2026-09-25 15:22:14
ᠦᠪᠦᠷ ᠮᠤᠩᠭᠤᠯ ᠤ᠋ᠨ ᠶᠢᠤ ᠷᠠᠨ ᠮᠠᠯ ᠠᠵᠤ ᠠᠬᠤᠢ ᠶ᠋ᠢᠨ ᠬᠢᠵᠠᠭᠠᠷᠳᠦ ᠺᠤᠮᠫᠠᠨᠢ ᠶ᠋ᠢᠨ ᠬᠤᠪᠢ ᠡᠵᠡᠮᠳᠡᠭᠰᠡᠨ ᠬᠤᠪᠢᠶᠠᠷᠢ ᠺᠤᠮᠫᠠᠨᠢ ᠪᠤᠯᠬᠤ ᠰᠠᠢ ᠺᠧ ᠰᠢᠩ ᠦᠷᠡᠵᠢᠭᠦᠯᠦᠨ ᠪᠤᠢᠵᠢᠭᠤᠯᠬᠤ ᠠᠮᠢᠳᠤ ᠪᠤᠳᠠᠰ ᠤ᠋ᠨ ᠮᠡᠷᠭᠡᠵᠢᠯ ᠤ᠋ᠨ ᠬᠢᠵᠠᠭᠠᠷᠳᠦ ᠺᠤᠮᠫᠠᠨᠢ ᠤᠢᠷ᠎ᠠ ᠳ᠋ᠤ ᠰᠦ ᠰᠠᠢᠳᠠᠢ᠂ ᠦᠷᠡᠵᠢᠯ ᠰᠠᠢᠳᠠᠢ᠂ ᠲᠠᠷᠬᠠᠭᠠᠯᠭ᠎ᠠ ᠰᠠᠢᠳᠠᠢ ᠵᠡᠷᠭᠡ ᠰᠠᠭᠠᠯᠢ ᠶ᠋ᠢᠨ ᠦᠨᠢᠶᠡᠨ ᠤ᠋ ᠵᠠᠩᠬᠢᠯᠠᠭ᠎ᠠ ᠶ᠋ᠢᠨ ᠰᠢᠨᠵᠢ ᠲᠡᠮᠳᠡᠭ ᠢ᠋ ᠨᠠᠷᠢᠨ ᠤᠨᠤᠴᠠᠳᠠᠢ ᠰᠢᠯᠭᠠᠨ ᠪᠠᠢᠴᠠᠭᠠᠵᠤ ᠳᠡᠢᠯᠬᠦ 《ᠡᠭᠦᠯᠳᠡᠷ ᠪᠤᠢᠵᠢᠭᠤᠯᠬᠤ ᠴᠢᠫ 2 ᠳ᠋ᠤᠭᠠᠷ ᠨᠤᠮᠧᠷᠳᠦ》 ᠶ᠋ᠢ ᠰᠤᠳᠤᠯᠤᠨ ᠦᠢᠯᠡᠳᠴᠤ᠂ ᠮᠠᠨ ᠤ᠋ ᠤᠯᠤᠰ ᠤ᠋ᠨ ᠰᠠᠭᠠᠯᠢ ᠶ᠋ᠢᠨ ᠦᠨᠢᠶ᠎ᠠ ᠶ᠋ᠢᠨ ᠡᠭᠦᠯᠳᠡᠷ ᠪᠤᠢᠵᠢᠭᠤᠯᠬᠤ ᠮᠡᠷᠭᠡᠵᠢᠯ ᠤ᠋ᠨ ᠰᠢᠨ᠎ᠠ ᠰᠢᠪᠳᠤᠯᠤᠯᠳᠡ ᠶ᠋ᠢ ᠪᠡᠶᠡᠯᠡᠭᠦᠯᠪᠠ᠃
ᠰᠠᠢ ᠺᠧ ᠰᠢᠩ ᠺᠤᠮᠫᠠᠨᠢ ᠶ᠋ᠢᠨ ᠪᠡᠶ᠎ᠠ ᠪᠡᠨ ᠳᠠᠭᠠᠭᠠᠨ ᠰᠤᠳᠤᠯᠤᠨ ᠦᠢᠯᠡᠳᠦᠭᠰᠡᠨ 《ᠡᠭᠦᠯᠳᠡᠷ ᠪᠤᠢᠵᠢᠭᠤᠯᠬᠤ ᠴᠢᠫ 1 ᠳ᠋ᠤᠭᠡᠷ ᠨᠤᠮᠧᠷᠳᠦ》 ᠶ᠋ᠢᠨ ᠮᠡᠷᠭᠡᠵᠢᠯ ᠢ᠋ ᠪᠦᠬᠦ ᠲᠠᠯ᠎ᠠ ᠪᠡᠷ ᠳᠡᠰ ᠳᠡᠪᠰᠢᠭᠦᠯᠦᠭᠰᠡᠨ ᠬᠡᠪ ᠪᠤᠯᠤᠭᠰᠠᠨ ᠤ᠋ ᠬᠤᠪᠢ ᠳ᠋ᠤ᠂ ᠡᠨᠡ ᠬᠦ᠌ ᠰᠢᠨ᠎ᠠ ᠨᠢᠭᠡ ᠦᠶ᠎ᠠ ᠶ᠋ᠢᠨ 2 ᠳ᠋ᠤᠭᠠᠷ ᠨᠤᠮᠧᠷᠳᠦ ᠴᠢᠫ ᠨᠢ SNP ᠪᠠᠢᠷᠢ ᠪᠠᠢᠷᠢᠰᠢᠯ ᠤ᠋ᠨ ᠬᠡᠪᠴᠢᠶ᠎ᠠ᠂ ᠪᠠᠭᠳᠠᠭᠠᠮᠵᠢᠳᠦ ᠴᠢᠨᠠᠷ ᠬᠢᠭᠡᠳ ᠭᠧᠨ ᠤ᠋ ᠪᠠᠢᠳᠠᠯ ᠢ᠋ ᠲᠦᠰᠦᠭᠡᠯᠡᠨ ᠪᠤᠳᠤᠬᠤ ᠠᠷᠭ᠎ᠠ ᠵᠡᠷᠭᠡ ᠲᠠᠯ᠎ᠠ ᠪᠡᠷ ᠴᠦᠮ ᠳᠠᠪᠠᠯᠳᠠᠳᠤ ᠴᠢᠨᠠᠷᠳᠠᠢ ᠳᠡᠰ ᠳᠡᠪᠰᠢᠯᠳᠠ ᠶ᠋ᠢ ᠪᠡᠶᠡᠯᠡᠭᠦᠯᠦᠭᠰᠡᠨ ᠪᠠᠢᠨ᠎ᠠ᠃
ᠪᠠᠢᠷᠢ ᠪᠠᠢᠷᠢᠰᠢᠯ ᠤ᠋ᠨ ᠬᠡᠪᠴᠢᠶ᠎ᠠ ᠶ᠋ᠢᠨ ᠬᠤᠪᠢ ᠳ᠋ᠤ᠂ 2 ᠳ᠋ᠤᠭᠠᠷ ᠨᠤᠮᠧᠷᠳᠦ ᠴᠢᠫ ᠨᠢ 《 ᠡᠭᠦᠯᠳᠡᠷ ᠪᠤᠢᠵᠢᠭᠤᠯᠬᠤ ᠴᠢᠫ 1 ᠳ᠋ᠤᠭᠡᠷ ᠨᠤᠮᠧᠷᠳᠦ》 ᠶ᠋ᠢᠨ 1 ᠲᠦᠮᠡᠨ SNP ᠪᠠᠢᠷᠢ ᠪᠠᠢᠷᠢᠰᠢᠯ ᠢ᠋ ᠳᠡᠰ ᠳᠡᠪᠰᠢᠭᠦᠯᠦᠨ ᠰᠠᠭᠠᠯᠢ ᠶ᠋ᠢᠨ ᠦᠨᠢᠶ᠎ᠠ ᠶ᠋ᠢᠨ ᠪᠦᠬᠦ ᠭᠧᠨ ᠤ᠋ ᠪᠦᠯᠦᠭ ᠢ᠋ ᠬᠠᠮᠤᠷᠬᠤ 5 ᠲᠦᠮᠡ ᠤᠷᠴᠢᠮ ᠪᠠᠢᠷᠢ ᠪᠠᠢᠷᠢᠰᠢᠯ ᠲᠠᠢ ᠪᠤᠯᠭᠠᠵᠤ᠂ ᠰᠦ ᠶ᠋ᠢᠨ ᠭᠠᠷᠤᠯᠳᠠ᠂ ᠦᠷᠡᠵᠢᠯ ᠤ᠋ᠨ ᠴᠢᠳᠠᠪᠤᠷᠢ᠂ ᠡᠪᠡᠳᠴᠢᠨ ᠢ᠋ ᠡᠰᠡᠷᠭᠦᠴᠡᠬᠦ ᠴᠢᠳᠠᠪᠤᠷᠢ᠂ ᠰᠦ ᠰᠢᠭᠦᠷᠡᠭᠦᠯᠬᠦ ᠬᠤᠭᠤᠴᠠᠭ᠎ᠠ ᠵᠡᠷᠭᠡ ᠰᠠᠭᠠᠯᠢ ᠶ᠋ᠢᠨ ᠦᠨᠢᠶ᠎ᠠ ᠶ᠋ᠢᠨ ᠵᠠᠩᠬᠢᠯᠠᠭ᠎ᠠ ᠶ᠋ᠢᠨ ᠴᠢᠳᠠᠪᠬᠢ ᠶ᠋ᠢᠨ ᠪᠠᠢᠷᠢ ᠪᠠᠢᠷᠢᠰᠢᠯ ᠢ᠋ ᠭᠤᠤᠯᠳᠠᠯᠭ᠎ᠠ ᠲᠠᠢ ᠨᠡᠢᠳᠭᠡᠨ᠂ ᠭᠧᠨ ᠤ᠋ ᠪᠦᠯᠦᠭ ᠤ᠋ᠨ ᠰᠢᠯᠭᠠᠨ ᠪᠠᠢᠴᠠᠭᠠᠯᠳᠠ ᠶ᠋ᠢᠨ ᠳᠡᠩᠴᠡᠭᠦᠷᠢᠳᠦ ᠴᠢᠨᠠᠷ ᠢ᠋ ᠶᠡᠬᠡ ᠪᠡᠷ ᠳᠡᠭᠡᠭᠰᠢᠯᠡᠭᠦᠯᠵᠠᠢ᠃
ᠪᠠᠭᠳᠠᠭᠠᠮᠵᠢᠳᠦ ᠴᠢᠨᠠᠷ ᠤ᠋ᠨ ᠬᠤᠪᠢ ᠳ᠋ᠤ᠂ 2 ᠳ᠋ᠤᠭᠠᠷ ᠨᠤᠮᠧᠷᠳᠦ ᠴᠢᠫ ᠨᠢ ᠳᠡᠯᠡᠭᠡᠢ ᠶ᠋ᠢᠨ ᠭᠤᠤᠯ ᠪᠤᠯᠬᠤ ᠴᠢᠫ ᠢ᠋ ᠴᠦᠮ ᠪᠠᠭᠳᠠᠭᠠᠨ ᠳᠡᠮᠵᠢᠬᠦ ᠪᠦᠭᠡᠳ ᠺᠤᠮᠫᠠᠨᠢ ᠶ᠋ᠢᠨ ᠦᠩᠭᠡᠷᠡᠭᠰᠡᠨ ᠤ᠋ ᠡᠭᠦᠯᠳᠡᠷ ᠪᠤᠢᠵᠢᠭᠤᠯᠤᠭᠰᠠᠨ ᠳᠤᠭ᠎ᠠ ᠪᠠᠷᠢᠮᠳᠠ ᠲᠠᠢ ᠬᠠᠷᠢᠯᠴᠠᠨ ᠨᠡᠪᠳᠡᠷᠡᠵᠦ ᠳᠠᠬᠢᠨ ᠠᠰᠢᠭᠯᠠᠵᠤ ᠪᠤᠯᠬᠤ ᠶ᠋ᠢ ᠪᠡᠶᠡᠯᠡᠭᠦᠯᠵᠤ᠂ 《ᠤᠷᠤᠨ ᠨᠤᠳᠤᠭ ᠲᠠᠭᠠᠨ ᠰᠠᠭᠤᠷᠢᠯᠠᠭᠰᠠᠨ᠂ ᠳᠠᠶᠠᠩ ᠳᠡᠯᠡᠭᠡᠢ ᠲᠠᠢ ᠵᠤᠯᠭᠠᠯᠴᠠᠭᠰᠠᠨ》 ᠪᠠᠷᠢᠮᠵᠢᠶᠠᠵᠢᠭᠰᠠᠨ ᠡᠭᠦᠯᠳᠡᠷ ᠪᠤᠢᠵᠢᠭᠤᠯᠬᠤ ᠳ᠋ᠠᠢᠲ᠋ᠠ ᠶ᠋ᠢᠨ ᠰᠢᠰᠲ᠋ᠧᠮ ᠢ᠋ ᠪᠠᠢᠭᠤᠯᠪᠠ᠃ ᠲᠤᠰ ᠴᠢᠫ ᠨᠢ ᠪᠠᠰᠠ ᠰᠢᠯᠭᠠᠨ ᠪᠠᠢᠴᠠᠭᠠᠬᠤ ᠴᠢᠳᠠᠮᠵᠢ ᠪᠡᠷ ᠤᠷᠤᠢᠯᠠᠵᠤ᠂ ᠦᠯᠢᠭᠡᠷ ᠡᠳ᠋ ᠢ᠋ ᠪᠦᠲᠦᠮᠵᠢᠳᠠᠢ ᠰᠢᠯᠭᠠᠨ ᠪᠠᠢᠴᠠᠭᠠᠵᠤ ᠳᠡᠢᠯᠬᠦ ᠨᠤᠷᠮ᠎ᠠ ᠨᠢ 99.65% ᠳ᠋ᠤ ᠬᠦᠷᠴᠤ᠂ ᠳᠠᠪᠬᠤᠷᠳᠠᠭᠰᠠᠨ ᠦᠯᠢᠭᠡᠷ ᠡᠳ᠋ ᠢ᠋ ᠲᠦᠷᠦᠯ ᠬᠡᠯᠪᠡᠷᠢ ᠪᠡᠷ ᠨᠢ ᠬᠤᠪᠢᠶᠠᠨ ᠢᠯᠭᠠᠬᠤ ᠨᠢᠭᠡᠳᠦᠯᠳᠦ ᠨᠤᠷᠮ᠎ᠠ ᠨᠢ 99.91% ᠳ᠋ᠤ ᠬᠦᠷᠴᠤ ᠪᠤᠢ᠃
ᠭᠧᠨ ᠤ᠋ ᠪᠠᠢᠳᠠᠯ ᠢ᠋ ᠲᠦᠰᠦᠭᠡᠯᠡᠨ ᠪᠤᠳᠤᠬᠤ ᠠᠷᠭ᠎ᠠ ᠶ᠋ᠢᠨ ᠬᠤᠪᠢ ᠳ᠋ᠤ᠂ 2 ᠳ᠋ᠤᠭᠠᠷ ᠨᠤᠮᠧᠷᠳᠦ ᠴᠢᠫ ᠨᠢ ᠡᠭᠦᠯᠳᠡᠷ ᠪᠤᠢᠵᠢᠭᠤᠯᠬᠤ ᠠᠵᠢᠯᠯᠠᠭ᠎ᠠ ᠶ᠋ᠢᠨ ᠦᠨᠡᠯᠡᠯᠳᠡ ᠵᠢᠱ᠌ᠢᠯᠳᠠ ᠶ᠋ᠢ 《ᠴᠢᠨᠠᠷ ᠢ᠋ ᠨᠢ ᠳᠤᠭᠳᠠᠭᠠᠬᠤ ᠰᠢᠯᠢᠯᠳᠠ ᠪᠠᠢᠴᠠᠭᠠᠯᠳᠠ》 ᠡᠴᠡ ᠨᠡᠩ ᠨᠠᠷᠢᠨ ᠤᠨᠤᠴᠠᠳᠠᠢ ᠪᠠᠢᠳᠠᠭ 《 ᠲᠤᠭ᠎ᠠ ᠬᠡᠮᠵᠢᠶ᠎ᠠ ᠶ᠋ᠢ ᠨᠢ ᠳᠤᠭᠳᠠᠭᠠᠬᠤ ᠰᠢᠯᠭᠠᠨ ᠦᠨᠡᠯᠡᠯᠳᠡ》 ᠪᠤᠯᠤᠨ ᠳᠡᠰ ᠳᠡᠪᠰᠢᠪᠡ᠃ ᠡᠨᠡ ᠮᠦᠨ ᠴᠦ᠍ ᠲᠤᠰ ᠴᠢᠫ ᠤ᠋ᠨ ᠮᠡᠷᠭᠡᠵᠢᠯ ᠤ᠋ᠨ ᠭᠤᠤᠯ ᠬᠢᠯᠡᠰ ᠴᠡᠭ ᠪᠤᠯᠤᠨ᠎ᠠ᠃ ᠡᠭᠦᠨ ᠳ᠋ᠤ᠂ ᠰᠠᠢ ᠺᠧ ᠰᠢᠩ ᠺᠤᠮᠫᠠᠨᠢ ᠡᠴᠡ ᠶᠢᠤ ᠷᠠᠨ ᠮᠠᠯ ᠠᠵᠤ ᠠᠬᠤᠢ ᠶ᠋ᠢᠨ ᠰᠠᠭᠠᠯᠢ ᠶ᠋ᠢᠨ ᠦᠨᠢᠶ᠎ᠠ ᠶ᠋ᠢᠨ ᠲᠤᠬᠠᠢ ᠬᠦᠰᠦᠨᠦᠭᠴᠢᠯᠡᠭᠰᠡᠨ ᠯᠤᠳᠤ ᠲᠤᠮᠤ ᠳ᠋ᠠᠢᠲ᠋ᠠ ᠬᠦᠮᠦᠷᠭᠡ ᠬᠢᠭᠡᠳ ᠭᠧᠨ ᠤ᠋ ᠪᠦᠯᠦᠭ ᠤ᠋ᠨ ᠵᠢᠭᠰᠠᠭᠠᠯ ᠢ᠋ ᠳᠠᠬᠢᠨ ᠰᠢᠯᠭᠠᠨ ᠪᠠᠢᠴᠠᠭᠠᠭᠰᠠᠨ ᠳ᠋ᠠᠢᠲ᠋ᠠ ᠳ᠋ᠤ ᠲᠦᠰᠢᠭᠯᠡᠵᠤ᠂ ᠲᠤᠰᠬᠠᠢ ᠪᠤᠳᠤᠯᠳᠠ ᠶ᠋ᠢᠨ ᠠᠷᠭ᠎ᠠ ᠶ᠋ᠢ ᠰᠢᠯᠢᠳᠡᠭᠵᠢᠭᠦᠯᠬᠦ ᠪᠡᠷ ᠳᠠᠮᠵᠢᠨ ᠰᠠᠭᠠᠯᠢ ᠶ᠋ᠢᠨ ᠦᠨᠢᠶ᠎ᠠ ᠶ᠋ᠢᠨ ᠵᠠᠩᠭᠢᠯᠠᠭ᠎ᠠ ᠶ᠋ᠢᠨ ᠡᠭᠦᠯᠳᠡᠷ ᠪᠤᠢᠵᠢᠭᠤᠯᠬᠤ ᠴᠢᠳᠠᠮᠵᠢ ᠳ᠋ᠤ ᠨᠠᠷᠢᠨ ᠤᠨᠤᠴᠢᠳᠠᠢ ᠬᠤᠪᠢ ᠦᠭᠴᠤ᠂ ᠦᠷ᠎ᠠ ᠡᠭᠦᠯᠳᠡᠷ ᠤ᠋ᠨ ᠡᠬᠢ ᠢᠷᠡᠯᠳᠡ ᠶ᠋ᠢ ᠰᠢᠯᠢᠨ ᠰᠤᠩᠭᠤᠬᠤ ᠨᠠᠷᠢᠪᠴᠢ ᠶ᠋ᠢᠨ ᠬᠡᠮᠵᠢᠶ᠎ᠠ ᠨᠢ ᠳᠡᠯᠡᠬᠡᠢ ᠶ᠋ᠢᠨ ᠲᠡᠷᠢᠭᠦᠨ ᠤ᠋ ᠲᠦᠪᠰᠢᠨ ᠳ᠋ᠤ ᠬᠦᠷᠴᠠᠢ᠃
ᠰᠠᠢ ᠺᠧ ᠰᠢᠩ ᠺᠤᠮᠫᠠᠨᠢ ᠶ᠋ᠢᠨ ᠰᠢᠨᠡᠭᠡᠨ ᠰᠤᠳᠤᠯᠤᠨ ᠦᠢᠯᠡᠳᠦᠭᠰᠡᠨ ᠡᠨᠡ ᠬᠦ᠌ 《ᠡᠭᠦᠯᠳᠡᠷ ᠪᠤᠢᠵᠢᠭᠤᠯᠬᠤ ᠴᠢᠫ 2 ᠳ᠋ᠤᠭᠠᠷ ᠨᠤᠮᠧᠷᠳᠦ》 ᠨᠢ ᠲᠤᠭᠤᠯ ᠤ᠋ᠨ ᠭᠧᠨ ᠤ᠋ ᠪᠦᠯᠦᠭ ᠢ᠋ ᠰᠤᠩᠭᠤᠨ ᠪᠤᠢᠵᠢᠭᠤᠯᠬᠤ ᠠᠵᠢᠯᠯᠠᠭ᠎ᠠ ᠶ᠋ᠢ ᠨᠡᠩ ᠨᠠᠷᠢᠨ ᠤᠨᠤᠴᠠᠳᠠᠢ ᠪᠤᠯᠭᠠᠵᠤ᠂ ᠪᠤᠬ᠎ᠠ ᠶ᠋ᠢ ᠰᠤᠩᠭᠤᠨ ᠪᠤᠢᠵᠢᠭᠤᠯᠬᠤ ᠳ᠋ᠤ ᠦᠶ᠎ᠠ ᠠᠯᠤᠰᠯᠠᠬᠤ ᠴᠠᠭ ᠬᠤᠭᠤᠴᠠᠭ᠎ᠠ ᠶ᠋ᠢ ᠶᠡᠬᠡ ᠪᠡᠷ ᠪᠤᠭᠤᠨᠢᠰᠬᠠᠨ᠂ ᠦᠷ᠎ᠠ ᠠᠰᠢᠭ ᠶ᠋ᠢᠡᠷ ᠠᠨᠠᠢ ᠪᠡᠯᠡᠳᠭᠡᠯ ᠦᠭᠡᠷ ᠢ᠋ ᠲᠡᠵᠢᠭᠡᠨ ᠦᠷᠡᠵᠢᠭᠦᠯᠬᠦ ᠪᠡᠯᠡ ᠤᠷᠤᠭᠤᠯᠤᠯᠳᠠ ᠶ᠋ᠢ ᠪᠠᠭᠠᠰᠬᠠᠵᠤ ᠳᠡᠢᠯᠦᠨ᠎ᠠ᠃ ᠭᠠᠳᠠᠭᠠᠳᠤ ᠡᠴᠡ ᠤᠷᠤᠭᠤᠯᠤᠭᠰᠠᠨ ᠨᠢᠭᠳᠠᠴᠡ ᠶᠡᠬᠡᠳᠠᠢ ᠴᠢᠫ ᠲᠠᠢ ᠬᠠᠷᠢᠴᠠᠭᠤᠯᠪᠠᠯ᠂ ᠲᠤᠰ ᠴᠢᠫ ᠤ᠋ᠨ ᠳᠠᠩ ᠭᠠᠭᠴᠠ ᠦᠯᠢᠭᠡᠷ ᠡᠳ᠋ ᠢ᠋ ᠰᠢᠯᠭᠠᠨ ᠪᠠᠢᠴᠠᠭᠠᠬᠤ ᠦᠪᠡᠷ ᠤ᠋ᠨ ᠦᠷᠳᠡᠭ ᠨᠢ ᠨᠡᠩ ᠳᠤᠤᠷ᠎ᠠ᠂ ᠤᠷᠤᠭᠤᠯᠤᠯᠳᠠ ᠭᠠᠷᠭᠠᠯᠳᠠ ᠶ᠋ᠢᠨ ᠦᠷ᠎ᠠ ᠠᠰᠢᠭ ᠨᠢ ᠨᠡᠩ ᠲᠤᠪᠤᠢᠮ᠎ᠠ ᠪᠠᠢᠵᠤ᠂ ᠤᠯᠤᠰ ᠤ᠋ᠨ ᠳᠤᠳᠤᠭᠠᠳᠤ ᠶ᠋ᠢᠨ ᠬᠡᠪᠴᠢᠶᠡᠵᠢᠭᠰᠡᠨ ᠰᠠᠭᠠᠯᠢ ᠶ᠋ᠢᠨ ᠦᠨᠢᠶ᠎ᠠ ᠦᠷᠡᠵᠢᠭᠦᠯᠦᠨ ᠪᠤᠢᠵᠢᠭᠤᠯᠬᠤ ᠠᠬᠤᠢ ᠪᠠᠢᠳᠠᠯ ᠲᠠᠢ ᠳᠡᠭᠡᠳᠦ ᠬᠡᠮᠵᠢᠶ᠎ᠠ ᠪᠡᠷ ᠵᠤᠬᠢᠷᠠᠭᠰᠠᠨ ᠪᠠᠢᠨ᠎ᠠ᠃
《ᠡᠭᠦᠯᠳᠡᠷ ᠪᠤᠢᠵᠢᠭᠤᠯᠬᠤ ᠴᠢᠫ 1 ᠳ᠋ᠤᠭᠡᠷ ᠨᠤᠮᠧᠷᠳᠦ 》 ᠡᠴᠡ 《ᠡᠭᠦᠯᠳᠡᠷ ᠪᠤᠢᠵᠢᠭᠤᠯᠬᠤ ᠴᠢᠫ 2 ᠳ᠋ᠤᠭᠠᠷ ᠨᠤᠮᠧᠷᠳᠦ》 ᠬᠦᠷᠳᠡᠯ᠎ᠠ᠂ ᠶᠢᠤ ᠷᠠᠨ ᠮᠠᠯ ᠠᠵᠤ ᠠᠬᠤᠢ ᠶ᠋ᠢᠨ ᠰᠠᠢ ᠺᠧ ᠰᠢᠩ ᠺᠤᠮᠫᠠᠨᠢ ᠦᠪᠤᠷ ᠮᠤᠩᠭᠤᠯ᠂ ᠲᠡᠷᠡᠴᠢᠯᠡᠨ ᠪᠦᠬᠦ ᠤᠯᠤᠰ ᠤ᠋ᠨ ᠦᠷ᠎ᠠ ᠶ᠋ᠢᠨ ᠦᠢᠯᠡᠰ ᠤ᠋ᠨ ᠪᠡᠶ᠎ᠠ ᠪᠡᠨ ᠳᠠᠭᠠᠭᠠᠨ ᠰᠢᠨ᠎ᠠ ᠶ᠋ᠢ ᠡᠭᠦᠳᠬᠦ ᠶ᠋ᠢ ᠲᠠᠰᠤᠷᠠᠯᠳᠠ ᠦᠭᠡᠢ ᠠᠬᠢᠭᠤᠯᠵᠠᠢ᠃ 《ᠪᠢᠳᠡ ᠨᠡᠩ ᠨᠠᠷᠢᠨ ᠤᠨᠤᠴᠠᠳᠠᠢ ᠡᠭᠦᠯᠳᠡᠷ ᠪᠤᠢᠵᠢᠭᠤᠯᠬᠤ ᠮᠡᠷᠭᠡᠵᠢᠯ ᠤ᠋ᠨ ᠰᠤᠳᠤᠯᠭᠠᠨ ᠢ᠋ ᠦᠷᠭᠦᠯᠵᠢᠯᠡᠨ ᠭᠦᠨᠵᠡᠭᠡᠢᠷᠡᠭᠦᠯᠵᠦ᠂ ᠭᠤᠤᠯᠯᠠᠬᠤ ᠦᠷᠢᠰᠦᠯᠳᠦᠬᠦ ᠴᠢᠳᠠᠪᠤᠷᠢ ᠪᠡᠨ ᠴᠢᠩᠭᠠᠷᠠᠭᠤᠯᠤᠨ᠂ ᠪᠡᠶ᠎ᠠ ᠪᠡᠨ ᠳᠠᠭᠠᠭᠠᠨ ᠡᠵᠡᠮᠳᠡᠵᠤ ᠪᠤᠯᠬᠤ ᠦᠷ᠎ᠠ ᠶ᠋ᠢᠨ ᠦᠢᠯᠡᠰ ᠤ᠋ᠨ〈ᠳᠤᠮᠳᠠᠳᠤ ᠶ᠋ᠢᠨ ᠴᠢᠫ〉 ᠶ᠋ᠢᠡᠷ ᠪᠦᠬᠦ ᠤᠯᠤᠰ ᠤ᠋ᠨ ᠰᠦ ᠶ᠋ᠢᠨ ᠦᠢᠯᠡᠰ ᠤ᠋ᠨ ᠦᠷ᠎ᠠ ᠡᠭᠦᠯᠳᠡᠷ ᠤ᠋ᠨ ᠡᠬᠢ ᠢᠷᠡᠯᠳᠡ ᠶ᠋ᠢᠨ ᠠᠮᠦᠷ ᠲᠦᠪᠰᠢᠨ ᠬᠢᠭᠡᠳ ᠠᠵᠢᠯ ᠲᠦᠷᠦᠯ ᠤ᠋ᠨ ᠴᠢᠨᠠᠷ ᠰᠠᠢᠳᠠᠢ ᠬᠦᠭᠵᠢᠯᠳᠡ ᠳ᠋ᠤ ᠪᠠᠳᠤ ᠴᠢᠩᠭ᠎ᠠ ᠪᠠᠳᠤᠯᠠᠭ᠎ᠠ ᠬᠠᠩᠭᠠᠬᠤ ᠪᠡᠷ ᠴᠢᠷᠮᠠᠢᠨ᠎ᠠ》 ᠭᠡᠵᠦ ᠰᠠᠢ ᠺᠧ ᠰᠢᠩ ᠺᠤᠮᠫᠠᠨᠢ ᠶ᠋ᠢᠨ ᠬᠠᠷᠢᠭᠤᠴᠠᠯᠭᠠᠳᠠᠨ ᠢᠯᠡᠷᠬᠡᠢᠯᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃