ᠲᠡᠷᠢᠭᠦᠨ ᠨᠢᠭᠤᠷ>ᠰᠢᠨ᠎ᠡ ᠬᠦᠳᠡᠭᠡ>ᠪᠠᠶᠠᠵᠢᠯ᠎ᠤᠨ ᠵᠣᠷ

2026-07-31 11:19:02

ᠵᠣᠬᠢᠶᠠᠭ᠍ᠴᠢ᠄ ᠼᠠᠢ ᠬᠤᠡᠭ ᠨᠠᠮᠤᠭ ᠣᠩᠱᠢᠭ᠍ᠰᠠᠨ ᠣᠳᠠᠭ᠎ᠠ᠄ 3

7 ᠰᠠᠷ᠎ᠠ ᠶ᠋ᠢᠨ 18 ᠤ᠋ ᠡᠳᠦᠷ᠂ ᠬᠦᠬᠡᠬᠤᠲᠠ ᠶ᠋ᠢᠨ ᠴᠡᠯᠡᠭᠡᠷ ᠲᠠᠯ᠎ᠠ ᠳ᠋ᠦ ᠲᠤᠭ ᠳᠠᠯᠪᠠᠭ᠎ᠠ ᠨᠠᠮᠢᠷᠠᠨ᠂ ᠲᠡᠷᠭᠡ ᠬᠦᠰᠭᠡ ᠵᠢᠭᠰᠠᠵᠤ᠂ ᠮᠠᠢᠬᠠᠨ ᠭᠡᠷ ᠴᠠᠢᠯᠵᠠᠨ᠂ ᠬᠦᠮᠦᠨ ᠬᠠᠷ᠎ᠠ ᠱᠤᠤᠬᠢᠯᠳᠤᠭᠠᠳ᠂ ᠰᠦ ᠰᠠᠭᠠᠯᠢ ᠶ᠋ᠢᠨ ᠦᠨᠦᠷ ᠬᠠᠩᠬᠤᠯᠤᠨ᠎ᠠ᠃ ᠦᠪᠦᠷ ᠮᠤᠡᠭᠭᠤᠯ ᠤ᠋ᠨ ᠬᠤᠶᠠᠳᠤᠭᠠᠷ ᠬᠤᠭᠤᠴᠠᠭᠠᠨ ᠤ᠋ ᠪᠢᠰᠢᠯᠠᠭ ᠤ᠋ᠨ ᠠᠵᠤ ᠦᠢᠯᠡᠰ ᠤ᠋ᠨ ᠲᠦᠷᠦᠯ ᠲᠡᠮᠲᠡᠭ ᠤ᠋ᠨ ᠲᠠᠨᠢᠯᠴᠠᠭᠤᠯᠭ᠎ᠠ ᠶ᠋ᠢᠨ ᠬᠤᠷᠠᠯ ᠡᠨᠳᠡ ᠬᠦᠷ ᠬᠦᠭᠵᠢᠶᠡᠨᠲᠠᠢ ᠶᠠᠪᠤᠭᠳᠠᠵᠠᠢ᠃

ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠤ᠋ ᠮᠠᠢᠬᠠᠨ ᠤ᠋ ᠡᠮᠦᠨ᠎ᠡ ᠬᠦᠮᠦᠨ ᠬᠠᠷ᠎ᠠ ᠪᠦᠭᠡᠮᠨᠡᠷᠡᠯᠳᠦᠵᠦ᠂ ᠬᠤᠷᠤᠳ᠂ ᠦᠷᠦᠮ᠎ᠡ᠂ ᠡᠭᠡᠳᠡᠭᠰᠡᠨ ᠰᠦ ᠭᠡᠳ ᠳᠤᠷᠠᠳᠠᠢ ᠵᠦᠢᠯ ᠶ᠋ᠢᠡᠨ ᠠᠪᠬᠤ ᠪᠡᠷ ᠭᠠᠷ ᠤᠳᠠᠰᠤ ᠪᠠᠨ ᠭᠠᠷᠭᠠᠨ ᠺᠤᠳ᠋ ᠰᠢᠷᠪᠢᠬᠦ ᠭᠡᠰᠡᠨ ᠬᠦᠮᠦᠰ ᠲᠠᠯ᠎ᠠ ᠲᠠᠯ᠎ᠠ ᠡᠴᠡ ᠦᠨ᠎ᠡ ᠠᠰᠠᠭᠤᠵᠠᠭᠠᠬᠤ ᠳ᠋ᠤ᠂ 《ᠦᠷᠭᠡᠨ ᠮᠠᠯᠵᠢᠯ ᠤ᠋ᠨ ᠲᠠᠯᠠᠪᠠᠢ》 ᠶ᠋ᠢᠨ ᠳᠡᠯᠭᠡᠭᠦᠷ ᠤ᠋ᠨ ᠡᠵᠡᠨᠲᠡᠨ ᠨᠠᠷᠠᠨᠴᠢᠮᠡᠭ 2 ᠨᠠᠢᠵᠠ ᠲᠠᠢ ᠪᠠᠨ ᠤᠭᠤᠳᠠᠯᠠᠬᠤ᠂ ᠵᠢᠩᠯᠡᠬᠦ᠂ ᠵᠤᠭᠤᠰ ᠪᠤᠳᠤᠬᠤ ᠭᠡᠵᠦ ᠭᠦᠯ ᠬᠦᠭᠡᠷᠴᠦᠭ ᠪᠤᠯᠵᠤ᠂ ᠬᠦᠯᠦᠰᠦ ᠠᠰᠬᠠᠷᠠᠭᠤᠯᠤᠨ ᠶᠠᠭᠠᠷᠠᠯᠳᠤᠨ᠎ᠠ᠃


QQ截图20260731151930.png


ᠮᠠᠯᠴᠢᠨ ᠨᠠᠷᠠᠨᠴᠢᠮᠡᠭ


《ᠪᠢ ᠠᠡᠭᠬ᠎ᠠ ᠤᠳᠠᠭ᠎ᠠ ᠪᠠᠨ ᠬᠦᠬᠡᠬᠤᠲᠠ ᠳ᠋ᠦ ᠢᠷᠡᠵᠦ ᠤᠷᠤᠨ ᠤ᠋ ᠬᠡᠪᠴᠢᠶᠡᠨ ᠤ᠋ ᠴᠠᠭᠠᠨ ᠢᠳᠡᠭᠡᠨ ᠤ᠋ ᠪᠤᠷᠤᠯᠠᠭᠤᠯᠭ᠎ᠠ ᠶ᠋ᠢᠨ ᠴᠤᠭᠯᠠᠭᠠᠨ ᠳ᠋ᠦ ᠤᠷᠤᠯᠴᠠᠵᠤ ᠪᠠᠢᠨ᠎ᠠ᠃ ᠡᠨᠡ ᠤᠳᠠᠭ᠎ᠠ ᠦᠪᠡᠷ ᠤ᠋ᠨ ᠬᠢᠭᠰᠡᠨ ᠤᠯᠠᠮᠵᠢᠯᠠᠯᠲᠤ ᠴᠠᠭᠠᠨ ᠢᠳᠡᠭᠡᠨ ᠡᠴᠡ ᠭᠠᠳᠠᠨ᠎ᠠ ᠪᠠᠰᠠ ᠴᠢᠪᠠᠭ᠎ᠠ ᠲᠠᠢ ᠡᠭᠡᠳᠡᠭᠰᠡᠨ ᠰᠦ᠂ ᠦᠷᠦᠮ᠎ᠡ ᠲᠠᠢ ᠡᠭᠡᠳᠡᠭᠰᠡᠨ ᠰᠦ᠂ ᠴᠠᠷᠴᠠᠭᠠᠭᠰᠠᠨ ᠡᠭᠡᠳᠡᠭᠰᠡᠨ ᠰᠦ ᠵᠡᠷᠭᠡ ᠪᠦᠲᠦᠭᠡᠭᠳᠡᠭᠦᠨ ᠶ᠋ᠢᠡᠨ ᠠᠪᠴᠢᠷᠠᠵᠤ᠂ ᠤᠳᠠᠭᠰᠠᠨ ᠴᠦ᠍ ᠦᠭᠡᠢ ᠨᠡᠯᠢᠶᠠᠳ ᠢ᠋ ᠬᠤᠳᠠᠯᠳᠤᠵᠤ᠂ ᠦᠯᠡᠳᠡᠭᠰᠡᠨ ᠢ᠋ ᠨᠢ ᠰᠢᠨᠵᠢᠶᠠᠡᠭ ᠡᠴᠡ ᠢᠷᠡᠭᠰᠡᠨ ᠵᠢᠭᠤᠯᠴᠢᠯᠠᠯ ᠤ᠋ᠨ ᠪᠦᠯᠬᠦᠮ ᠤ᠋ᠨ ᠬᠢᠨ ᠪᠦᠬᠦᠨ ᠢ᠋ ᠠᠪᠴᠠᠢ᠃ ᠲᠡᠳᠡ ᠪᠠᠰᠠ ᠵᠢᠷᠬᠢᠶ᠎ᠡ ᠶ᠋ᠢ ᠨᠡᠮᠡᠵᠦ᠂ 100 ᠬᠡᠰᠡᠭ ᠦᠷᠦᠮ᠎ᠡ᠂ 23 ᠵᠢᠡᠭ ᠠᠭᠠᠷᠤᠤᠯ ᠵᠠᠬᠢᠶᠠᠯᠠᠪᠠ》 ᠭᠡᠵᠦ ᠨᠠᠷᠠᠨᠴᠢᠮᠡᠭ ᠪᠠᠶᠠᠷᠯᠠᠭᠰᠠᠨ ᠰᠡᠳᠬᠢᠯᠭᠡ ᠪᠠᠨ ᠳᠠᠷᠤᠵᠤ ᠶᠠᠳᠠᠨ ᠬᠡᠯᠡᠨ᠎ᠠ᠃

ᠨᠠᠷᠠᠨᠴᠢᠮᠡᠭ ᠭᠡᠵᠦ ᠳᠦᠯᠭᠡᠭᠡᠨ ᠵᠠᠡᠭ ᠲᠠᠢ ᠬᠦᠮᠦᠨ᠂ ᠤᠯᠠᠭᠠᠨᠴᠠᠪ ᠬᠤᠲᠠ ᠶ᠋ᠢᠨ ᠳᠦᠷᠪᠡᠳ ᠬᠤᠰᠢᠭᠤ ᠡᠴᠡ ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠤ᠋ ᠮᠢᠡᠭᠭᠠᠨ ᠪᠠᠯᠭᠠᠰᠤ ᠵᠢᠨ ᠬᠦᠭᠵᠢᠯᠲᠦ ᠭᠠᠴᠠᠭᠠᠨ ᠳ᠋ᠦ ᠮᠤᠷᠳᠠᠭᠰᠠᠨ ᠡᠭᠡᠯ ᠵᠢᠯ ᠤ᠋ᠨ ᠮᠠᠯᠴᠢᠨ ᠪᠦᠰᠡᠭᠦᠢ᠂ ᠨᠠᠮ ᠤ᠋ᠨ ᠭᠡᠰᠢᠭᠦᠨ ᠪᠦᠭᠡᠳ ᠬᠤᠰᠢᠭᠤᠨ ᠤ᠋ ᠪᠠᠨ ᠤᠯᠤᠰ ᠲᠦᠷᠦ ᠶ᠋ᠢᠨ ᠵᠦᠪᠯᠡᠯᠭᠡᠨ ᠤ᠋ ᠭᠡᠰᠢᠭᠦᠨ ᠶᠤᠮ᠃

ᠨᠠᠷᠠᠨᠴᠢᠮᠡᠭ ᠬᠠᠷᠠᠬᠠᠨ ᠪᠠᠭ᠎ᠠ ᠡᠴᠡ ᠪᠠᠨ ᠡᠵᠢ ᠪᠠᠨ ᠳᠠᠭᠠᠵᠤ᠂ ᠲᠤᠭᠤᠯ ᠲᠠᠲᠠᠬᠤ᠂ ᠰᠦ ᠰᠠᠭᠠᠬᠤ᠂ ᠬᠤᠷᠤᠳ ᠴᠠᠭᠠᠨ ᠢᠳᠡᠭᠡᠨ ᠬᠢᠬᠦ ᠠᠵᠢᠯ ᠳ᠋ᠦ ᠤᠷᠤᠯᠴᠠᠨ᠂ ᠤᠯᠠᠮᠵᠢᠯᠠᠯᠲᠤ ᠴᠠᠭᠠᠨ ᠢᠳᠡᠭᠡᠨ ᠬᠢᠬᠦ ᠳ᠋ᠦ ᠦᠪᠡᠷ ᠤ᠋ᠨ ᠭᠡᠰᠡᠨ ᠤᠢᠯᠠᠭᠠᠯᠲᠠ ᠲᠦᠷᠦᠭᠳᠡᠯ ᠲᠠᠢ ᠪᠤᠯᠵᠤ᠂ ᠰᠤᠷᠭᠠᠭᠤᠯᠢ ᠳ᠋ᠦ ᠶᠠᠪᠤᠭᠰᠠᠨ ᠴᠦ᠍ ᠠᠮᠠᠷᠠᠯᠲᠡ ᠪᠡᠷ ᠭᠡᠷ ᠲᠡᠭᠡᠨ ᠬᠠᠷᠢᠭᠰᠠᠭᠠᠷ ᠡᠵᠢ ᠪᠠᠨ ᠬᠠᠪᠰᠤᠷᠴᠤ ᠴᠠᠭᠠᠨ ᠢᠳᠡᠭᠡᠨ ᠬᠢᠳᠡᠭ ᠡᠴᠡ ᠤᠷ᠎ᠡ ᠮᠡᠷᠭᠡᠵᠢᠯ ᠨᠢ ᠡᠳᠦᠷ ᠲᠤᠳᠤᠮ ᠳᠡᠭᠡᠭᠰᠢᠯᠡᠵᠦ᠂ ᠦᠡᠭᠭᠡ ᠠᠮᠲᠠ ᠨᠢ ᠴᠤ᠌ ᠤᠯᠠᠮ ᠡᠴᠡ ᠭᠤᠶᠤ ᠰᠠᠢᠬᠠᠨ ᠪᠤᠯᠤᠭᠠᠳ᠂ ᠴᠠᠭᠠᠨ ᠢᠳᠡᠭᠡᠨ ᠬᠢᠬᠦ ᠮᠡᠷᠭᠡᠵᠢᠯ ᠳ᠋ᠤ ᠤᠯᠠᠮ ᠶ᠋ᠢᠡᠷ ᠴᠠᠭᠠᠷᠠᠵᠠᠢ᠃

2001 ᠤᠨ ᠳ᠋ᠦ ᠨᠠᠷᠠᠨᠴᠢᠮᠡᠭ ᠬᠤᠰᠢᠭᠤᠨ ᠤ᠋ ᠪᠠᠨ ᠤᠶᠤᠳᠠᠯ ᠤ᠋ᠨ ᠦᠢᠯᠡᠳᠪᠦᠷᠢ ᠳ᠋ᠦ ᠠᠵᠢᠯ ᠬᠢᠵᠦ ᠪᠠᠢᠭᠰᠠᠨ ᠶ᠋ᠢᠡᠨ ᠠᠪᠤ ᠨᠢ ᠭᠡᠨᠡᠳᠲᠡ ᠶ᠋ᠢᠨ ᠡᠪᠡᠳᠴᠢᠨ ᠶ᠋ᠢᠡᠷ ᠪᠡᠶ᠎ᠠ ᠮᠠᠭᠤ ᠪᠤᠯᠤᠭᠰᠠᠨ ᠳ᠋ᠤ ᠲᠡᠷᠡ ᠠᠵᠢᠯ ᠶ᠋ᠢᠠᠨ ᠬᠠᠶᠠᠵᠤ ᠠᠷᠤ ᠭᠡᠷ ᠲᠡᠭᠡᠨ ᠬᠠᠷᠢᠭᠠᠳ ᠠᠪᠤ ᠡᠵᠢ ᠪᠠᠨ ᠠᠰᠠᠷᠠᠵᠤ᠂ ᠮᠠᠯ ᠤᠨᠤᠭ᠎ᠠ ᠪᠠᠨ ᠲᠤᠳᠤᠮᠳᠠᠨ᠂ ᠬᠤᠷᠤᠳ ᠴᠠᠭᠠᠨ ᠢᠳᠡᠭᠡᠨ ᠶ᠋ᠢᠡᠨ ᠬᠢᠵᠦ ᠰᠠᠭᠤᠯ᠎ᠠ᠃

2005 ᠤᠨ ᠳ᠋ᠦ ᠨᠠᠷᠠᠨᠴᠢᠮᠡᠭ ᠤ᠋ᠨ ᠲᠡᠭᠦᠦ ᠨᠢ ᠲᠡᠷᠭᠡᠨ ᠡᠨᠳᠡᠯ ᠶ᠋ᠢᠡᠷ ᠡᠮᠨᠡᠯᠭᠡ ᠳ᠋ᠦ ᠤᠷᠤᠵᠤ᠂ ᠲᠡᠷᠡ ᠡᠳᠦᠷᠵᠢᠨ ᠰᠦᠨᠢᠵᠢᠨ ᠬᠠᠷᠠᠵᠤ ᠬᠠᠷᠠᠭᠠᠯᠵᠠᠨ ᠰᠠᠭᠤᠵᠤ ᠪᠠᠢᠬᠤ ᠳ᠋ᠠᠭᠠᠨ ᠬᠠᠵᠠᠭᠤᠳᠡᠬᠢ ᠡᠪᠡᠳᠴᠢᠲᠡᠨ ᠤ᠋ ᠦᠷᠦᠭᠡ ᠶ᠋ᠢᠨ ᠵᠠᠯᠠᠭᠤ ᠠᠯᠲᠠᠠᠠᠠᠭᠤᠯᠠ ᠲᠠᠢ ᠲᠠᠨᠢᠯᠴᠠᠨ ᠦᠶᠡᠷᠬᠡᠵᠦ᠂ 2006 ᠤᠨ ᠳ᠋ᠦ ᠠᠢᠯ ᠭᠡᠷ ᠪᠤᠯᠵᠤ ᠠᠮᠢᠳᠤᠷᠠᠯ ᠶ᠋ᠢᠡᠨ ᠪᠤᠰᠬᠠᠵᠠᠢ᠃

ᠪᠡᠯᠴᠢᠭᠡᠷᠯᠡᠭᠦᠯᠬᠦ ᠵᠢ ᠴᠠᠭᠠᠵᠠᠯᠠᠵᠤ ᠪᠠᠢᠭᠰᠠᠨ ᠶ᠋ᠢᠡᠷ ᠨᠠᠷᠠᠨᠴᠢᠮᠡᠭ ᠤ᠋ᠨ ᠬᠢᠨ ᠠᠡᠭᠬ᠎ᠠ ᠡᠬᠢᠨ ᠳ᠋ᠡᠭᠡᠨ 70 ᠭᠠᠷᠤᠢ ᠪᠤᠭ ᠮᠠᠯ᠂ 30 ᠭᠠᠷᠤᠢ ᠪᠤᠲᠠ ᠮᠠᠯ ᠶ᠋ᠢᠡᠨ ᠬᠠᠰᠢᠶᠠᠯᠠᠨ ᠲᠡᠵᠢᠭᠡᠵᠦ᠂ ᠨᠢᠭᠡ ᠵᠢᠭᠤᠯᠴᠢᠯᠠᠯ ᠤ᠋ᠨ ᠭᠠᠵᠠᠷ ᠡᠷᠬᠢᠯᠡᠵᠤ ᠪᠠᠢᠭᠰᠠᠨ ᠪᠤᠯᠪᠠᠴᠤ ᠤᠷᠤᠯᠭ᠎ᠠ ᠨᠢᠮᠭᠡᠨ ᠠᠮᠢᠳᠤᠷᠠᠯ ᠠᠨᠠᠢ ᠪᠠᠢᠯ᠎ᠠ᠃ ᠨᠢᠭᠡ ᠵᠢᠯ ᠤ᠋ᠨ ᠳᠠᠷᠠᠭ᠎ᠠ ᠳᠡᠳᠡ ᠵᠢᠭᠤᠯᠴᠢᠯᠠᠯ ᠤ᠋ᠨ ᠭᠠᠵᠠᠷ ᠶ᠋ᠢᠡᠨ ᠬᠠᠵᠠᠭᠤ ᠠᠢᠯ ᠤ᠋ᠨ ᠬᠢᠨ ᠳ᠋ᠡᠭᠡᠨ 5 ᠲᠦᠮᠡᠨ ᠲᠦᠭᠦᠷᠢᠭ ᠶ᠋ᠢᠡᠷ ᠳᠦᠷᠢᠶᠡᠰᠦᠯᠡᠭᠦᠯᠦᠨ᠂ ᠠᠷᠤ ᠭᠡᠷ ᠶ᠋ᠢᠡᠨ ᠬᠤᠨᠢᠴᠢᠨ ᠳ᠋ᠠᠭᠠᠨ ᠬᠠᠶᠠᠵᠤ᠂ ᠳᠠᠷᠬᠠᠨ ᠮᠤᠤᠮᠢᠡᠭᠭᠠᠨ ᠬᠤᠯᠪᠤᠭᠠᠲᠤ ᠬᠤᠰᠢᠭᠤᠨ ᠤ᠋ ᠰᠠᠭᠠᠯᠢ ᠶ᠋ᠢᠨ ᠦᠨᠢᠶᠡᠨ ᠤ᠋ ᠲᠠᠯᠠᠪᠠᠢ ᠳ᠋ᠦ ᠬᠦᠷᠴᠦ ᠬᠦᠯᠦᠰᠤᠨ ᠠᠵᠢᠯ ᠬᠢᠪᠡ᠃


QQ截图20260731113549.png


ᠴᠤᠬᠯᠠᠭᠠᠨ ᠳᠡᠭᠡᠷ᠎ᠡ


《ᠲᠤᠬᠠᠢ ᠶ᠋ᠢᠨ ᠦᠶ᠎ᠡ ᠳ᠋ᠦ ᠪᠢᠳᠡ ᠬᠤᠶᠠᠭᠤᠯᠠ 4 ᠬᠦᠮᠦᠨ ᠤ᠋ ᠠᠵᠢᠯ ᠢ᠋ ᠬᠤᠪᠢᠳᠠᠨ ᠬᠢᠵᠦ᠂ ᠬᠤᠶᠠᠭᠤᠯᠠ ᠪᠡᠨ ᠨᠡᠢᠯᠡᠭᠡᠳ ᠰᠠᠷ᠎ᠠ ᠶ᠋ᠢᠨ 1.2 ᠲᠦᠮᠡᠨ ᠲᠦᠭᠦᠷᠢᠭ ᠤ᠋ᠨ ᠴᠠᠯᠢᠡᠭ ᠬᠦᠯᠦᠰᠦ ᠤᠯᠳᠠᠭ᠂ ᠬᠡᠪᠡᠴᠦ ᠵᠤᠭᠤᠰ ᠭᠡᠳᠡᠭ ᠴᠢᠨᠢ ᠭᠠᠷ ᠲᠦ᠍ ᠤᠷᠤᠴᠢᠬᠠᠪᠠᠯ ᠦᠯᠡᠳᠡᠬᠦ ᠶᠠᠭᠤᠮ᠎ᠠ ᠦᠬᠡᠢ ᠵᠠᠷᠤᠭᠠᠳ ᠲᠠᠭᠤᠰᠴᠢᠬᠠᠨ᠎ᠠ᠃ ᠲᠡᠭᠡᠭᠡᠳ ᠪᠢᠳᠡ ᠳᠦᠷᠪᠡᠳᠦᠭᠡᠷ ᠰᠠᠷ᠎ᠠ ᠡᠴᠡ ᠨᠢ ᠴᠠᠯᠢᠡᠭ ᠮᠦᠡᠭᠬᠦ ᠪᠠᠨ ᠠᠪᠬᠤ ᠪᠠᠨ ᠪᠤᠯᠢᠵᠤ᠂ 3 ᠵᠢᠯ ᠤ᠋ᠨ ᠳᠠᠷᠠᠭ᠎ᠠ ᠨᠤᠲᠤᠭ ᠪᠤᠴᠠᠬᠤ ᠳ᠋ᠠᠭᠠᠨ ᠴᠠᠯᠢᠡᠭ ᠮᠦᠩᠬᠦ ᠵᠢᠨ ᠵᠢᠡᠨ ᠤᠷᠤᠨ ᠳ᠋ᠦ 50 ᠭᠠᠷᠤᠢ ᠲᠤᠭᠤᠯ ᠠᠪᠴᠤ᠂ ᠦᠬᠢᠨ ᠲᠤᠭᠤᠯ ᠢ᠋ ᠰᠦᠷᠦᠭ ᠲᠦ᠍ ᠨᠡᠢᠯᠡᠭᠦᠯᠦᠨ᠂ ᠡᠷ᠎ᠡ ᠲᠤᠭᠤᠯ ᠢ᠋ ᠨᠢ ᠬᠤᠳᠠᠯᠳᠤᠭᠠᠳ ᠮᠠᠯ ᠤ᠋ᠨ ᠬᠠᠰᠢᠶ᠎ᠠ ᠰᠠᠷᠠᠪᠴᠢ ᠪᠠᠨ ᠪᠠᠷᠢᠯ᠎ᠠ》 ᠭᠡᠵᠦ ᠨᠠᠷᠠᠨᠴᠢᠮᠡᠭ ᠦᠢᠯᠡᠰ ᠪᠤᠰᠬᠠᠬᠤ ᠠᠡᠭᠬᠠᠨ ᠤ᠋ ᠪᠡᠯᠡ ᠮᠦᠡᠭᠬᠦ ᠪᠠᠨ ᠴᠤᠭᠯᠠᠭᠤᠯᠤᠭᠰᠠᠨ ᠲᠤᠬᠠᠢ ᠬᠠᠭᠤᠴᠢᠯᠠᠵᠤ ᠭᠠᠷᠪᠠ᠃

2010 ᠤᠨ ᠳ᠋ᠦ ᠨᠠᠷᠠᠨᠴᠢᠮᠡᠭ ᠨᠦᠬᠦᠷ ᠲᠠᠢ ᠪᠠᠨ ᠨᠤᠲᠤᠭ ᠪᠤᠴᠠᠵᠤ᠂ ᠰᠠᠭᠤᠷᠢ ᠲᠦᠬᠦᠭᠡᠷᠦᠮᠵᠢ ᠪᠠᠨ ᠢᠵᠢ ᠪᠦᠷᠢᠳᠦᠭᠦᠯᠦᠨ ᠪᠦᠲᠦᠭᠡᠨ ᠪᠠᠢᠭᠤᠯᠵᠤ᠂ ᠦᠷᠭᠡᠨ ᠮᠠᠯᠵᠢᠯ ᠤ᠋ᠨ ᠲᠠᠯᠠᠪᠠᠢ ᠶ᠋ᠢ ᠪᠠᠢᠭᠤᠯᠪᠠ᠃ ᠲᠤᠬᠠᠢ ᠶ᠋ᠢᠨ ᠦᠶᠡᠰ ᠲᠡᠳᠡ ᠡᠳᠦᠷ ᠤ᠋ᠨ 300 ᠵᠢᠡᠭ ᠰᠢᠬᠠᠮ ᠰᠦ ᠰᠠᠭᠠᠵᠤ᠂ ᠨᠦᠬᠦᠷ ᠠᠯᠲᠠᠠᠠᠠᠭᠤᠯᠠ ᠨᠢ ᠦᠷᠯᠦᠭᠡ ᠪᠦᠷᠢ 5 ᠴᠠᠭ ᠤ᠋ᠨ ᠦᠶ᠎ᠡ ᠪᠡᠷ ᠬᠤᠰᠢᠭᠤᠨ ᠲᠦᠪ ᠲᠤ᠌ ᠨᠢᠭᠡ ᠪᠦᠯᠦᠭ ᠰᠦ ᠬᠦᠷᠭᠡᠵᠦ᠂ ᠨᠠᠷᠠᠨᠴᠢᠮᠡᠭ ᠦᠯᠡᠳᠡᠭᠰᠡᠨ ᠰᠦ ᠪᠡᠷ ᠬᠤᠷᠤᠳ ᠴᠠᠭᠠᠨ ᠢᠳᠡᠭᠡᠨ ᠶ᠋ᠢᠡᠨ ᠬᠢᠵᠦ ᠪᠤᠷᠤᠯᠠᠭᠤᠯᠳᠠᠭ ᠪᠠᠢᠵᠠᠢ᠃ 2011 ᠤᠨ ᠳ᠋ᠦ ᠨᠠᠷᠠᠨᠴᠢᠮᠡᠭ ᠦᠪᠡᠷ ᠤ᠋ᠨ ᠮᠠᠯᠵᠢᠯ ᠤ᠋ᠨ ᠲᠠᠯᠠᠪᠠᠢ ᠳ᠋ᠠᠭᠠᠨ ᠰᠠᠭᠤᠷᠢᠯᠠᠨ ᠤᠢᠷ᠎ᠡ ᠬᠠᠪᠢ ᠶ᠋ᠢᠨ 4 ᠮᠠᠯᠵᠢᠬᠤ ᠡᠷᠦᠬᠡ ᠶ᠋ᠢ ᠳᠠᠢᠴᠢᠯᠠᠨ ᠦᠷᠭᠡᠨᠵᠤᠯᠠ ᠮᠠᠯᠵᠢᠯ ᠤ᠋ᠨ ᠲᠠᠯᠠᠪᠠᠢ ᠶ᠋ᠢᠨ ᠲᠡᠵᠢᠭᠡᠨ ᠦᠷᠡᠵᠢᠭᠦᠯᠬᠦ ᠲᠤᠰᠬᠠᠢ ᠬᠤᠷᠰᠢᠶ᠎ᠡ ᠶ᠋ᠢ ᠪᠠᠢᠭᠤᠯᠵᠤ᠂ ᠰᠦ ᠰᠠᠭᠠᠯᠢ ᠪᠠᠨ ᠪᠤᠷᠤᠯᠠᠭᠤᠯᠬᠤ ᠶ᠋ᠢᠨ ᠬᠠᠮᠲᠤ ᠪᠠᠰᠠ ᠬᠦᠢᠳᠡᠨ ᠬᠦᠮᠦᠷᠭᠡ ᠪᠠᠢᠭᠤᠯᠵᠤ᠂ ᠪᠡᠯᠴᠢᠭᠡᠷ ᠤ᠋ᠨ ᠦᠬᠡᠷ ᠬᠤᠨᠢᠨ ᠮᠢᠬ᠎ᠠ ᠪᠠᠨ ᠦᠪᠡᠷ ᠶ᠋ᠢᠡᠨ ᠲᠦᠬᠦᠭᠡᠷᠴᠤ ᠪᠤᠷᠤᠯᠠᠭᠤᠯᠤᠨ ᠬᠠᠮᠳᠤ ᠪᠡᠷ ᠤᠷᠤᠯᠭ᠎ᠠ ᠪᠠᠨ ᠨᠡᠮᠡᠭᠳᠡᠭᠦᠯᠬᠦ ᠵᠠᠮ ᠶ᠋ᠢᠡᠷ ᠵᠠᠮᠨᠠᠵᠠᠢ᠃


QQ截图20260731113602.png


ᠴᠠᠭᠠᠨ ᠢᠳᠡᠭᠡᠨ ᠤ᠋ ᠳᠡᠯᠭᠡᠭᠦᠷ᠎ᠲᠡᠬᠡᠨ


2014 ᠤᠨ ᠳ᠋ᠦ᠂ ᠨᠠᠷᠠᠨᠴᠢᠮᠡᠭ ᠡᠵᠢ ᠡᠴᠡ ᠪᠠᠨ ᠰᠤᠷᠤᠭᠰᠠᠨ ᠬᠤᠷᠤᠳ ᠴᠠᠭᠠᠨ ᠢᠳᠡᠭᠡᠨ ᠬᠢᠬᠦ ᠤᠷ᠎ᠡ ᠮᠡᠷᠭᠡᠵᠢᠯ ᠶ᠋ᠢᠡᠷ ᠶ᠋ᠢᠡᠨ ᠤᠯᠠᠮᠵᠢᠯᠠᠯᠲᠤ ᠪᠤᠬᠢᠷᠳᠦᠯ ᠦᠭᠡᠢ᠂ ᠬᠤᠯᠢᠴᠠ ᠦᠭᠡᠢ ᠴᠠᠭᠠᠨ ᠢᠳᠡᠭᠡᠨ ᠬᠢᠵᠤ᠂ ᠨᠡᠡᠭ ᠦᠷᠭᠡᠨ ᠵᠠᠬ᠎ᠠ ᠳᠡᠯᠭᠡᠭᠦᠷ ᠲᠦ᠍ ᠪᠤᠷᠤᠯᠠᠭᠤᠯᠤᠨ᠂ ᠨᠡᠡᠭ ᠤᠯᠠᠨ ᠬᠦᠮᠦᠨ ᠳ᠋ᠦ ᠠᠮᠳᠠᠯᠠᠭᠤᠯᠬᠤ ᠶ᠋ᠢᠨ ᠲᠤᠰᠠᠳᠠ ᠬᠤᠰᠢᠭᠤᠨ ᠲᠦᠪ ᠪᠠᠲᠤᠬᠠᠭᠠᠯᠭ᠎ᠠ ᠪᠠᠯᠭᠠᠰᠤᠨ ᠳ᠋ᠤ ᠴᠠᠭᠠᠨ ᠢᠳᠡᠭᠡᠨ ᠤ᠋ ᠳᠡᠯᠭᠡᠭᠦᠷ ᠨᠡᠬᠡᠭᠡᠭᠰᠡᠨ ᠶᠤᠮ᠃ 《ᠳᠡᠯᠭᠡᠭᠦᠷ ᠨᠡᠬᠡᠭᠡᠭᠰᠡᠨ ᠨᠢ ᠪᠠᠰᠠ ᠦᠯᠢᠭᠡᠷ ᠲᠠᠢ ᠰᠢᠦ᠂ ᠳᠡᠯᠭᠡᠭᠦᠷ ᠨᠡᠬᠡᠭᠡᠬᠦ ᠶ᠋ᠢᠨ ᠡᠮᠦᠨ᠎ᠡ ᠡᠳᠦᠷ ᠨᠢ ᠪᠦᠬᠦ ᠶᠠᠭᠤᠮ᠎ᠠ ᠪᠠᠨ ᠲᠦᠪᠬᠢᠨᠡᠭᠦᠯᠵᠦ ᠪᠠᠷᠠᠭᠰᠠᠨ ᠴᠢᠨᠢ ᠪᠡᠶ᠎ᠡ ᠮᠠᠭᠤᠵᠢᠷᠠᠭᠠᠳ᠂ ᠳᠤᠷ᠎ᠠ ᠪᠤᠯᠬᠢᠭᠠᠳ ᠪᠠᠢᠬᠤ ᠪᠡᠷ ᠡᠮᠨᠡᠯᠭᠡ ᠳ᠋ᠦ ᠬᠦᠷᠦᠭᠰᠡᠨ ᠴᠢᠨᠢ ᠬᠠᠷᠢᠨ ᠪᠡᠶ᠎ᠡ ᠳᠠᠪᠬᠤᠷ ᠪᠤᠯᠤᠭᠰᠠᠨ ᠶ᠋ᠢᠡᠨ ᠮᠡᠳᠡᠵᠦ᠂ ᠬᠤᠤᠰ ᠪᠠᠶᠠᠷ ᠪᠤᠯᠤᠭᠰᠠᠨ ᠶᠤᠮ》 ᠭᠡᠵᠦ ᠨᠡᠷᠡᠨᠴᠢᠮᠡᠭ ᠬᠡᠯᠡᠨ᠎ᠠ᠃

ᠠᠡᠭᠬ᠎ᠠ ᠳᠡᠯᠭᠡᠭᠦᠷ ᠶ᠋ᠢᠡᠨ ᠨᠡᠭᠡᠭᠡᠬᠦ ᠳ᠋ᠦ ᠨᠡᠷᠡᠨᠴᠢᠮᠡᠭ ᠤᠯᠠᠮᠵᠢᠯᠠᠯᠲᠤ ᠠᠷᠭ᠎ᠠ ᠪᠡᠷ ᠬᠤᠷᠤᠳ᠂ ᠦᠷᠦᠮ᠎ᠡ᠂ ᠰᠢᠷ᠎ᠡ ᠲᠤᠰᠤ᠂ ᠠᠭᠠᠷᠤᠤᠯ᠂ ᠱᠦᠬᠦᠮᠡᠭ᠂ ᠪᠢᠰᠢᠯᠠᠭ᠂ ᠪᠠᠵᠠᠮᠠᠭ ᠵᠡᠷᠭᠡ ᠠᠷᠪᠠᠭᠠᠳ ᠲᠦᠷᠦᠯ ᠤ᠋ᠨ ᠤᠯᠠᠮᠵᠢᠯᠠᠯᠲᠤ ᠴᠠᠭᠠᠨ ᠢᠳᠡᠭᠡᠨ ᠬᠢᠵᠦ ᠪᠤᠷᠤᠯᠠᠭᠤᠯᠵᠤ ᠪᠠᠢᠵᠠᠢ᠃ ᠭᠡᠪᠡᠴᠦ ᠰᠢᠨ᠎ᠡ ᠨᠡᠬᠡᠭᠡᠭᠰᠡᠨ ᠳᠡᠯᠭᠡᠭᠦᠷ᠂ ᠲᠠᠨᠢᠵᠤ ᠮᠡᠳᠡᠬᠦ ᠬᠡᠷᠡᠭᠯᠡᠭᠴᠢ ᠪᠠᠢᠬᠤ ᠦᠭᠡᠢ ᠵᠡᠷᠭᠡ ᠰᠢᠯᠲᠠᠭᠠᠨ ᠡᠴᠡ ᠪᠤᠯᠵᠤ ᠲᠡᠭᠰᠢᠳᠭᠡᠭᠡᠳ ᠡᠳᠦᠷ ᠳᠤᠮᠳᠠᠴᠢ ᠶ᠋ᠢᠨ ᠪᠤᠷᠤᠯᠠᠭᠤᠯᠭ᠎ᠠ ᠨᠢ 83 ᠲᠦᠭᠦᠷᠢᠭ ᠲᠦ᠍ ᠯᠡ ᠬᠦᠷᠴᠤ ᠪᠠᠢᠪᠠ᠃ ᠡᠢᠨ ᠬᠦ᠌ ᠪᠠᠢᠳᠠᠯ 2 ᠵᠢᠯ ᠦᠷᠬᠦᠯᠵᠢᠯᠡᠵᠠᠢ᠃ ᠭᠡᠪᠡᠴᠦ ᠨᠠᠷᠠᠨᠴᠢᠮᠡᠭ ᠬᠦᠮᠦᠨ ᠪᠠᠭ᠎ᠠ᠂ ᠪᠤᠷᠤᠯᠠᠭᠤᠯᠭ᠎ᠠ ᠮᠠᠭᠤ ᠬᠡᠮᠡᠨ ᠵᠤᠷᠢᠭ ᠮᠤᠬᠤᠭᠰᠠᠨ ᠦᠭᠡᠢ᠂ ᠬᠠᠷᠢᠨ ᠴᠠᠭᠠᠨ ᠢᠳᠡᠭᠡᠨ ᠤ᠋ ᠪᠠᠨ ᠶᠠᠰᠤ ᠴᠢᠨᠠᠷ᠂ ᠦᠨᠦᠷ ᠠᠮᠲᠠ ᠵᠢ ᠪᠠᠲᠤᠯᠠᠭᠰᠠᠭᠠᠷ ᠢᠷᠡᠭᠰᠡᠨ ᠳ᠋ᠤ ᠭᠤᠷᠪᠠᠳᠤᠭᠠᠷ ᠵᠢᠯ ᠡᠴᠡ ᠪᠤᠷᠤᠯᠠᠭᠤᠯᠭ᠎ᠠ ᠨᠢ ᠡᠳᠦᠷ ᠢᠷᠡᠭᠦᠶ᠎ᠡ ᠰᠠᠢᠵᠢᠷᠠᠵᠤ᠂ ᠲᠠᠨᠢᠯ ᠳᠠᠰᠤᠯ ᠬᠡᠷᠡᠭᠯᠡᠭᠴᠢ ᠤᠯᠠᠰᠢᠷᠠᠨ᠂ ᠬᠤᠰᠢᠭᠤ ᠠᠢᠮᠠᠭ ᠲᠠᠭᠠᠨ ᠴᠦ᠍ ᠨᠡᠯᠢᠶᠡᠳ ᠨᠡᠷ᠎ᠠ ᠠᠯᠳᠠᠷᠰᠢᠯ ᠲᠠᠢ ᠪᠤᠯᠵᠤ᠂ ᠡᠳᠦᠷ ᠤ᠋ᠨ ᠪᠤᠷᠤᠯᠠᠭᠤᠯᠭ᠎ᠠ ᠨᠢ 200 ᠲᠦᠭᠦᠷᠢᠭ᠂ 300 ᠲᠦᠭᠦᠷᠢᠭ ᠁ ᠭᠡᠵᠦ ᠠᠭᠠᠵᠢᠮ ᠶ᠋ᠢᠡᠷ ᠨᠡᠮᠡᠭᠳᠡᠵᠦ ᠡᠬᠢᠯᠡᠵᠡᠢ᠃

ᠴᠠᠭᠠᠨ ᠢᠳᠡᠭᠡᠨ ᠤ᠋ ᠳᠡᠯᠭᠡᠭᠦᠷ ᠤ᠋ᠨ ᠪᠤᠷᠤᠯᠠᠭᠤᠯᠭ᠎ᠠ ᠰᠠᠢᠵᠢᠷᠠᠬᠤ ᠵᠢ ᠳᠠᠭᠠᠯᠳᠤᠨ᠂ 2021 ᠤᠨ ᠳ᠋ᠦ ᠨᠡᠷᠡᠨᠴᠢᠮᠡᠭ ᠮᠠᠯᠵᠢᠯ ᠤ᠋ᠨ ᠲᠠᠯᠠᠪᠠᠢ ᠪᠠᠨ ᠦᠷᠭᠡᠳᠭᠡᠵᠦ᠂ ᠴᠠᠭᠠᠨ ᠢᠳᠡᠭᠡᠨ ᠤ᠋ ᠦᠢᠯᠡᠳᠪᠦᠷᠢ ᠪᠠᠢᠭᠤᠯᠤᠨ᠂ ᠰᠦ ᠲᠠᠯᠪᠢᠬᠤ ᠲᠠᠰᠤᠭ᠂ ᠬᠤᠷᠤᠳ ᠠᠭᠠᠷᠤᠤᠯ ᠱᠦᠭᠦᠮᠡᠭ ᠬᠢᠬᠦ ᠲᠠᠰᠤᠭ᠂ ᠬᠠᠲᠠᠭᠠᠬᠤ ᠲᠠᠰᠤᠭ᠂ ᠦᠷᠦᠮ᠎ᠡ ᠰᠠᠭᠤᠯᠭᠠᠬᠤ ᠲᠠᠰᠤᠭ᠂ ᠬᠦᠯᠳᠡᠭᠡᠬᠦ ᠲᠠᠰᠤᠭ ᠢ᠋ ᠪᠠᠷᠢᠮᠵᠢᠶᠠᠵᠢᠭᠤᠯᠤᠨ ᠪᠠᠢᠭᠤᠯᠵᠤ᠂ ᠵᠠᠬ᠎ᠠ ᠳᠡᠯᠭᠡᠭᠦᠷ ᠲᠡᠬᠢ ᠬᠠᠮᠤᠭ ᠤ᠋ᠨ ᠰᠢᠨ᠎ᠡ ᠮᠠᠰᠢᠨ ᠲᠦᠬᠦᠭᠡᠷᠦᠮᠵᠢ ᠵᠢ ᠢᠵᠢ ᠪᠦᠷᠢᠳᠦᠭᠦᠯᠦᠨ ᠠᠪᠴᠤ᠂ ᠡᠳᠦᠷ ᠤ᠋ᠨ 2000 ᠭᠠᠷᠤᠢ ᠵᠢᠡᠭ ᠰᠦ ᠪᠤᠯᠪᠠᠰᠤᠷᠠᠭᠤᠯᠬᠤ ᠴᠢᠳᠠᠮᠵᠢ ᠵᠢ ᠪᠦᠷᠢᠯᠳᠦᠭᠦᠯᠪᠡ᠃ ᠬᠡᠷᠡᠭᠯᠡᠭᠴᠢᠳ ᠤ᠋ᠨ ᠤᠯᠠᠨ ᠡᠰᠢᠵᠢᠭᠰᠡᠨ ᠬᠡᠷᠡᠭᠴᠡᠭᠡ ᠱᠠᠭᠠᠷᠳᠠᠯᠭ᠎ᠠ ᠵᠢ ᠬᠠᠡᠭᠭᠠᠬᠤ ᠶ᠋ᠢᠨ ᠲᠦᠯᠦᠭᠡ ᠲᠡᠷᠡ ᠪᠠᠰᠠ ᠬᠦᠬᠡᠬᠤᠲᠠ᠂ ᠰᠢᠯᠢ ᠶ᠋ᠢᠨ ᠭᠤᠤᠯ ᠠᠢᠮᠠᠭ ᠵᠡᠷᠭᠡ ᠭᠠᠵᠠᠷ ᠶ᠋ᠢᠡᠷ ᠬᠦᠷᠴᠦ᠂ ᠦᠷᠦᠮ᠎ᠡ ᠲᠠᠢ ᠡᠭᠡᠳᠡᠭᠰᠡᠨ ᠰᠦ ᠵᠡᠷᠭᠡ ᠰᠢᠨ᠎ᠡ ᠪᠦᠲᠦᠭᠡᠭᠳᠡᠭᠦᠨ ᠬᠢᠬᠦ ᠪᠤᠯᠪᠠᠰᠤᠷᠠᠯ ᠰᠤᠷᠤᠯᠴᠠᠯᠭ᠎ᠠ ᠳ᠋ᠤ ᠤᠯᠠᠨᠲᠠ ᠤᠷᠤᠯᠴᠠᠵᠤ᠂ ᠤᠷ᠎ᠡ ᠮᠡᠷᠭᠡᠵᠢᠯ ᠶ᠋ᠢᠡᠨ ᠳᠡᠭᠡᠭᠰᠢᠯᠡᠭᠦᠯᠵᠦ ᠶᠠᠪᠤᠵᠠᠢ᠃ ᠤᠳᠤ ᠨᠡᠷᠡᠨᠴᠢᠮᠡᠭ ᠤ᠋ᠨ ᠬᠢᠭᠰᠡᠨ ᠬᠤᠷᠤᠳ ᠴᠠᠭᠠᠨ ᠢᠳᠡᠭᠡᠨ ᠨᠢ ᠤᠷᠤᠨ ᠤ᠋ ᠳᠤᠲᠤᠭᠠᠳᠤ ᠳ᠋ᠠᠭᠠᠨ ᠪᠤᠷᠤᠯᠠᠭᠤᠯᠭ᠎ᠠ ᠰᠠᠢᠲᠠᠢ ᠪᠠᠢᠬᠤ ᠪᠦᠭᠡᠳ ᠰᠢᠨᠵᠢᠶᠠᠡᠭ᠂ ᠱᠠᠡᠭᠬᠠᠢ᠂ ᠲᠢᠶᠠᠨᠵᠢᠨ ᠵᠡᠷᠭᠡ ᠭᠠᠵᠠᠷ ᠤᠷᠤᠨ ᠶ᠋ᠢᠡᠷ ᠴᠦ᠍ ᠪᠤᠷᠤᠯᠠᠭᠤᠯᠤᠭᠳᠠᠨ᠂ ᠤᠷᠢᠳᠴᠢᠯᠠᠨ ᠵᠠᠬᠢᠶᠠᠯᠠᠬᠤ ᠦᠭᠡᠢ ᠪᠤᠯ ᠤᠯᠳᠠᠬᠤ ᠪᠠᠨ ᠪᠤᠯᠢᠵᠤ᠂ ᠡᠳᠦᠷ ᠤ᠋ᠨ ᠤᠷᠤᠯᠭ᠎ᠠ ᠨᠢ 4000 ᠲᠦᠭᠦᠷᠢᠭ ᠲᠦ᠍ ᠬᠦᠷᠴᠦ᠂ ᠵᠢᠯ ᠤ᠋ᠨ ᠴᠠᠭᠠᠨ ᠤ᠋ ᠢᠳᠡᠭᠡᠨ ᠤ᠋ ᠪᠤᠷᠤᠯᠠᠭᠤᠯᠭ᠎ᠠ ᠶ᠋ᠢᠨ ᠤᠷᠤᠯᠭ᠎ᠠ ᠨᠢ 100 ᠲᠦᠮᠡᠨ ᠲᠦᠭᠦᠷᠢᠭ ᠲᠦ᠍ ᠬᠦᠷᠴᠦ ᠪᠠᠢᠨ᠎ᠠ᠃


QQ截图20260731113625.png


ᠤᠷᠮᠠᠳᠠᠢ ᠶᠠᠷᠢᠯᠴᠠᠨ᠎ᠠ


ᠨᠠᠷᠠᠨᠴᠢᠮᠡᠭ ᠴᠠᠭᠠᠨ ᠢᠳᠡᠭᠡᠨ ᠬᠢᠬᠦ ᠮᠡᠷᠭᠡᠵᠢᠯ ᠶ᠋ᠢᠡᠨ ᠶᠡᠷᠦ ᠨᠢ ᠪᠤᠰᠤᠳ ᠡᠴᠡ ᠨᠢᠭᠤᠵᠤ ᠬᠠᠷᠠᠮᠨᠠᠳᠠᠭ ᠦᠭᠡᠢ᠂ ᠬᠦᠯᠦᠰᠤᠯᠡᠵᠦ ᠪᠠᠢᠭ᠎ᠠ ᠠᠵᠢᠯᠴᠢᠨ ᠵᠢᠴᠢ ᠪᠠᠭᠰᠢ ᠪᠠᠷᠢᠵᠤ ᠰᠤᠷᠬᠤ ᠪᠡᠷ ᠢᠷᠡᠭᠰᠡᠨ ᠬᠦᠮᠦᠰ ᠲᠦ᠍ ᠴᠦᠮ ᠬᠠᠷᠠᠮ ᠦᠭᠡᠢ ᠵᠢᠭᠠᠵᠤ ᠦᠭᠳᠡᠭ ᠪᠠᠢᠯ᠎ᠠ᠃ 《ᠨᠠᠳᠠ ᠡᠴᠡ ᠴᠠᠭᠠᠨ ᠢᠳᠡᠭᠡᠨ ᠬᠢᠬᠦ ᠤᠷ᠎ᠡ ᠮᠡᠷᠭᠡᠵᠢᠯ ᠰᠤᠷᠤᠭᠠᠳ ᠳᠡᠯᠭᠡᠭᠦᠷ ᠨᠡᠭᠡᠭᠡᠭᠰᠡᠨ ᠬᠦᠮᠦᠨ ᠪᠠᠰᠠ ᠤᠯᠠᠨ ᠪᠠᠢᠨ᠎ᠠ᠃ ᠪᠢ ᠬᠠᠮᠲᠤ ᠳ᠋ᠠᠭᠠᠨ ᠴᠠᠭᠠᠨ ᠢᠳᠡᠭᠡᠨ ᠶ᠋ᠢᠡᠷ ᠠᠮᠢᠳᠤᠷᠠᠯ ᠶ᠋ᠢᠡᠨ ᠦᠭᠡᠳᠡ ᠲᠠᠲᠠᠵᠤ᠂ ᠴᠠᠭᠠᠨ ᠢᠳᠡᠭᠡᠨ ᠤ᠋ ᠪᠠᠨ ᠨᠡᠷ᠎ᠡ ᠠᠯᠳᠠᠷᠰᠢᠯ ᠢ᠋ ᠬᠠᠮᠳᠤ ᠪᠡᠷ ᠮᠠᠨᠳᠤᠭᠤᠯᠵᠤ ᠶᠠᠪᠤᠬᠤ ᠨᠢ ᠮᠠᠰᠢ ᠰᠠᠢᠨ ᠶᠠᠪᠤᠳᠠᠯ ᠬᠡᠮᠡᠨ ᠪᠤᠳᠤᠳᠠᠭ》 ᠭᠡᠵᠦ ᠨᠡᠷᠡᠨᠴᠢᠮᠡᠭ ᠶᠠᠷᠢᠨ᠎ᠠ᠃

ᠴᠢᠷᠮᠠᠢᠯᠭ᠎ᠠ ᠬᠦᠮᠦᠨ ᠢ᠋ ᠭᠤᠮᠤᠳᠠᠭᠠᠬᠤ ᠦᠭᠡᠢ ᠭᠡᠳᠡᠭ ᠶ᠋ᠢᠡᠷ᠂ ᠨᠠᠷᠠᠨᠴᠢᠮᠡᠭ ᠠᠡᠭᠬ᠎ᠠ ᠠᠢᠯ ᠭᠡᠷ ᠪᠤᠯᠬᠤ ᠳ᠋ᠤ ᠠᠮᠢᠳᠤᠷᠠᠯ ᠨᠢ ᠬᠡᠳᠦᠢ ᠬᠦᠴᠢᠷᠳᠡᠯᠲᠡᠢ ᠪᠠᠢᠭᠰᠠᠨ ᠪᠤᠯᠪᠠᠴᠤ ᠵᠠᠯᠠᠭᠤ ᠬᠦᠮᠦᠨ ᠤ᠋ ᠤᠮᠤᠭ ᠵᠤᠷᠢᠭ ᠶ᠋ᠢᠡᠷ ᠦᠢᠯᠡᠰ ᠪᠦᠲᠦᠭᠡᠵᠦ ᠤᠷᠤᠯᠭ᠎ᠠ ᠡᠭᠦᠳᠦᠨ᠂ ᠦᠷ᠎ᠡ ᠬᠡᠤᠬᠡᠳ ᠶ᠋ᠢᠡᠨ ᠦᠰᠭᠡᠨ ᠬᠦᠮᠦᠵᠢᠭᠦᠯᠵᠠᠢ᠃ ᠤᠳᠤ ᠦᠪᠡᠷ ᠤ᠋ᠨ ᠲᠦᠮᠡᠨ ᠮᠦ᠍ ᠨᠤᠲᠤᠭ ᠤ᠋ᠨ ᠶ᠋ᠢᠡᠨ ᠳᠡᠭᠡᠷ᠎ᠡ ᠪᠤᠰᠤᠳ ᠤ᠋ᠨ ᠲᠦᠮᠡᠨ ᠮᠦ᠍ ᠨᠤᠲᠤᠭ ᠢ᠋ ᠳᠦᠷᠢᠶᠡᠰᠦᠯᠡᠨ᠂ 300 ᠭᠠᠷᠤᠢ ᠪᠤᠭ ᠮᠠᠯ᠂ 200 ᠭᠠᠷᠤᠢ ᠦᠬᠡᠷ᠂ 100 ᠭᠠᠷᠤᠢ ᠠᠳᠤᠭᠤ᠂ 50 ᠭᠠᠷᠤᠢ ᠲᠡᠮᠡᠭᠡ ᠵᠢ ᠪᠠᠭᠲᠠᠭᠠᠭᠰᠠᠨ ᠲᠠᠪᠤᠨ ᠬᠤᠰᠢᠭᠤ ᠮᠠᠯ ᠶ᠋ᠢᠡᠨ ᠲᠠᠯ᠎ᠠ ᠳᠦᠭᠦᠷᠡᠡᠭ ᠪᠡᠯᠴᠢᠭᠡᠵᠦ᠂ ᠲᠠᠡᠭᠰᠤᠭ ᠪᠠᠶᠠᠨ ᠠᠮᠢᠳᠤᠷᠠᠯ ᠢ᠋ ᠴᠤᠭᠴᠠᠯᠠᠵᠤ ᠶᠠᠪᠤᠨ᠎ᠠ᠃

《ᠨᠠᠮ ᠤ᠋ᠨ ᠬᠠᠢᠷ᠎ᠡ᠂ ᠲᠦᠮᠡᠨ ᠤ᠋ ᠳᠡᠮᠵᠢᠯᠭᠡ ᠪᠡᠷ ᠮᠢᠨᠦ ᠠᠮᠢᠳᠤᠷᠠᠯ ᠦᠨᠦᠳᠦᠷ ᠤ᠋ᠨ ᠬᠡᠮᠵᠢᠶᠡᠨ ᠳ᠋ᠦ ᠬᠦᠷᠦᠯ᠎ᠡ》 ᠭᠡᠵᠦ ᠨᠠᠷᠠᠨᠴᠢᠮᠡᠭ ᠨᠠᠮ ᠵᠠᠰᠠᠭ ᠤ᠋ᠨ ᠲᠦᠷᠦ ᠶ᠋ᠢᠨ ᠪᠤᠳᠤᠯᠭ᠎ᠠ ᠶ᠋ᠢᠨ ᠰᠠᠢᠨ ᠵᠢᠴᠢ ᠨᠤᠲᠤᠭ ᠤ᠋ᠨ ᠲᠦᠮᠡᠨ ᠤ᠋ ᠪᠠᠨ ᠳᠡᠮᠵᠢᠯᠭᠡ ᠵᠢ ᠢᠮᠠᠭᠳᠠ ᠰᠡᠳᠬᠢᠯ ᠳ᠋ᠡᠭᠡᠨ ᠲᠤᠡᠭᠭᠠᠵᠤ ᠶᠠᠪᠤᠳᠠᠭ᠃ ᠲᠡᠷᠡ ᠪᠡᠷ ᠲᠤᠰᠬᠠᠢ ᠬᠤᠷᠰᠢᠶ᠎ᠠ ᠪᠤᠯᠤᠨ ᠴᠠᠭᠠᠨ ᠢᠳᠡᠭᠡᠨ ᠤ᠋ ᠳᠡᠯᠭᠡᠭᠦᠷ ᠲᠡᠭᠡᠨ 10 ᠭᠠᠷᠤᠢ ᠮᠠᠯᠴᠢᠨ ᠳ᠋ᠦ ᠠᠵᠢᠯ ᠤ᠋ᠨ ᠪᠠᠢᠷᠢ ᠬᠠᠡᠭᠭᠠᠨ᠂ ᠬᠤᠷᠤᠳ ᠴᠠᠭᠠᠨ ᠢᠳᠡᠭᠡᠨ ᠬᠢᠬᠦ ᠮᠡᠷᠭᠡᠵᠢᠯ ᠶ᠋ᠢᠡᠨ ᠬᠠᠷᠠᠮ ᠦᠭᠡᠢ ᠵᠢᠭᠠᠨ ᠦᠭᠴᠦ᠂ ᠴᠠᠭᠠᠨ ᠢᠳᠡᠭᠡᠨ ᠶ᠋ᠢᠡᠨ ᠰᠠᠷ᠎ᠠ ᠪᠤᠯᠭᠠᠨ ᠨᠢᠭᠡ ᠤᠳᠠᠭ᠎ᠠ ᠬᠢᠮᠳᠠᠷᠠᠯ ᠲᠠᠢ ᠪᠤᠷᠤᠯᠠᠭᠤᠯᠬᠤ ᠠᠵᠢᠯᠯᠠᠭ᠎ᠠ ᠦᠷᠨᠢᠭᠦᠯᠵᠤ᠂ ᠤᠯᠠᠨ ᠲᠦᠮᠡᠨ ᠤ᠋ ᠤᠯᠠᠨ ᠵᠢᠯ ᠤ᠋ᠨ ᠬᠠᠯᠠᠭᠤᠨ ᠳᠡᠮᠵᠢᠯᠭᠡ ᠳ᠋ᠦ ᠲᠠᠯᠠᠷᠬᠠᠵᠤ ᠪᠠᠢᠬᠤ ᠰᠡᠳᠬᠢᠯᠬᠡ ᠪᠠᠨ ᠢᠯᠡᠳᠬᠡᠳᠡᠭ᠃


QQ截图20260731152416.png


ᠬᠠᠢᠷ᠎ᠠ ᠬᠠᠯᠠᠮᠵᠢ ᠶ᠋ᠢᠨ ᠠᠵᠢᠯᠯᠠᠭ᠎ᠠ ᠳ᠋ᠦ ᠣᠷᠣᠯᠴᠠᠨ᠎ᠠ


ᠰᠦ ᠰᠢᠭ ᠴᠠᠢᠯᠭᠠᠨ ᠰᠡᠳᠬᠢᠯᠲᠦ ᠨᠡᠷᠡᠨᠴᠢᠮᠡᠭ ᠬᠠᠢᠷ᠎ᠠ ᠬᠠᠯᠠᠮᠵᠢ ᠶ᠋ᠢᠨ ᠠᠵᠢᠯᠯᠠᠭ᠎ᠠ ᠳ᠋ᠦ ᠦᠷᠭᠦᠯᠵᠢ ᠤᠷᠤᠯᠴᠠᠵᠤ᠂ ᠨᠡᠢᠭᠡᠮ ᠨᠡᠢᠲᠡ ᠳ᠋ᠤ ᠦᠪᠡᠷ ᠤ᠋ᠨ ᠬᠡᠰᠡᠨ ᠬᠤᠪᠢ ᠨᠡᠮᠡᠷᠢ ᠪᠠᠨ ᠦᠵᠡᠭᠦᠯᠵᠦ ᠶᠠᠪᠤᠨ᠎ᠠ᠃ ᠲᠡᠷᠡ ᠪᠡᠷ ᠵᠢᠯ ᠪᠤᠯᠭᠠᠨ ᠨᠢᠭᠡ ᠪᠦᠯᠦᠭ ᠬᠠᠳᠠᠭᠠᠯᠠᠮᠵᠢ ᠪᠠᠨ ᠭᠠᠷᠭᠠᠵᠤ᠂ ᠵᠢᠯ ᠪᠦᠷᠢ ᠠᠮᠢᠳᠤᠷᠠᠯ ᠨᠢ ᠬᠦᠴᠢᠷᠳᠡᠯᠲᠡᠢ ᠬᠦᠮᠦᠰ᠂ ᠨᠠᠰᠤᠲᠠᠢᠴᠤᠳ ᠤ᠋ᠨ ᠠᠰᠠᠷᠠᠮᠵᠢ ᠶ᠋ᠢᠨ ᠬᠦᠷᠢᠶᠡᠯᠡᠡᠭ᠂ ᠬᠡᠤᠬᠡᠳ ᠤ᠋ᠨ ᠴᠡᠴᠡᠷᠯᠢᠭ᠂ ᠠᠬᠠᠮᠠᠳ ᠨᠠᠮ ᠤ᠋ᠨ ᠭᠡᠰᠢᠭᠦᠨ ᠵᠡᠷᠬᠡ ᠵᠢ 2 — 3 ᠤᠳᠠᠭ᠎ᠠ ᠡᠷᠬᠢᠨ ᠦᠵᠡᠵᠦ᠂ ᠤᠳᠠᠭ᠎ᠠ ᠪᠤᠯᠭᠠᠨ ᠤ᠋ ᠠᠵᠢᠯᠯᠠᠭ᠎ᠠ ᠳ᠋ᠤ ᠲᠦᠮᠡ ᠰᠢᠬᠠᠮ ᠲᠦᠭᠦᠷᠢᠭ ᠤ᠋ᠨ ᠡᠳ᠋ ᠪᠤᠳᠠᠰ ᠪᠠ ᠪᠡᠯᠡ ᠮᠦᠡᠭᠬᠦ ᠪᠡᠯᠡᠳᠭᠡᠳᠡᠭ ᠪᠠᠢᠯ᠎ᠠ᠃ 2019 ᠤᠨ ᠡᠴᠡ ᠡᠬᠢᠯᠡᠨ ᠨᠠᠷᠠᠨᠴᠢᠮᠡᠭ ᠪᠠᠰᠠ ᠶᠠᠳᠠᠭᠤ ᠬᠦᠴᠢᠷᠳᠡᠯᠲᠠᠢ ᠨᠢᠭᠡᠨ ᠰᠤᠷᠤᠭᠴᠢ ᠵᠢ ᠲᠤᠰᠠᠯᠠᠨ ᠲᠡᠮᠵᠢᠵᠤ᠂ ᠳᠡᠭᠡᠳᠦ ᠳᠤᠮᠳᠠᠳᠤ ᠵᠢ ᠨᠢ ᠲᠡᠭᠦᠰᠭᠡᠵᠦ ᠪᠠᠢᠭ᠎ᠠ ᠪᠦᠭᠡᠳ ᠬᠤᠰᠢᠭᠤᠨ ᠤ᠋ ᠪᠠᠨ ᠡᠮᠡᠭᠲᠡᠢᠴᠦᠳ ᠤ᠋ᠨ ᠬᠤᠯᠪᠤᠭ᠎ᠠ ᠶ᠋ᠢᠨ ᠡᠵᠢ ᠪᠠᠨ ᠬᠠᠢᠷᠠᠯᠠᠬᠤ ᠠᠵᠢᠯᠯᠠᠭ᠎ᠠ ᠳ᠋ᠦ ᠤᠯᠠᠨᠲᠠ ᠤᠷᠤᠯᠴᠠᠭᠰᠠᠭᠠᠷ ᠢᠷᠡᠵᠠᠢ᠃ ᠡᠢᠨ ᠬᠦ᠌ ᠠᠵᠢᠯᠴᠢ ᠬᠦᠳᠡᠯᠮᠦᠷᠢᠴᠢ ᠪᠡᠷ ᠦᠢᠯᠡᠰ ᠪᠤᠰᠠᠬᠵᠤ᠂ ᠨᠠᠰᠤᠲᠠᠨ ᠶ᠋ᠢᠡᠨ ᠠᠰᠠᠷᠠᠨ ᠨᠢᠯᠬᠠᠰ ᠶ᠋ᠢᠡᠨ ᠬᠠᠢᠷᠠᠯᠠᠬᠤ ᠪᠤᠯᠪᠠᠰᠤᠨ ᠰᠤᠷᠳᠠᠯ ᠨᠢ ᠬᠦᠮᠦᠨ ᠤᠯᠠᠨ ᠤ᠋ ᠰᠠᠢᠰᠢᠶᠠᠯ ᠢ᠋ ᠤᠯᠵᠤ᠂ ᠨᠠᠷᠠᠨᠴᠢᠮᠡᠭ ᠤ᠋ᠨ ᠬᠢ ᠨᠢ ᠪᠤᠭᠤᠲᠤ ᠬᠤᠲᠠ ᠶ᠋ᠢᠨ ᠲᠠᠪᠤᠨ ᠰᠠᠢᠨᠲᠠᠢ ᠭᠡᠷ ᠪᠦᠯᠢ᠂ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠬᠠᠮᠤᠭ ᠤ᠋ᠨ ᠰᠠᠢᠬᠠᠨ ᠭᠡᠷ ᠪᠦᠯᠢ ᠵᠡᠷᠭᠡ ᠢᠷᠡᠭᠤ ᠠᠯᠳᠠᠷ ᠢ᠋ ᠤᠯᠠᠨᠳᠠ ᠬᠦᠷᠳᠡᠵᠦ᠂ ᠮᠠᠯᠴᠢᠳ ᠤ᠋ᠨ ᠶ᠋ᠢᠡᠨ ᠬᠡᠪ ᠳᠠᠭᠤᠷᠢᠶᠠᠯ ᠪᠤᠯᠵᠤ ᠶᠠᠪᠤᠨ᠎ᠠ᠃

《ᠡᠨᠡ ᠤᠳᠠᠭ᠎ᠠ ᠵᠢᠨ ᠪᠢᠰᠢᠯᠠᠭ ᠤ᠋ᠨ ᠠᠵᠤ ᠦᠢᠯᠡᠰ ᠤ᠋ᠨ ᠲᠦᠷᠦᠯ ᠲᠡᠮᠲᠡᠭ ᠤ᠋ᠨ ᠲᠠᠨᠢᠯᠴᠠᠭᠤᠯᠭ᠎ᠠ ᠶ᠋ᠢᠨ ᠬᠤᠷᠠᠯ ᠳ᠋ᠦ ᠤᠷᠤᠯᠴᠠᠭᠠᠳ ᠮᠠᠰᠢ ᠶᠡᠬᠡ ᠤᠯᠤᠯᠲᠠ ᠲᠠᠢ᠂ ᠪᠤᠰᠤᠳ ᠤ᠋ᠨ ᠭᠤᠶᠤ ᠰᠠᠢᠬᠠᠨ ᠬᠢᠵᠦ ᠪᠠᠢᠭ᠎ᠠ ᠪᠦᠲᠦᠭᠡᠭᠳᠡᠭᠦᠨ ᠢ᠋ ᠦᠵᠡᠯ᠎ᠡ᠂ ᠦᠪᠡᠷ ᠤ᠋ᠨ ᠬᠤᠷᠤᠳ ᠴᠠᠭᠠᠨ ᠢᠳᠡᠭᠡᠨ ᠴᠦ᠍ ᠪᠤᠷᠤᠯᠠᠭᠤᠯᠭ᠎ᠠ ᠰᠠᠢᠲᠠᠢ ᠪᠠᠢᠨ᠎ᠠ᠃ ᠪᠢ ᠤᠳᠤ ᠦᠪᠡᠷ ᠶ᠋ᠢᠡᠨ ᠰᠦ ᠲᠠᠢ ᠮᠦᠰᠦᠮᠡᠯᠵᠢ ᠬᠢᠬᠦ ᠪᠡᠷ ᠲᠤᠷᠰᠢᠵᠤ᠂ ᠬᠦᠮᠦᠰ ᠲᠦ᠍ ᠪᠤᠬᠢᠷᠳᠤᠯ ᠦᠭᠡᠢ ᠰᠦᠨ ᠮᠦᠰᠦᠮᠡᠯᠵᠢ ᠵᠢ ᠠᠮᠳᠠᠯᠠᠭᠤᠯᠬᠤ ᠪᠡᠷ ᠴᠢᠷᠮᠠᠢᠵᠤ ᠪᠠᠢᠨ᠎ᠠ》 ᠭᠡᠵᠦ ᠨᠡᠷᠡᠨᠴᠢᠮᠡᠭ ᠤᠷᠮᠠᠳᠠᠢ ᠶᠠᠷᠢᠵᠤ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面