨ ᠲᠤᠬᠢᠷᠠᠭᠤᠯᠤᠯᠲᠠ ᠶ᠋ᠢᠨ ᠪᠠᠰᠠ ᠨᠢᠭᠡᠨ ᠰᠢᠨ᠎ᠡ ᠰᠢᠪᠲᠤᠯᠤᠯᠲᠠ ᠪᠤᠯᠵᠠᠢ᠃
ᠰᠢᠯᠢ ᠶ᠋ᠢᠨ ᠭᠤᠤᠯ ᠠᠢᠮᠠᠭ ᠤ᠋ᠨ ᠳᠤᠯᠤᠨ ᠨᠤᠤᠷ ᠰᠢᠶᠠᠨ ᠴᠤ᠌ ᠦᠪᠡᠷᠮᠢᠴᠠ ᠤᠨᠴᠠᠯᠢᠭ ᠲᠠᠢ ᠬᠦᠢᠲᠡᠨ ᠤᠰᠤᠨ ᠤ᠋ ᠡᠬᠢ ᠪᠠᠶᠠᠯᠢᠭ ᠲᠠᠭᠠᠨ ᠲᠦᠰᠢᠭᠯᠡᠨ᠂ ᠡᠬᠡ ᠬᠠᠭᠤᠷᠠᠢ ᠶ᠋ᠢᠨ ᠰᠠᠭᠤᠷᠢᠨ ᠪᠠᠢᠭᠤᠯᠵᠤ᠂ ᠳᠤᠲᠤᠭᠠᠳᠤ ᠬᠠᠭᠤᠷᠠᠢ ᠶ᠋ᠢᠨ ᠦᠨᠳᠦᠷᠯᠢᠭ ᠭᠠᠵᠠᠷ ᠤ᠋ᠨ ᠰᠢᠯᠢᠳᠡᠭ ᠳᠤᠯᠤ ᠵᠢᠭᠠᠰᠤ ᠵᠢ ᠪᠤᠢᠵᠢᠭᠤᠯᠬᠤ ᠤᠨᠴᠠᠯᠢᠭᠲᠦ ᠬᠦᠭᠵᠢᠯᠲᠡ ᠶ᠋ᠢᠨ ᠵᠠᠮ ᠶ᠋ᠢᠡᠷ ᠵᠠᠮᠨᠠᠵᠤ ᠡᠬᠢᠯᠡᠪᠡ᠃ ᠰᠠᠭᠤᠷᠢᠨ ᠤ᠋ ᠬᠢᠨ ᠭᠠᠳᠠᠭᠠᠳᠤ ᠡᠭᠦᠯᠳᠡᠷ ᠤ᠋ᠨ ᠵᠢᠷᠠᠭᠠᠬᠠᠢ ᠶ᠋ᠢ ᠪᠤᠢᠵᠢᠭᠤᠯᠵᠤ᠂ ᠡᠨᠡ ᠵᠢᠯ ᠤ᠋ᠨ 4 ᠰᠠᠷ᠎ᠠ ᠳ᠋ᠦ ᠳᠤᠮᠳᠠᠴᠢ ᠬᠦᠨᠳᠦ ᠨᠢ 200 ᠭᠷᠠᠮ ᠳ᠋ᠤ ᠬᠦᠷᠬᠦ ᠵᠢᠷᠠᠭᠠᠬᠠᠢ ᠪᠠᠨ ᠪᠦᠬᠦᠨ ᠢ᠋ ᠤᠰᠤᠨ ᠳ᠋ᠦ ᠲᠠᠯᠪᠢᠵᠤ᠂ ᠲᠤᠭᠲᠠᠮᠠᠯ ᠳᠤᠯᠠᠭᠠᠴᠠ ᠶ᠋ᠢᠨ ᠴᠡᠪᠡᠷ ᠤᠰᠤᠨ ᠤ᠋ ᠤᠷᠴᠢᠨ ᠳ᠋ᠦ ᠪᠤᠢᠵᠢᠭᠤᠯᠵᠤ ᠡᠬᠢᠯᠡᠵᠡᠢ᠃ ᠳᠤᠯᠤᠨ ᠨᠤᠤᠷ ᠰᠢᠶᠠᠨ ᠤ᠋ ᠦᠨᠳᠦᠷᠯᠢᠭ ᠭᠠᠵᠠᠷ ᠤ᠋ᠨ ᠬᠦᠢᠲᠡᠨ ᠤᠰᠤᠨ ᠤ᠋ ᠵᠢᠭᠠᠰᠤ ᠲᠡᠵᠢᠭᠡᠨ ᠦᠷᠡᠵᠢᠭᠦᠯᠬᠦ ᠰᠠᠭᠤᠷᠢᠨ ᠤ᠋ ᠬᠢᠨ 8 ᠲᠡᠵᠢᠭᠡᠨ ᠦᠷᠡᠵᠢᠭᠦᠯᠬᠦ ᠴᠦᠬᠦᠷᠦᠮ ᠳ᠋ᠦ ᠨᠡᠢᠲᠡ 4 ᠲᠦᠮᠡᠨ ᠳᠤᠯᠤ ᠵᠢᠭᠠᠰᠤ ᠶ᠋ᠢ ᠪᠤᠢᠵᠢᠭᠤᠯᠵᠤ᠂ ᠤᠳᠤᠬᠠᠨ ᠳ᠋ᠤ ᠳᠤᠮᠳᠠᠴᠢ ᠬᠦᠨᠳᠦ ᠨᠢ 2000 ᠭᠷᠠᠮ ᠳ᠋ᠦ ᠬᠦᠷᠴᠦ᠂ 12 ᠰᠠᠷ᠎ᠠ ᠶ᠋ᠢᠨ ᠰᠡᠭᠦᠯᠴᠢ ᠪᠡᠷ ᠵᠠᠬ᠎ᠠ ᠳᠡᠯᠭᠡᠭᠦᠷ ᠲᠦ᠍ ᠭᠠᠷᠭᠠᠬᠤ ᠪᠤᠯᠲᠠᠯ᠎ᠠ ᠳᠤᠮᠳᠠᠴᠢ ᠬᠦᠨᠳᠦ ᠨᠢ ᠦᠨᠳᠦᠰᠦᠨ ᠳ᠋ᠡᠭᠡᠨ 3 — 4 ᠵᠢᠡᠭ ᠳ᠋ᠦ ᠬᠦᠷᠬᠦ ᠪᠤᠯᠤᠨ᠎ᠠ᠃ ᠤᠢᠯᠠᠭᠠᠭᠰᠠᠨ ᠶ᠋ᠢᠡᠷ᠂ ᠲᠤᠰ ᠰᠠᠭᠤᠷᠢᠨ ᠤ᠋ ᠬᠢᠨ ᠠᠵᠤ ᠦᠢᠯᠡᠳᠪᠦᠷᠢ ᠶ᠋ᠢᠨ ᠡᠷᠬᠢᠯᠳᠡᠲᠦ ᠤᠰᠤ ᠪᠡᠷ ᠲᠡᠵᠢᠭᠡᠨ ᠦᠷᠡᠵᠢᠭᠦᠯᠬᠦ ᠵᠠᠭᠪᠤᠷ ᠢ᠋ ᠬᠡᠷᠡᠭᠵᠢᠭᠦᠯᠵᠦ᠂ ᠢᠵᠢ ᠪᠦᠷᠢᠨ ᠰᠢᠰᠲᠸᠮ ᠶ᠋ᠢᠡᠷ ᠡᠷᠬᠢᠯᠳᠡᠲᠦ ᠤᠰᠤ ᠵᠢ ᠳᠠᠬᠢᠨ ᠳᠠᠪᠳᠠᠨ ᠴᠡᠪᠡᠷᠰᠢᠭᠦᠯᠵᠤ᠂ ᠤᠰᠤᠨ ᠭᠠᠷᠤᠯᠲᠠ ᠶ᠋ᠢᠨ ᠶᠠᠰᠤ ᠴᠢᠨᠠᠷ ᠤ᠋ᠨ ᠠᠮᠤᠷ ᠲᠦᠪᠰᠢᠨ ᠤ᠋ ᠬᠠᠮᠢᠶᠠᠷᠤᠯᠳᠠ ᠶ᠋ᠢ ᠴᠢᠡᠭᠭᠠᠳᠬᠠᠵᠤ ᠪᠠᠢᠨ᠎ᠠ᠃
ᠲᠠᠯ᠎ᠠ ᠨᠤᠳᠤᠭ ᠤ᠋ᠨ ᠳᠤᠯᠤ ᠵᠢᠭᠠᠰᠤᠨ ᠤ᠋ ᠠᠵᠤ ᠦᠢᠯᠡᠰ ᠨᠢ ᠤᠯᠠᠮᠵᠢᠯᠠᠯᠳᠤ ᠮᠠᠯ ᠠᠵᠤ ᠠᠬᠤᠢ ᠲᠠᠷᠢᠶᠠᠯᠠᠡᠭ ᠤ᠋ᠨ ᠠᠵᠤ ᠦᠢᠯᠡᠰ ᠤ᠋ᠨ ᠬᠡᠯᠬᠢᠶ᠎ᠡ ᠵᠢ ᠤᠷᠳᠤᠳᠬᠠᠵᠤ᠂ ᠪᠦᠬᠦ ᠤᠷᠤᠨ ᠤ᠋ ᠴᠦᠬᠡᠨ ᠪᠤᠰᠤ ᠬᠤᠰᠢᠭᠤ ᠰᠢᠶᠠᠨ ᠦᠨᠳᠦᠷᠯᠢᠭ ᠭᠠᠵᠠᠷ ᠤ᠋ᠨ ᠬᠦᠢᠲᠡᠨ ᠤᠰᠤᠨ ᠤ᠋ ᠡᠬᠢ ᠪᠠᠶᠠᠯᠢᠭ ᠲᠠᠭᠠᠨ ᠰᠠᠭᠤᠷᠢᠯᠠᠨ ᠲᠤᠯᠤ ᠵᠢᠭᠠᠰᠤ ᠬᠡᠬᠦ ᠡᠨᠡ ᠬᠦ᠌ ᠴᠤ ᠰᠢᠨ᠎ᠡ ᠤᠨᠴᠠᠯᠢᠭᠳᠤ ᠠᠵᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠵᠤ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃