ᠲᠡᠷᠢᠭᠦᠨ ᠨᠢᠭᠤᠷ>ᠰᠢᠨ᠎ᠡ ᠬᠦᠳᠡᠭᠡ>ᠪᠠᠶᠠᠵᠢᠯ᠎ᠤᠨ ᠵᠣᠷ

2026-09-25 15:15:08

ᠵᠣᠬᠢᠶᠠᠭ᠍ᠴᠢ᠄ ᠬᠦᠭᠵᠢᠯᠳᠦ ᠨᠠᠮᠤᠭ ᠣᠩᠱᠢᠭ᠍ᠰᠠᠨ ᠣᠳᠠᠭ᠎ᠠ᠄ 3

ᠬᠦᠳᠡᠭᠡ ᠵᠢᠨ ᠮᠠᠯᠴᠢᠨ ᠬᠦᠬᠡᠬᠤᠲᠠ᠎ᠳᠤ 15


— ᠲᠠᠨ ᠤ᠋ ᠤᠷᠠᠯᠠᠭᠰᠠᠨ ᠬᠤᠨᠢ ᠵᠢ 50 ᠢᠵᠢ ᠬᠤᠳᠠᠯᠳᠤᠭᠰᠠᠨ ᠰᠢᠦ᠂ ᠮᠦᠩᠬᠦ ᠵᠢ ᠨᠢ ᠶᠠᠪᠤᠭᠤᠯᠵᠦ ᠦᠭᠬᠦᠶ᠎ᠠ᠃

— ᠦᠳᠡ ᠶ᠋ᠢᠨ ᠬᠤᠢᠨ᠎ᠠ ᠪᠠᠷᠠᠭ᠎ᠠ ᠪᠠᠨ ᠨᠦᠬᠦᠵᠦ ᠶᠠᠪᠤᠭᠤᠯ ᠳ᠋ᠠ ᠁

ᠲᠦᠷᠦᠬᠦᠬᠡᠨ ᠶᠠᠪᠤᠭᠳᠠᠭᠰᠠᠨ ᠠᠷᠪᠠᠳᠤᠭᠠᠷ ᠬᠤᠭᠤᠴᠠᠭᠠᠨ ᠤ᠋ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠠᠵᠤ ᠦᠢᠯᠡᠰ ᠤ᠋ᠨ ᠦᠵᠡᠰᠬᠦᠯᠡᠩ ᠪᠠ ᠠᠷᠠᠯᠵᠢᠶᠠᠨ ᠤ᠋ ᠴᠤᠭᠯᠠᠭᠠᠨ ᠤ᠋ ᠠᠢᠮᠠᠭ ᠬᠤᠳᠠ ᠶ᠋ᠢᠨ ᠰᠤᠶᠤᠯ ᠤ᠋ᠨ ᠠᠵᠤ ᠦᠢᠯᠡᠰ ᠤ᠋ᠨ ᠭᠤᠤᠯ ᠰᠡᠳᠦᠪᠳᠦ ᠦᠵᠡᠬᠦᠯᠬᠡ ᠶ᠋ᠢᠨ ᠲᠤᠭᠤᠷᠢᠭ ᠲᠦ᠍᠂ ᠮᠠᠯᠴᠢᠨ ᠬᠤᠷᠸ᠎ᠠ ᠰᠤᠶᠤᠯ ᠤ᠋ᠨ ᠪᠦᠳᠦᠭᠡᠯᠴᠢ ᠦᠢᠯᠡᠳᠬᠦᠨ ᠢ᠋ᠶ᠋ᠡᠨ ᠳᠠᠨᠢᠯᠴᠠᠭᠤᠯᠤᠨ ᠬᠤᠳᠠᠯᠳᠤᠵᠤ᠂ ᠤᠯᠤᠭᠰᠠᠨ ᠮᠦᠩᠬᠦ ᠪᠠᠨ ᠵᠢᠷᠬᠢᠶ᠎ᠠ ᠶ᠋ᠢᠨ ᠤᠯᠠᠭᠠᠨ ᠪᠠᠭᠯᠠᠭ᠎ᠠ ᠪᠡᠷ ᠤᠷᠠᠯᠠᠭᠰᠠᠨ ᠡᠵᠡᠨ ᠳ᠋ᠤᠨᠢ ᠶᠠᠪᠤᠭᠤᠯᠵᠤ᠂ ᠪᠤᠷᠪᠢ ᠪᠤᠬᠢᠰᠭᠢᠯ ᠦᠬᠡᠢ ᠶᠠᠭᠠᠷᠠᠨ᠎ᠠ᠃


QQ20260925-144933.png


《ᠮᠢᠨᠤ ᠵᠢᠩᠬᠢᠨᠢ ᠨᠡᠷ᠎ᠠ ᠬᠤᠷᠯᠤᠮ᠎ᠠ ᠭᠡᠳᠡᠭ᠂ ᠬᠦᠮᠦᠰ ᠠᠨᠳᠠᠭᠤ ᠳᠠᠭᠤᠳᠠᠭᠰᠠᠭᠠᠷ ᠪᠠᠢᠭᠠᠳ ᠤᠳᠤ ᠬᠤᠷᠸ᠎ᠠ ᠪᠤᠯᠴᠢᠬᠠᠭᠰᠠᠨ》 ᠭᠡᠳ ᠦᠬᠡᠳᠡ ᠴᠢᠷᠠᠢ ᠲᠠᠢ᠂ ᠡᠶᠡᠯᠳᠡᠭ ᠵᠠᠩ ᠲᠠᠢ ᠬᠤᠷᠸ᠎ᠠ ᠠᠵᠢᠯ ᠲᠦᠷᠦᠯ ᠠᠮᠢᠳᠤᠷᠠᠯ ᠦᠢᠯᠡᠰ ᠢ᠋ᠶ᠋ᠡᠨ ᠳᠠᠨᠢᠯᠴᠠᠭᠤᠯᠵᠦ ᠭᠠᠷᠤᠯ᠎ᠠ᠃

ᠬᠤᠷᠸ᠎ᠠ ᠶ᠋ᠢᠨ ᠲᠦᠷᠦᠭᠰᠡᠨ ᠨᠤᠲᠤᠭ ᠤᠯᠠᠭᠠᠨᠴᠠᠪ ᠬᠤᠳᠠ ᠶ᠋ᠢᠨ ᠲᠦᠷᠪᠡᠳ ᠬᠤᠰᠢᠭᠤᠨ ᠤ᠋ ᠬᠤᠩᠭᠤᠷ ᠰᠤᠮᠤ᠃ ᠲᠤᠷᠠᠰᠴᠤ ᠶᠠᠷᠢᠬᠤ ᠪᠡᠷ᠂ ᠲᠡᠬᠦᠨ ᠤ᠋ ᠨᠠᠭᠠᠴᠤ ᠡᠪᠦᠭᠡ᠂ ᠨᠠᠭᠠᠴᠤ ᠡᠮᠡᠭᠡ ᠨᠢ ᠶᠡᠬᠡ ᠤᠷᠠᠨ ᠤᠶᠦᠳᠠᠯᠴᠢᠨ᠂ ᠨᠠᠭᠠᠴᠤ ᠨᠠᠷ ᠨᠢ ᠴᠦ᠍ ᠵᠢᠷᠤᠭ ᠰᠠᠢᠬᠠᠨ ᠵᠢᠷᠤᠳᠠᠭ ᠭᠠᠷ ᠤᠷᠠᠴᠤᠳ᠃ ᠬᠤᠷᠸ᠎ᠠ ᠶ᠋ᠢᠨ ᠠᠪᠤ ᠨᠢ ᠪᠠᠰᠠ ᠮᠤᠳᠤᠨ ᠳᠠᠷᠬᠠᠨ᠂ ᠮᠦᠩᠬᠦᠨ ᠳᠠᠷᠬᠠᠨ ᠤ᠋ ᠠᠵᠢᠯ ᠢ᠋ ᠰᠠᠢᠠ ᠬᠢᠳᠡᠭ ᠮᠦᠷᠳᠡᠭᠡᠨ ᠮᠠᠰᠢᠨ ᠲᠡᠷᠭᠡ ᠰᠠᠢᠨ ᠵᠠᠰᠠᠳᠠᠭ᠃ ᠡᠢᠨ ᠬᠦ᠌ ᠤᠷ᠎ᠠ ᠤᠬᠠᠭᠠᠨ᠂ ᠠᠪᠢᠶᠠᠰ ᠪᠢᠯᠢᠭᠳᠡᠨ ᠤ᠋ ᠬᠡᠷ ᠲᠦ᠍ ᠲᠦᠷᠦᠵᠦ ᠦᠰᠦᠭᠰᠡᠨ ᠬᠤᠷᠸ᠎ᠠ ᠬᠠᠷᠠᠬᠠᠨ ᠪᠠᠭ᠎ᠠ ᠡᠴᠡ ᠪᠠᠨ ᠶᠠᠭᠤᠮ᠎ᠠ ᠵᠢ ᠰᠤᠪᠢᠵᠦ ᠰᠢᠨᠵᠢᠵᠦ ᠶᠠᠪᠤᠳᠠᠭ ᠠᠪᠬᠠᠯᠵᠢ ᠰᠡᠷᠬᠦᠯᠡᠩ᠂ ᠭᠠᠷ ᠤᠷᠠᠨ ᠬᠦᠳᠡᠭᠡ ᠶ᠋ᠢᠨ ᠰᠢᠷ᠎ᠠ ᠦᠬᠢᠨ ᠪᠠᠢᠯ᠎ᠠ ᠭᠡᠳᠡᠭ᠃


QQ20260925-144950.png


2003 ᠤᠨ ᠳ᠋ᠦ ᠡᠵᠢ ᠨᠢ ᠰᠢᠯᠤᠭᠤᠨ ᠬᠦᠬᠡ ᠬᠤᠰᠢᠭᠤᠨ ᠳ᠋ᠦ ᠤᠶᠤᠳᠠᠯ ᠤ᠋ᠨ ᠭᠠᠵᠠᠷ ᠡᠷᠬᠢᠯᠡᠵᠤ᠂ ᠬᠤᠷᠸ᠎ᠠ ᠡᠵᠢ ᠳ᠋ᠡᠭᠡᠨ ᠬᠠᠮᠵᠢᠵᠦ ᠶᠠᠪᠤᠭᠰᠠᠨ ᠨᠢ ᠲᠡᠬᠦᠨ ᠤ᠋ ᠠᠵᠢᠯ ᠦᠢᠯᠡᠰ ᠤ᠋ᠨ ᠵᠠᠮ ᠳ᠋ᠦ ᠰᠤᠷᠢᠯᠳᠠ ᠰᠤᠪᠢᠯᠳᠠ ᠪᠤᠯᠵᠠᠢ᠃ ᠲᠡᠷᠡ ᠪᠡᠷ 2010 ᠤᠨ ᠳ᠋ᠦ ᠰᠢᠯᠤᠭᠤᠨ ᠬᠦᠬᠡ ᠬᠤᠰᠢᠭᠤᠨ ᠳ᠋ᠦ ᠠᠢᠯ ᠤ᠋ᠨ ᠪᠡᠷᠢ ᠪᠤᠯᠤᠨ ᠮᠤᠷᠳᠠᠭᠰᠠᠨ ᠪᠤᠯᠪᠠᠴᠤ ᠰᠡᠬᠦᠯ ᠳ᠋ᠤᠨᠢ ᠨᠦᠬᠦᠷ ᠬᠡᠷᠬᠡᠢ ᠶ᠋ᠢᠨ ᠰᠠᠨᠠᠭ᠎ᠠ ᠵᠤᠷᠢᠯᠳᠠ ᠠᠳᠠᠯᠢ ᠪᠤᠰᠤ ᠡᠴᠡ ᠪᠤᠯᠤᠭᠠᠳ ᠬᠤᠪᠢ ᠬᠤᠪᠢ ᠪᠡᠨ ᠬᠦᠭᠡᠭᠡᠵᠦ᠂ ᠬᠤᠷᠸ᠎ᠠ ᠬᠦᠦ ᠪᠡᠨ ᠠᠪᠤᠭᠠᠳ ᠡᠵᠢ ᠲᠠᠢ ᠪᠠᠨ ᠬᠠᠮᠳᠦ ᠠᠮᠢᠳᠤᠷᠠᠨ᠂ ᠠᠮᠢᠳᠤᠷᠠᠯ ᠤ᠋ᠨ ᠬᠦᠨᠳᠤ ᠬᠠᠷᠢᠭᠤᠴᠠᠯᠭ᠎ᠠ ᠶ᠋ᠢ ᠮᠦᠷᠦᠨ ᠳ᠋ᠡᠭᠡᠨ ᠡᠭᠦᠷᠴᠠᠢ᠃

ᠤᠷᠠᠨ ᠤᠶᠤᠳᠠᠯ ᠬᠢᠳᠡᠭ ᠬᠦᠮᠦᠨ ᠤ᠋ ᠠᠵᠢᠭᠴᠢ ᠬᠢᠷᠠᠬᠠᠢ ᠠᠷᠠᠨᠰᠢᠨ ᠬᠡᠬᠦ ᠤ᠋ᠤ?ᠦᠪ ᠰᠤᠶᠤᠯ ᠢ᠋ᠶ᠋ᠡᠨ ᠬᠢᠮᠠᠭᠠᠳᠠᠨ ᠪᠤᠳᠤᠵᠦ ᠶᠠᠪᠤᠳᠠᠭ ᠡᠴᠡ ᠨᠢ ᠪᠤᠯᠤᠭᠰᠠᠨ ᠬᠡᠬᠦ ᠤᠤ? 2015 ᠤᠨ ᠳ᠋ᠦ ᠬᠤᠨᠢᠨ ᠠᠷᠠᠰᠤ ᠶᠡᠬᠡ ᠪᠡᠷ ᠬᠢᠮᠳᠠᠷᠠᠵᠦ᠂ ᠪᠠᠷᠤᠭ ᠯᠡ ᠵᠦᠬᠡᠷ ᠬᠠᠶᠠᠬᠤ ᠬᠡᠮᠵᠢᠶᠡᠨ ᠳ᠋ᠦ ᠬᠦᠷᠦᠭᠰᠡᠨ ᠢ᠋ ᠬᠠᠷᠠᠭᠠᠳ ᠬᠤᠷᠸ᠎ᠠ ᠵᠢᠷᠦᠬᠡ ᠰᠢᠮᠰᠢᠷᠡᠬᠦ ᠳ᠋ᠡᠭᠡᠨ ᠰᠢᠯᠤᠭᠤᠨ ᠬᠦᠬᠡ ᠬᠤᠰᠢᠭᠤᠨ ᠤ᠋ ᠲᠦᠪ ᠱᠠᠩᠳᠦ ᠪᠠᠯᠭᠠᠰᠤᠨ ᠳ᠋ᠦ ᠠᠷᠠᠰᠤ ᠨᠤᠤᠰᠤ ᠡᠳ᠋ᠰᠢᠬᠦᠯᠦᠨ ᠪᠤᠯᠪᠠᠰᠤᠷᠠᠭᠤᠯᠬᠤ ᠲᠦᠪ ᠬᠡᠮᠡᠨ ᠭᠠᠷᠭᠠᠵᠦ᠂ ᠡᠳᠦᠷᠵᠢᠨ ᠠᠷᠠᠰᠤ ᠨᠤᠤᠰᠤ ᠲᠠᠢ ᠨᠤᠴᠤᠯᠳᠤᠵᠦ ᠶᠠᠪᠤᠵᠠᠢ᠃ 《ᠲᠡᠭᠡᠵᠦ ᠪᠠᠢᠳᠠᠯ᠎ᠠ ᠨᠢᠭᠡ ᠤᠳᠠᠭ᠎ᠠ 500 ᠡᠳ᠋ᠰᠢᠬᠦᠯᠦᠭᠰᠡᠨ ᠠᠷᠠᠰᠤ ᠠᠪᠬᠤ ᠵᠠᠬᠢᠶᠠᠯᠠᠭ᠎ᠠ ᠢᠷᠡᠵᠦ ᠮᠠᠰᠢ ᠵᠤᠷᠢᠭᠵᠢᠭᠰᠠᠨ》 ᠭᠡᠵᠦ ᠬᠤᠷᠸ᠎ᠠ ᠪᠠᠶᠠᠷᠳᠠᠢ ᠬᠡᠯᠡᠨ᠎ᠠ᠃ ᠳᠡᠳᠡ ᠠᠷᠠᠰᠤ ᠨᠤᠤᠰᠤ ᠪᠠᠨ ᠤᠯᠠᠮᠵᠢᠯᠠᠯᠳᠦ ᠪᠠᠢᠭᠠᠯᠢᠯᠢᠭ ᠠᠷᠭ᠎ᠠ ᠪᠡᠷ ᠡᠳ᠋ᠰᠢᠬᠦᠯᠳᠡᠭ ᠪᠤᠯᠬᠤᠷ ᠶᠠᠪᠤᠭᠠᠨ ᠳ᠋ᠠᠭᠠᠨ ᠠᠷᠠᠰᠤ ᠨᠤᠤᠰᠤᠨ ᠤ᠋ ᠪᠦᠳᠦᠭᠡᠭᠳᠡᠬᠦᠨ ᠤ᠋ ᠠᠰᠢᠭ ᠤᠷᠤᠯᠭ᠎ᠠ ᠨᠢ ᠶᠡᠬᠡ ᠰᠠᠢᠨ ᠪᠤᠯᠵᠠᠢ᠃




ᠠᠯᠤᠰ ᠤ᠋ᠨ ᠬᠠᠷᠠᠯᠳᠠ ᠬᠤᠯᠠ ᠶ᠋ᠢᠨ ᠪᠤᠳᠤᠯ ᠳ᠋ᠠᠭᠠᠨ ᠬᠦᠳᠦᠯᠦᠭᠳᠡᠭᠰᠡᠨ ᠬᠤᠷᠸ᠎ᠠ 2016 ᠤᠨ ᠳ᠋ᠦ ᠤᠯᠠᠮᠵᠢᠯᠠᠯᠳᠦ ᠠᠷᠠᠰᠤ ᠨᠤᠤᠰᠤ ᠡᠳ᠋ᠰᠢᠬᠦᠯᠦᠨ ᠪᠤᠯᠪᠠᠰᠤᠷᠠᠭᠤᠯᠬᠤ ᠦᠢᠯᠡᠳᠪᠦᠷᠢ ᠪᠠᠢᠭᠤᠯᠵᠦ᠂ ᠠᠷᠠᠰᠤᠨ ᠬᠤᠪᠴᠠᠰᠤ᠂ ᠵᠠᠰᠠᠯ ᠴᠢᠮᠡᠭ᠂ ᠭᠠᠷ ᠤᠷᠠᠯᠠᠯ ᠤ᠋ᠨ ᠡᠳ᠋ ᠬᠢᠵᠦ ᠡᠬᠢᠯᠡᠭᠰᠡᠨ᠃ ᠨᠢᠭᠡ ᠤᠳᠠᠭ᠎ᠠ ᠵᠡᠬᠦᠨ ᠦᠵᠦᠮᠦᠴᠢᠨ ᠬᠤᠰᠢᠭᠤᠨ ᠳ᠋ᠦ ᠬᠦᠷᠴᠦ ᠠᠷᠠᠰᠤ ᠨᠤᠤᠰᠤ ᠵᠢ ᠡᠳ᠋ᠰᠢᠬᠦᠯᠦᠨ ᠪᠦᠳᠦᠭᠡᠭᠳᠡᠬᠦᠨ ᠪᠤᠯᠭᠠᠬᠤ ᠪᠤᠯᠪᠠᠰᠤᠷᠠᠯ ᠳ᠋ᠦ ᠤᠷᠤᠭᠰᠠᠨ ᠳ᠋ᠦ 70 ᠭᠠᠷᠤᠭᠰᠠᠨ ᠨᠠᠰᠤᠳᠠᠨ ᠳᠡᠬᠦᠨ ᠳ᠋ᠦ 《ᠮᠠᠯ ᠤ᠋ᠨ ᠪᠤᠶᠠᠨ ᠠᠷᠠᠰᠤ ᠨᠤᠤᠰᠤᠨ ᠳ᠋ᠠᠭᠠᠨ ᠪᠠᠢᠳᠠᠭ ᠶᠤᠮ᠃ ᠳᠠᠨᠤᠰ ᠪᠤᠶᠠᠨ ᠢ᠋ᠶ᠋ᠡᠨ ᠤᠯᠤᠨ᠎ᠠ》 ᠬᠡᠮᠡᠨ ᠰᠤᠷᠭᠠᠮᠵᠢᠯᠠᠵᠦ ᠲᠡᠬᠦᠨ ᠳ᠋ᠤ ᠮᠠᠰᠢ ᠶᠡᠬᠡ ᠤᠷᠮ᠎ᠠ ᠵᠤᠷᠢᠭ ᠬᠠᠢᠷᠠᠯᠠᠭᠰᠠᠨ ᠭᠡᠳᠡᠭ᠃

ᠵᠤᠷᠢᠭ ᠨᠢᠭᠡᠳᠡᠨ ᠤ᠋ ᠵᠠᠮ ᠨᠢᠭᠡ ᠬᠡᠳᠡᠭᠴᠢᠯᠡᠨ᠂ 2019 ᠤᠨ ᠳ᠋ᠤ ᠬᠤᠷᠸ᠎ᠠ ᠰᠢᠯᠤᠭᠤᠨ ᠬᠦᠬᠡ ᠬᠤᠰᠢᠭᠤᠨ ᠤ᠋ ᠱᠠᠭ᠎ᠠ ᠲᠤᠭᠯᠠᠭᠠᠮ ᠤ᠋ᠨ ᠪᠤᠳᠠᠰ ᠤ᠋ᠨ ᠪᠤᠰᠤ ᠰᠤᠶᠤᠯ ᠤ᠋ᠨ ᠦᠪᠯᠡᠨ ᠤᠯᠠᠮᠵᠢᠯᠠᠭᠴᠢ ᠰᠢᠵᠢᠷ ᠲᠠᠢ ᠬᠠᠮᠳᠤᠷᠠᠨ ᠨᠠᠢ᠍ᠮᠠᠨ ᠰᠢᠷᠭ᠎ᠠ ᠤᠯᠠᠮᠵᠢᠯᠠᠯᠳᠦ ᠠᠷᠠᠰᠤ ᠨᠤᠤᠰᠤ ᠡᠳ᠋ᠰᠢᠬᠦᠯᠦᠨ ᠪᠤᠯᠪᠠᠰᠤᠷᠠᠭᠤᠯᠬᠤ ᠺᠤᠮᠫᠠᠨᠢ ᠶ᠋ᠢ ᠡᠬᠦᠰᠬᠡᠨ ᠪᠠᠢᠭᠤᠯᠵᠦ᠂ ᠠᠷᠠᠰᠤ ᠨᠤᠤᠰᠤᠨ ᠤ᠋ ᠠᠵᠤ ᠦᠢᠯᠡᠰ ᠢ᠋ᠶ᠋ᠡᠨ ᠤᠯᠠᠮ ᠦᠷᠭᠡᠳᠬᠡᠨ᠂ ᠨᠡᠩ ᠦᠷᠭᠡᠨ ᠴᠢᠯᠦᠬᠡᠨ ᠤ᠋ ᠵᠠᠬ᠎ᠠ ᠲᠠᠯᠬᠡᠬᠦᠷ ᠲᠦ᠍ ᠬᠦᠯ ᠳᠠᠯᠪᠢᠵᠦ ᠡᠬᠢᠯᠡᠵᠡᠢ᠃ ᠳᠡᠳᠡᠨ ᠤ᠋ ᠦᠢᠯᠡᠴᠢᠯᠡᠭᠡ ᠪᠦᠷᠢᠨ᠂ ᠪᠦᠳᠦᠭᠡᠭᠳᠡᠬᠦᠨ ᠨᠢ ᠴᠢᠨᠠᠷ ᠰᠠᠢᠨ ᠪᠠᠢᠳᠠᠭ ᠢ᠋ᠶ᠋ᠡᠷ ᠢ᠋ᠶ᠋ᠡᠨ ᠪᠦᠬᠦ ᠤᠷᠤᠨ᠂ ᠲᠡᠷᠡᠴᠢᠯᠡᠨ ᠱᠠᠩᠬᠠᠢ᠂ ᠭᠤᠧᠠᠩᠵᠧᠦ᠂ ᠬᠠᠩᠵᠧᠦ ᠵᠡᠷᠭᠡ ᠮᠤᠵᠢ ᠬᠤᠳᠠ ᠪᠠ ᠶᠠᠫᠤᠨ᠂ ᠮᠤᠨᠭᠭᠤᠯ ᠵᠡᠷᠭᠡ ᠤᠯᠤᠰ ᠤᠷᠤᠨ ᠶ᠋ᠢᠡᠷ ᠪᠤᠷᠤᠯᠠᠭᠤᠯᠤᠭᠳᠠᠵᠤ ᠡᠬᠢᠯᠡᠯ᠎ᠠ᠃

ᠪᠠᠭ᠎ᠠ ᠡᠴᠡ ᠪᠠᠨ ᠶᠠᠭᠤᠮ᠎ᠠ ᠵᠢ ᠶᠡᠬᠡ ᠰᠢᠨᠵᠢᠨ ᠰᠤᠪᠢᠵᠦ ᠶᠠᠪᠤᠳᠠᠭ ᠬᠤᠷᠸ᠎ᠠ ᠪᠦᠳᠦᠭᠡᠭᠳᠡᠬᠦᠨ ᠤ᠋ ᠪᠠᠨ ᠵᠢᠷᠤᠭ ᠲᠦᠰᠦᠪᠯᠡᠯ ᠢ᠋ ᠶᠡᠬᠡᠩᠬᠢ ᠳ᠋ᠡᠭᠡᠨ ᠬᠠᠳᠠᠨ ᠵᠢᠷᠤᠭ ᠪᠤᠯᠤᠨ ᠳᠠᠮᠠᠭ᠎ᠠ ᠪᠡᠷ ᠭᠤᠤᠯᠯᠠᠭᠤᠯᠵᠤ᠂ ᠦᠪ ᠰᠤᠶᠤᠯ ᠤ᠋ᠨ ᠤᠯᠠᠮᠵᠢᠯᠠᠯ ᠢ᠋ ᠠᠪᠴᠤ ᠶᠠᠪᠤᠬᠤ ᠵᠢ ᠮᠠᠰᠢ ᠬᠢᠴᠢᠶᠡᠳᠡᠭ ᠮᠦᠷᠳᠡᠭᠡᠨ ᠦᠪᠡᠷ ᠢ᠋ᠶ᠋ᠡᠨ ᠵᠤᠷᠢᠭᠳᠠᠢ ᠪᠡᠷ ᠰᠢᠨ᠎ᠡ ᠶᠠᠭᠤᠮ᠎ᠠ ᠬᠢᠵᠦ᠂ ᠬᠦᠮᠦᠰ ᠤ᠋ᠨ ᠬᠦᠷᠢᠶᠡᠯᠡᠯ ᠢ᠋ ᠤᠯᠵᠠᠢ᠃ 《ᠨᠢᠭᠡ ᠡᠳᠦᠷ ᠵᠤᠬᠢᠶᠠᠯᠴᠢ ᠤᠶᠤᠨᠳᠠᠯᠠᠢ ᠪᠠᠭᠰᠢ ᠶ᠋ᠢᠨ ᠬᠡᠯᠡᠭᠰᠡᠨ 〈ᠪᠤᠳᠠᠰᠴᠢ ᠤᠷᠤᠰᠢᠵᠦ ᠪᠠᠢᠭ᠎ᠠ ᠴᠡᠴᠡᠭ ᠨᠠᠪᠴᠢ ᠮᠡᠳᠦ ᠶ᠋ᠢᠨ ᠵᠦᠢᠯᠡᠰ ᠢ᠋ ᠪᠤᠳᠠᠰᠴᠢ ᠪᠤᠰᠤ ᠵᠦᠢᠯ ᠳ᠋ᠦ ᠦᠢᠯᠡᠳᠦᠯᠭᠡᠵᠢᠬᠦᠯᠪᠡᠯ ᠶᠡᠬᠡ ᠵᠦᠬᠡᠷ ᠶᠤᠮ ᠳᠠ〉 ᠭᠡᠳᠡᠭ ᠦᠬᠡ ᠰᠠᠨᠠᠭᠠᠨ ᠳ᠋ᠦ ᠤᠷᠤᠭᠠᠳ᠂ ᠠᠯᠳᠠᠩᠬᠸ᠋᠎ᠠ ᠴᠡᠴᠡᠭ ᠶ᠋ᠢᠡᠷ ᠬᠡᠪ ᠲᠦᠷᠢ ᠪᠤᠯᠭᠠᠨ᠂ ᠭᠠᠷ ᠤᠷᠠᠯᠠᠯ ᠤ᠋ᠨ ᠡᠳ᠋ ᠬᠢᠵᠦ ᠡᠬᠢᠯᠡᠭᠰᠡᠨ ᠨᠢ ᠰᠠᠨᠠᠭᠠᠨ ᠡᠴᠡ ᠭᠠᠳᠠᠭᠤᠷ ᠶᠡᠬᠡ ᠠᠮᠵᠢᠯᠳᠠ ᠲᠠᠢ ᠪᠤᠯᠤᠭᠰᠠᠨ》 ᠭᠡᠵᠦ ᠬᠤᠷᠸ᠎ᠠ ᠤᠮᠤᠭᠰᠢᠨ ᠶᠠᠷᠢᠨ᠎ᠠ᠃ ᠲᠡᠭᠡᠵᠦ ᠯᠡ ᠲᠡᠷᠡ ᠪᠡᠷ ᠴᠠᠭ ᠤ᠋ᠨ ᠠᠮᠢ ᠲᠠᠢ ᠤᠯᠠᠷᠢᠯ ᠤ᠋ᠨ ᠴᠡᠴᠡᠭ ᠢ᠋ ᠬᠦᠮᠦᠰ ᠤ᠋ᠨ ᠡᠩᠬᠡᠷ ᠲᠦ᠍ ᠵᠡᠬᠦᠯᠳᠡ᠂ ᠦᠷᠦᠬᠡᠨ ᠳ᠋ᠦ ᠳ᠋ᠧᠩ ᠪᠤᠯᠭᠠᠵᠤ᠂ 《3·8》 ᠶ᠋ᠢᠨ ᠡᠮᠡᠭᠳᠡᠢᠴᠤᠳ ᠤ᠋ᠨ ᠪᠠᠶᠠᠷ ᠲᠦ᠍ ᠵᠤᠷᠢᠭᠤᠯᠤᠭᠰᠠᠨ ᠮᠦᠩᠭᠡ ᠶ᠋ᠢᠨ ᠠᠮᠢ ᠲᠠᠢ ᠴᠡᠴᠡᠭ ᠪᠤᠯᠭᠠᠭᠰᠠᠨ ᠢ᠋ᠶ᠋ᠡᠷ ᠤᠯᠠᠨ ᠤ᠋ ᠲᠤᠮᠳᠠ 《ᠠᠯᠳᠠᠩᠬᠸ᠋᠎ᠠ ᠴᠡᠴᠡᠭ ᠤ᠋ᠨ ᠬᠤᠷᠸ᠎ᠠ 》 ᠬᠡᠮᠡᠨ ᠲᠤᠳᠤᠨᠤᠴᠢᠯᠠᠨ ᠳᠠᠭᠤᠳᠠᠭᠳᠠᠭ ᠪᠤᠯᠤᠭᠰᠠᠨ ᠮᠦᠷᠳᠡᠭᠡᠨ ᠰᠢᠯᠤᠭᠤᠨ ᠬᠦᠬᠡ ᠬᠤᠰᠢᠭᠤ᠂ ᠰᠢᠯᠢᠩᠬᠤᠳᠠ ᠬᠡᠬᠦᠴᠢᠯᠡᠨ ᠤᠯᠠᠨ ᠭᠠᠵᠠᠷ ᠲᠦ᠍ ᠭᠠᠷ ᠤᠷᠠᠯᠠᠯ ᠤ᠋ᠨ ᠪᠤᠯᠪᠠᠰᠤᠷᠠᠯ ᠳ᠋ᠦ ᠪᠠᠭᠰᠢ ᠪᠡᠷ ᠤᠷᠢᠭᠳᠠᠨ ᠬᠢᠴᠢᠶᠡᠯᠯᠡᠪᠠ᠃ ᠲᠡᠷᠡ ᠪᠠᠰᠠ ᠰᠢᠯᠢᠩᠬᠤᠳᠠ ᠶ᠋ᠢᠨ ᠬᠤᠳᠠ ᠶ᠋ᠢᠨ ᠴᠡᠴᠡᠭ ᠪᠤᠯᠬᠤ ᠤᠳᠠᠨ ᠴᠡᠴᠡᠭ ᠢ᠋ ᠭᠠᠷ ᠤᠷᠠᠯᠠᠯ ᠪᠤᠯᠭᠠᠨ ᠵᠢᠷᠤᠵᠦ ᠲᠦᠰᠦᠪᠯᠡᠨ᠂ ᠤᠷᠠᠯᠠᠭᠰᠠᠨ ᠦᠢᠯᠡᠳᠬᠦᠨ ᠨᠢ ᠭᠠᠳᠠᠭᠠᠳᠦ ᠲᠤᠳᠤᠭᠠᠳᠦ ᠶ᠋ᠢᠨ ᠵᠢᠭᠤᠯᠴᠢᠯᠠᠭᠰᠡᠳ ᠤ᠋ᠨ ᠰᠤᠨᠢᠷᠬᠠᠯ ᠢ᠋ ᠶᠡᠬᠡᠳᠡ ᠳᠠᠳᠠᠵᠦ᠂ ᠤᠳᠤ ᠠᠨᠠᠷ ᠤ᠋ᠨ ᠵᠢᠷᠤᠭ ᠲᠦᠷᠰᠦ ᠵᠢ ᠭᠠᠷ ᠤᠷᠠᠯᠠᠯ ᠪᠤᠯᠭᠠᠬᠤ ᠵᠠᠬᠢᠶᠠᠯᠠᠭ᠎ᠠ ᠵᠢ ᠲᠤᠰᠤᠭᠠᠳ ᠪᠠᠢᠨ᠎ᠠ᠃


QQ20260925-145030.png


ᠤᠷᠤᠯᠳᠤᠯᠭ᠎ᠠ ᠰᠠᠢᠳᠦ ᠤᠷᠤᠢ ᠳ᠋ᠤᠨᠢ ᠭᠠᠷᠤᠨ᠎ᠠ ᠭᠡᠭᠴᠢ ᠪᠡᠷ ᠂ 2018 ᠤᠨ ᠡᠴᠡ ᠬᠤᠷᠸ᠎ᠠ ᠤᠯᠠᠮᠵᠢᠯᠠᠯᠳᠦ ᠤᠷ᠎ᠠ ᠮᠡᠷᠭᠡᠵᠢᠯ ᠳ᠋ᠡᠭᠡᠨ ᠲᠦᠰᠢᠭᠯᠡᠨ ᠠᠵᠢᠯ ᠤᠯᠭᠤᠯᠳᠠ ᠵᠢ ᠳᠠᠢᠴᠢᠯᠠᠬᠤ ᠡᠬᠦᠳᠡᠨ ᠡᠴᠡ ᠭᠠᠷ ᠤᠷᠠᠯᠠᠯ ᠤ᠋ᠨ ᠪᠤᠯᠪᠠᠰᠤᠷᠠᠯ ᠡᠷᠬᠢᠯᠡᠵᠦ ᠡᠬᠢᠯᠡᠭᠰᠡᠨ ᠪᠦᠭᠡᠳ 2022 ᠤᠨ ᠳ᠋ᠦ ᠰᠢᠯᠤᠭᠤᠨ ᠬᠦᠬᠡ ᠬᠤᠰᠢᠭᠤᠨ ᠤ᠋ ᠤᠷᠠᠴᠤᠤᠯ ᠭᠠᠷ ᠤᠷᠠᠯᠠᠯ ᠤ᠋ᠨ ᠰᠠᠭᠤᠷᠢᠨ ᠢ᠋ ᠭᠠᠷᠭᠠᠵᠦ᠂ ᠵᠡᠮᠳᠡᠭᠴᠤᠳ᠂ ᠨᠠᠰᠤᠳᠠᠢᠴᠤᠳ᠂ ᠬᠤᠰᠢᠭᠤ ᠤᠷᠤᠵᠦ ᠬᠡᠥᠬᠡᠳ ᠢ᠋ᠶ᠋ᠡᠨ ᠪᠢᠴᠢᠭ ᠦᠵᠡᠬᠦᠯᠵᠦ ᠪᠠᠢᠭ᠎ᠠ ᠪᠦᠰᠡᠬᠦᠢᠴᠤᠳ ᠪᠤᠯᠤᠨ ᠠᠵᠢᠯ ᠠᠯᠳᠠᠭᠰᠠᠳ ᠲᠦ᠍ ᠪᠤᠯᠪᠠᠰᠤᠷᠠᠯ ᠬᠦᠷᠳᠡᠭᠡᠵᠦ᠂ ᠭᠠᠷ ᠤᠷᠠᠯᠠᠯ ᠬᠢᠯᠬᠡᠨ᠂ ᠭᠠᠳᠠᠭᠰᠢ ᠤᠷᠤᠯᠠᠨ ᠪᠤᠷᠤᠯᠠᠭᠤᠯᠬᠤ ᠪᠤᠶᠤ ᠪᠦᠬᠡᠮ ᠢ᠋ᠶ᠋ᠡᠷ ᠬᠤᠳᠠᠯᠳᠤᠨ ᠠᠪᠴᠤ᠂ ᠳᠡᠳᠡᠨ ᠤ᠋ ᠤᠷᠤᠯᠭ᠎ᠠ ᠵᠢ ᠨᠡᠮᠡᠭᠳᠡᠬᠦᠯᠦᠭᠰᠡᠨ ᠪᠠᠢᠨ᠎ᠠ᠃ ᠤᠳᠤᠬᠠᠨ ᠪᠤᠯᠳᠠᠯ᠎ᠠ ᠲᠡᠷᠡ ᠪᠦᠬᠦ ᠤᠷᠤᠨ ᠤ᠋ ᠬᠡᠪᠴᠢᠶᠡᠨ ᠳ᠋ᠦ 108 ᠤᠳᠠᠭ᠎ᠠ ᠪᠤᠯᠪᠠᠰᠤᠷᠠᠯ ᠡᠷᠬᠢᠯᠡᠨ᠂ 8000 ᠭᠠᠷᠤᠢ ᠬᠦᠮᠦᠨ ᠳ᠋ᠦ ᠤᠷ᠎ᠠ ᠮᠡᠷᠭᠡᠵᠢᠯ ᠡᠵᠡᠮᠰᠢᠬᠦᠯᠪᠠ᠃

ᠬᠠᠷᠢ ᠬᠤᠰᠢᠭᠤᠨ ᠳ᠋ᠦ ᠬᠠᠷᠢᠯᠠᠵᠦ ᠮᠤᠷᠳᠠᠭᠰᠠᠨ ᠮᠠᠯᠴᠢᠨ ᠪᠦᠰᠡᠬᠦᠢ ᠬᠦᠨᠳᠡᠯᠡᠨ ᠬᠤᠰᠢᠭᠤᠨ ᠳ᠋ᠦ ᠦᠢᠯᠡᠰ ᠪᠤᠰᠬᠠᠬᠤ ᠬᠡᠭᠴᠢ ᠬᠢᠯᠪᠠᠷ ᠤᠴᠢᠷ ᠪᠢᠰᠢ ᠭᠡᠳᠡᠭ ᠢ᠋ ᠬᠤᠷᠸ᠎ᠠ ᠡᠴᠡ ᠦᠬᠡᠷ᠎ᠠ ᠬᠡᠨ ᠬᠦᠮᠦᠨ ᠴᠤ᠌ ᠰᠠᠢᠨ ᠤᠢᠯᠠᠭᠠᠬᠤ ᠦᠬᠡᠢ ᠮᠠᠭᠠᠳ᠃ ᠬᠦᠦ ᠶ᠋ᠢᠨ ᠬᠢᠨᠢ ᠰᠤᠷᠭᠠᠭᠤᠯᠢ ᠶ᠋ᠢᠨ ᠡᠬᠦᠳᠡᠨ ᠳ᠋ᠦ ᠦᠷᠬᠦᠯᠵᠢ ᠨᠢᠭᠡᠨ ᠬᠦᠷᠳᠦᠳᠦ ᠰᠠᠨᠳᠠᠯᠢ ᠲᠠᠢ ᠵᠡᠮᠳᠡᠭ ᠬᠢᠳᠠᠳ ᠪᠦᠰᠡᠬᠦᠢ ᠦᠨᠳᠦᠰᠦᠳᠡᠨ ᠤ᠋ ᠬᠤᠪᠴᠠᠰᠤ ᠵᠠᠰᠠᠯ ᠵᠢᠡᠷ ᠬᠢᠯᠠ ᠴᠢᠯᠠ ᠵᠠᠰᠠᠵᠦ ᠭᠤᠶᠤᠭᠠᠳ᠂ ᠬᠦᠦ ᠲᠠᠢ ᠪᠠᠨ ᠬᠠᠮᠳᠤ ᠬᠡᠢᠳᠦ ᠪᠦᠮᠪᠦᠬᠡ ᠬᠤᠳᠠᠯᠳᠤᠳᠠᠭ ᠢ᠋ ᠬᠠᠷᠠᠭᠠᠳ ᠬᠤᠷᠸ᠎ᠠ ᠲᠡᠷᠡ ᠪᠦᠰᠡᠬᠦᠢ ᠲᠠᠢ ᠶᠠᠷᠢᠯᠴᠠᠭᠰᠠᠨ ᠬᠡᠨ᠎ᠠ᠃ ᠵᠡᠮᠳᠡᠭ ᠪᠦᠰᠡᠬᠦᠢ ᠤᠷᠤᠭ ᠰᠠᠯᠵᠦ ᠠᠮᠢᠳᠤᠷᠠᠬᠤ ᠶ᠋ᠢᠨ ᠡᠷᠬᠡᠨ ᠳ᠋ᠦ ᠬᠡᠢᠳᠦ ᠪᠦᠮᠪᠦᠬᠡ ᠬᠤᠳᠠᠯᠳᠤᠵᠦ ᠪᠠᠢᠭ᠎ᠠ ᠪᠠᠨ ᠬᠡᠯᠡᠵᠡᠢ᠃ ᠦᠷᠦᠪᠴᠢᠬᠡᠨ ᠰᠡᠳᠬᠢᠯ ᠲᠠᠢ ᠬᠤᠷᠸ᠎ᠠ ᠲᠡᠬᠦᠨ ᠳ᠋ᠦ ᠲᠤᠰᠠᠯᠠᠶ᠎ᠠ᠂ ᠮᠡᠷᠭᠡᠵᠢᠯ ᠵᠢᠭᠠᠵᠦ ᠦᠭᠬᠦᠭᠡᠳ ᠺᠤᠮᠫᠠᠨᠢ ᠳ᠋ᠠᠭᠠᠨ ᠠᠵᠢᠯ ᠤᠯᠭᠤᠬᠤ ᠲᠤᠬᠠᠢ ᠪᠠᠨ ᠬᠡᠯᠡᠭᠰᠡᠨ ᠳ᠋ᠦ ᠵᠡᠮᠳᠡᠭ ᠪᠦᠰᠡᠬᠦᠢ ᠶ᠋ᠢᠨ ᠭᠠᠷ ᠨᠢ ᠬᠦᠴᠦ ᠦᠬᠡᠢ᠂ ᠭᠠᠷ ᠤᠷᠠᠯᠠᠯ ᠤ᠋ᠨ ᠠᠵᠢᠯ ᠬᠢᠵᠦ ᠲᠡᠢᠯᠬᠦ ᠦᠬᠡᠢ ᠪᠠᠢᠭᠰᠠᠨ ᠪᠠᠢᠵᠠᠢ᠃ 《ᠪᠢ ᠲᠡᠷᠡ ᠪᠦᠰᠡᠬᠦᠢ ᠵᠢ ᠬᠠᠷᠠᠭᠠᠳ ᠶᠡᠬᠡ ᠵᠤᠷᠢᠭ ᠤᠷᠤᠭᠰᠠᠨ᠂ ᠪᠡᠶ᠎ᠠ ᠵᠡᠮᠳᠡᠭ ᠪᠤᠯᠪᠠᠴᠤ ᠵᠤᠷᠢᠭ ᠪᠤᠰᠤᠭ᠎ᠠ ᠶᠠᠪᠤᠵᠦ ᠪᠠᠢᠨ᠎ᠠ᠂ ᠲᠡᠷᠡ ᠪᠦᠰᠡᠬᠦᠢ ᠬᠡᠵᠢᠶ᠎ᠠ ᠬᠠᠮᠢᠭ᠎ᠠ ᠠᠭᠤᠯᠵᠠᠭᠰᠠᠨ ᠴᠤ᠌ ᠶᠡᠬᠡ ᠵᠢᠪᠬᠤᠭ᠎ᠠ ᠲᠠᠢ᠃ ᠲᠡᠬᠦᠨ ᠡᠴᠡ ᠬᠤᠢᠰᠢ ᠪᠢ ᠵᠡᠮᠳᠡᠭ ᠬᠦᠮᠦᠨ ᠳ᠋ᠦ ᠴᠢᠳᠠᠬᠤ ᠶ᠋ᠢᠨ ᠳᠤᠳᠤᠷ᠎ᠠ ᠲᠤᠰᠠ ᠪᠤᠯᠬᠤ ᠵᠢ ᠬᠢᠴᠢᠶᠡᠳᠡᠭ ᠪᠤᠯᠤᠭᠰᠠᠨ ᠶᠤᠮ 》 ᠭᠡᠵᠤ ᠬᠤᠷᠸ᠎ᠠ ᠬᠡᠯᠡᠨ᠎ᠠ᠃

ᠰᠠᠢᠨ ᠰᠠᠨᠠᠭᠠᠨ ᠤ᠋ ᠦᠵᠦᠬᠦᠷ ᠰᠦ ᠭᠡᠳᠡᠭᠴᠢᠯᠡᠨ ᠬᠤᠷᠸ᠎ᠠ ᠶ᠋ᠢᠨ ᠠᠵᠢᠯ ᠦᠢᠯᠡᠰ ᠡᠳᠦᠷ ᠡᠴᠡ ᠡᠳᠦᠷ ᠦᠩᠭᠡ ᠲᠠᠢ ᠦᠬᠡᠳᠡ ᠲᠠᠢ ᠪᠤᠯᠵᠠᠢ᠃ ᠳᠡᠳᠡᠨ ᠤ᠋ ᠺᠤᠮᠫᠠᠨᠢ ᠨᠢ ᠤᠳᠤ 16 ᠲᠤᠭᠳᠠᠮᠠᠯ ᠠᠵᠢᠯᠴᠢᠨ ᠲᠠᠢ᠃ ᠠᠷᠠᠰᠤ᠂ ᠨᠤᠤᠰᠤ᠂ ᠱᠠᠭ᠎ᠠ ᠲᠤᠭᠯᠠᠭᠠᠮ᠂ ᠵᠠᠰᠠᠯ ᠵᠢᠮᠰᠡᠭ᠂ ᠰᠢᠪᠠᠷ ᠪᠠᠷᠢᠮᠠᠯ᠂ ᠱᠤᠭᠤᠮᠠᠯ᠂ ᠬᠤᠪᠴᠠᠰᠤ ᠬᠡᠬᠦᠴᠢᠯᠡᠨ 16 ᠲᠦᠷᠦᠯ ᠤ᠋ᠨ 100 ᠭᠠᠷᠤᠢ ᠪᠦᠳᠦᠭᠡᠭᠳᠡᠬᠦᠨ ᠦᠢᠯᠡᠳᠴᠤ᠂ ᠮᠡᠳᠡᠯᠭᠡ ᠶ᠋ᠢᠨ ᠦᠮᠴᠢᠯᠡᠯ ᠤ᠋ᠨ ᠡᠷᠭᠡ ᠠᠪᠤᠭᠰᠠᠨ ᠪᠦᠭᠡᠳ ᠤᠯᠤᠰ ᠤ᠋ᠨ ᠳᠤᠳᠤᠭᠠᠳᠦ ᠶ᠋ᠢᠨ ᠡᠯ᠎ᠠ ᠲᠦᠷᠦᠯ ᠤ᠋ᠨ ᠤᠷᠤᠯᠳᠤᠭᠠᠨ᠂ ᠲᠡᠯᠭᠡᠨ ᠪᠤᠷᠤᠯᠠᠭᠤᠯᠭ᠎ᠠ ᠪᠠ ᠦᠵᠡᠰᠬᠦᠯᠡᠩ ᠦᠵᠡᠬᠦᠯᠬᠡ ᠳ᠋ᠦ ᠤᠷᠤᠯᠴᠠᠵᠤ᠂ ᠺᠤᠮᠫᠠᠨᠢ ᠶ᠋ᠢᠨ ᠵᠢᠯ ᠤ᠋ᠨ ᠤᠷᠤᠯᠭ᠎ᠠ ᠨᠢ 380 ᠲᠦᠮᠡᠨ ᠲᠦᠭᠦᠷᠢᠭ ᠢ᠋ ᠳᠠᠪᠠᠵᠤ ᠪᠠᠢᠨ᠎ᠠ᠃

ᠵᠢᠵᠢᠭᠬᠡᠨ ᠤᠶᠤᠳᠠᠯ ᠤ᠋ᠨ ᠭᠠᠵᠠᠷ ᠡᠴᠡ ᠪᠠᠨ ᠠᠷᠠᠰᠤ ᠨᠤᠤᠰᠤ ᠡᠳ᠋ᠰᠢᠬᠦᠯᠤᠨ ᠪᠤᠯᠪᠠᠰᠤᠷᠠᠭᠤᠯᠬᠤ ᠲᠦᠪ ᠦᠢᠯᠡᠳᠬᠡᠯ ᠪᠠᠢᠭᠤᠯᠵᠦ᠂ ᠳᠠᠬᠢᠨ ᠺᠤᠮᠫᠠᠨᠢ ᠪᠠᠢᠭᠤᠯᠤᠨ ᠬᠦᠯ ᠦᠬᠡᠢ ᠶᠡᠬᠡ ᠵᠠᠬ᠎ᠠ ᠳᠡᠯᠭᠡᠬᠦᠷ ᠲᠦ᠍ ᠤᠷᠤᠯ᠎ᠠ᠃ ᠬᠡᠪᠡᠴᠦ ᠰᠤᠶᠤᠯ ᠤ᠋ᠨ ᠪᠦᠳᠦᠭᠡᠯᠴᠢ ᠦᠢᠯᠡᠳᠬᠦᠨ ᠤ᠋ ᠵᠠᠬ᠎ᠠ ᠳᠡᠯᠭᠡᠬᠦᠷ ᠤ᠋ᠨ ᠴᠢᠨᠠᠷ ᠤ᠋ᠨ ᠢᠵᠢᠯᠢᠰᠢᠯ ᠪᠠ ᠬᠠᠭᠤᠯᠪᠤᠷᠢᠯᠠᠯ ᠬᠡᠴᠡᠬᠦᠦ ᠪᠠᠢᠳᠠᠭ ᠪᠠᠢᠳᠠᠯ ᠠᠵᠢᠯ ᠨᠢᠬᠡᠳᠡᠳ ᠲᠦ᠍ ᠪᠠᠷᠤᠭ ᠪᠦᠷ ᠲᠤᠯᠭᠠᠷᠠᠳᠠᠭ ᠵᠢᠮ᠎ᠡ ᠪᠡᠷ ᠬᠤᠷᠸ᠎ᠠ ᠳ᠋ᠦ ᠴᠦ᠍ ᠠᠳᠠᠯᠢᠬᠠᠨ ᠲᠤᠯᠭᠠᠷᠠᠵᠠᠢ᠃᠎ᠳᠡᠬᠡᠬᠦ ᠳ᠋ᠦ ᠲᠡᠷᠡ ᠦᠪᠡᠷ ᠤ᠋ᠨ ᠬᠡᠰᠡᠨ ᠪᠤᠳᠤᠯᠭ᠎ᠠ ᠲᠠᠢ᠃ 《ᠪᠢᠳᠡ ᠭᠤᠤᠯᠳᠠᠭᠤ ᠪᠤᠳᠠᠰ ᠤ᠋ᠨ ᠪᠤᠰᠤ ᠰᠤᠶᠤᠯ ᠤ᠋ᠨ ᠦᠪ ᠪᠤᠯᠤᠨ ᠬᠦᠳᠡᠬᠡ ᠨᠤᠲᠤᠭ ᠲᠦ᠍ ᠤᠨᠴᠠ ᠪᠠᠢᠳᠠᠭ ᠡᠬᠢ ᠪᠠᠶᠠᠯᠢᠭ ᠡᠴᠡ ᠪᠠᠨ ᠰᠠᠨᠠᠭ᠎ᠠ ᠠᠪᠴᠤ ᠦᠪᠡᠷ ᠤ᠋ᠨ ᠤᠨᠴᠠᠯᠢᠭ ᠲᠠᠢ ᠵᠦᠢᠯ ᠢ᠋ ᠬᠢᠨ᠎ᠠ᠂ ᠬᠠᠮᠤᠭ ᠤ᠋ᠨ ᠭᠤᠤᠯ ᠨᠢ ᠭᠠᠷ ᠬᠢᠴᠡ ᠵᠢ ᠪᠠᠷᠢᠮᠳᠠᠯᠠᠨ᠎ᠠ᠃ ᠭᠠᠷ ᠶ᠋ᠢᠡᠷ ᠬᠢᠭᠰᠡᠨ ᠵᠦᠢᠯ ᠳ᠋ᠦ ᠰᠡᠳᠬᠢᠯ ᠰᠢᠩᠬᠡᠵᠦ᠂ ᠤᠷ᠎ᠠ ᠤᠬᠠᠭᠠᠨ᠂ ᠬᠦᠴᠦ ᠬᠦᠯᠦᠰᠦ ᠰᠢᠩᠭᠡᠭᠰᠡᠨ ᠪᠤᠯᠬᠤᠷ ᠠᠮᠢ ᠲᠠᠢ ᠪᠠᠢᠳᠠᠭ ᠶᠤᠮ》 ᠭᠡᠵᠦ ᠬᠤᠷᠸ᠎ᠠ ᠤᠴᠢᠷᠳᠠᠢᠬᠠᠨ ᠶᠠᠷᠢᠨ᠎ᠠ᠃

ᠬᠦᠮᠦᠨ ᠤ᠋ ᠠᠮᠢᠳᠤᠷᠠᠯ᠎ᠤᠨ ᠳᠡᠭᠰᠢ ᠪᠤᠰᠤ ᠤᠴᠠᠷᠠᠯ ᠬᠤᠷᠸ᠎ᠠ ᠳ᠋ᠦ ᠲᠤᠬᠢᠶᠠᠵᠦ ᠪᠠᠢᠭᠰᠠᠨ ᠴᠤ᠌ ᠲᠡᠷᠡ ᠪᠤᠰᠤᠭ᠎ᠠ ᠵᠤᠷᠢᠭ ᠪᠤᠭᠤᠨᠢ ᠲᠦᠷᠦᠬᠡ ᠲᠠᠢ ᠲᠤᠭᠤᠯᠵᠦ ᠶᠠᠪᠤᠭᠰᠠᠨ ᠢ᠋ᠶ᠋ᠡᠷ ᠦᠨᠦᠳᠦᠷ ᠠᠮᠢᠳᠤᠷᠠᠯ ᠲᠡᠬᠦᠨ ᠳ᠋ᠦ ᠳᠠᠬᠢᠨ ᠬᠠᠷᠢᠭᠤ ᠪᠡᠯᠡᠭ ᠪᠡᠯᠡᠭᠯᠡᠵᠡᠢ᠃ ᠤᠳᠤ ᠬᠤᠷᠸ᠎ᠠ ᠰᠢᠯᠢ ᠶ᠋ᠢᠨ ᠭᠤᠤᠯ ᠤ᠋ᠨ ᠠᠢᠮᠠᠭ ᠤ᠋ᠨ ᠳᠡᠰ ᠤ᠋ᠨ ᠤᠷ᠎ᠠ ᠴᠢᠳᠠᠪᠤᠷᠢᠳᠠᠨ ᠪᠠᠭᠰᠢ ᠶ᠋ᠢᠨ ᠠᠵᠢᠯᠯᠠᠬᠤ ᠦᠷᠦᠭᠡ ᠶ᠋ᠢᠨ ᠭᠠᠪᠰᠢᠭᠠᠢᠯᠠᠭᠴᠢ᠂ ᠦᠪᠡᠷᠳᠡᠭᠡᠨ ᠵᠠᠰᠠᠬᠤ ᠤᠷᠤᠨ ᠤ᠋ ᠳᠡᠰ ᠤ᠋ᠨ 《ᠴᠠᠬᠠᠷ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠤᠷᠠᠴᠤᠳ》 ᠬᠦᠳᠡᠯᠮᠦᠷᠢ ᠦᠢᠯᠡᠴᠢᠯᠡᠬᠡᠨ ᠤ᠋ ᠲᠦᠷᠦᠯ ᠳᠡᠮᠳᠡᠭ ᠤ᠋ᠨ ᠬᠤᠰᠢᠭᠤᠴᠢᠯᠠᠭᠴᠢ᠂ ᠰᠢᠯᠢ ᠶ᠋ᠢᠨ ᠭᠤᠤᠯ ᠠᠢᠮᠠᠭ ᠤ᠋ᠨ ᠡᠮᠡᠭᠳᠡᠢᠴᠤᠳ ᠤ᠋ᠨ ᠭᠠᠷ ᠤᠷᠠᠯᠠᠯ ᠤ᠋ᠨ ᠨᠡᠢᠭᠡᠮᠯᠢᠭ ᠤ᠋ᠨ ᠳᠡᠳ᠋ ᠳᠠᠷᠤᠭ᠎ᠠ᠂ ᠰᠢᠯᠤᠭᠤᠨ ᠬᠦᠬᠡ ᠬᠤᠰᠢᠭᠤᠨ ᠤ᠋ ᠱᠠᠭ᠎ᠠ ᠤᠯᠠᠮᠵᠢᠯᠠᠯᠳᠦ ᠲᠤᠭᠯᠠᠭᠠᠮ ᠤ᠋ᠨ ᠦᠪᠯᠡᠨ ᠤᠯᠠᠮᠵᠢᠯᠠᠭᠴᠢ ᠵᠡᠷᠭᠡ ᠠᠯᠳᠠᠷ ᠲᠤᠰᠢᠶᠠᠯ ᠲᠠᠢ ᠶᠠᠪᠤᠵᠤ ᠪᠠᠢᠨ᠎ᠠ᠃ ᠨᠡᠩ᠎ᠴᠤ ᠲᠡᠬᠦᠨ ᠤ᠋ ᠰᠡᠳᠦᠨ ᠬᠡᠷᠡᠭᠵᠢᠬᠦᠯᠵᠦ ᠪᠠᠢᠭ᠎ᠠ 《ᠮᠠᠯᠴᠢᠨ — ᠬᠤᠷᠰᠢᠶᠠᠵᠢᠯ — ᠰᠠᠭᠤᠷᠢᠨ — ᠺᠤᠮᠫᠠᠨᠢ》 ᠶ᠋ᠢᠨ ᠵᠠᠭᠪᠤᠷ ᠨᠢ ᠤᠯᠠᠨ ᠭᠠᠵᠠᠷ᠂ ᠤᠯᠠᠨ ᠪᠠᠢᠭᠤᠯᠭ᠎ᠠ ᠺᠤᠮᠫᠠᠨᠢ ᠶ᠋ᠢᠨ ᠯᠠᠪᠯᠠᠯᠳᠠ ᠪᠤᠯᠭᠠᠵᠦ ᠪᠠᠢᠭ᠎ᠠ ᠬᠦᠳᠡᠭᠡ ᠲᠤᠰᠬᠤᠨ ᠢ᠋ ᠬᠦᠭᠵᠢᠬᠦᠯᠦᠨ ᠮᠠᠨᠳᠤᠭᠤᠯᠬᠤ ᠦᠢᠯᠡᠳᠦᠯᠬᠡ ᠶ᠋ᠢᠨ ᠲᠤᠷᠰᠢᠯᠭ᠎ᠠ ᠵᠢᠱ᠌ᠢᠶ᠎ᠠ ᠪᠤᠯᠵᠠᠢ᠃

ᠦᠨᠢ ᠮᠦᠩᠬᠡ ᠶ᠋ᠢᠨ ᠨᠢᠭᠡᠨ ᠠᠶᠠᠯᠭᠤᠨ / ᠰᠡᠳᠬᠢᠯ ᠳ᠋ᠦ ᠪᠠᠭᠤᠬᠤ ᠭᠡᠳ ᠨᠤᠢᠷ ᠬᠤᠯᠵᠢᠭᠤᠯᠤᠨ᠎ᠠ / ᠡᠪᠦᠭᠡ ᠳᠡᠭᠡᠳᠦᠰ ᠤ᠋ᠨ ᠶ᠋ᠢᠡᠨ ᠨᠤᠲᠤᠭ ᠢ᠋ ᠵᠤᠷᠢᠭᠠᠳ / ᠰᠦᠷᠦᠭ ᠭᠠᠯᠠᠭᠤ ᠰᠢᠭ᠋ ᠮᠦᠷᠦᠭᠡᠳᠦᠯ ᠵᠡᠯᠡᠯᠡᠨ᠎ᠠ᠃ ᠬᠤᠷᠸ᠎ᠠ ᠶ᠋ᠢᠨ ᠰᠤᠨᠤᠰᠬᠤ ᠲᠤᠷᠠᠳᠠᠢ᠂ ᠳᠠᠭᠤᠯᠠᠬᠤ ᠲᠤᠷᠠᠳᠠᠢ ᠡᠨᠡ ᠬᠦ᠌ 《ᠮᠦᠩᠬᠡ ᠶ᠋ᠢᠨ ᠠᠶᠠᠯᠭᠤᠨ》 ᠬᠡᠬᠦ ᠳᠠᠭᠤᠤ ᠶᠠᠭ ᠯᠡ ᠲᠡᠬᠦᠨ ᠤ᠋ ᠬᠦᠰᠡᠯ ᠵᠤᠷᠢᠯᠳᠠ ᠵᠢ ᠬᠦᠤᠷᠨᠢᠵᠤ ᠪᠠᠢᠭ᠎ᠠ ᠴᠦ᠍ ᠶᠤᠮ ᠰᠢᠭ᠋ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面