2026-09-30 11:27:32
ᠤᠯᠠᠭᠠᠨᠬᠠᠳᠠ ᠬᠤᠲᠠ ᠵᠢᠨ ᠪᠠᠭᠠᠷᠢᠨ ᠪᠠᠷᠠᠭᠤᠨ ᠬᠤᠰᠢᠭᠤᠨ᠎ᠤ ᠪᠠᠶᠠᠨᠲᠠᠯ᠎ᠠ ᠰᠤᠮᠤᠨ᠎ᠤ ᠲᠠᠪᠢᠳᠠᠢ ᠭᠠᠴᠠᠭᠠᠨ᠎ᠤ ᠠᠮᠲᠠᠲᠤ᠌ ᠬᠡᠮᠬᠡ ᠵᠢᠨ ᠰᠠᠭᠤᠷᠢᠨ᠎ᠳᠤ ᠲᠠᠷᠢᠶᠠᠴᠢᠳ ᠭᠤᠸ᠎ᠠ ᠲᠡᠭᠦᠬᠦ᠂ ᠢᠯᠭᠠᠬᠤ᠂ ᠬᠠᠶ᠋ᠢᠷᠴᠠᠭᠯᠠᠬᠤ ᠠᠵᠢᠯ᠎ᠳᠤ ᠶᠠᠭᠠᠷᠠᠯᠳᠤᠵᠤ᠂ ᠬᠤᠳᠠᠯᠳᠤᠭᠠᠴᠢᠨ ᠭᠤᠸ᠎ᠠ ᠲᠡᠭᠡᠭᠡᠬᠦ ᠪᠡᠷ ᠬᠦᠯᠢᠶᠡᠨ᠎ᠡ᠃
ᠲᠠᠪᠢᠳᠠᠢ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠵᠠᠩ ᡁᠢ ᠭᠦᠸᠧ᠄ 《ᠪᠢ ᠡᠨᠡ ᠵᠢᠯ 80 ᠭᠠᠷᠤᠢ ᠮᠦ᠍ ᠠᠮᠲᠠᠲᠤ᠌ ᠬᠡᠮᠬᠡ ᠲᠠᠷᠢᠵᠤ᠂ ᠮᠦ᠍ ᠨᠢᠭᠡᠴᠢ᠎ᠶ᠋ᠢᠨ ᠤᠨᠠᠯᠲᠠ 3000 ᠭᠠᠷᠤᠢ ᠵᠢᠩ᠎ᠳᠤ ᠬᠦᠷᠦᠨ᠎ᠡ᠃ ᠣᠳᠤᠬᠠᠨ᠎ᠤ ᠵᠠᠬ᠎ᠠ ᠳᠡᠯᠭᠡᠭᠦᠷ᠎ᠤᠨ ᠦᠨ᠎ᠡ᠎ᠪᠠᠷ ᠪᠤᠳᠤᠪᠠᠯ ᠮᠥ᠍ ᠳᠤᠮᠳᠠᠴᠢ ᠵᠢᠨ ᠴᠡᠪᠡᠷ ᠣᠷᠤᠯᠭ᠎ᠠ ᠪᠠᠷᠤᠭ 5000 ᠲᠥᠭᠦᠷᠢᠭ ᠲᠦ᠍ ᠬᠦᠷᠴᠦ᠂ ᠡᠨᠡ ᠵᠢᠯ ᠮᠦᠨ ᠴᠤ᠌ ᠡᠯᠪᠡᠭ ᠬᠤᠷᠢᠶᠠᠯᠲᠠᠤᠯᠤᠨᠠ ᠳ᠋ᠠ》ᠬᠡᠵᠤᠰᠤᠷᠪᠤᠯᠵᠢᠯᠠᠭᠴᠢᠳᠤ ᠶᠠᠷᠢᠪᠠ᠃ ᠣᠶ᠋ᠢᠷ᠎ᠠ᠎ᠶ᠋ᠢᠨ ᠵᠢᠯ᠎ᠠᠴᠠ ᠨᠠᠭᠠᠰᠢ ᠪᠠᠶᠠᠨᠲᠠᠯ᠎ᠠ ᠰᠤᠮᠤᠨ᠎ᠤ ᠵᠠᠰᠠᠭ᠎ᠤᠨ ᠣᠷᠳᠤᠨ᠎ᠤ ᠪᠠᠯᠠ ᠮᠥᠩᠭᠦ᠌᠂ ᠮᠡᠷᠭᠡᠵᠢᠯ᠂ ᠰᠠᠭᠤᠷᠢ ᠲᠥᠬᠦᠭᠡᠷᠦᠮᠵᠢ᠎ᠶ᠋ᠢᠨ ᠪᠥᠲᠦᠭᠡᠨ ᠪᠠᠶ᠋ᠢᠭᠤᠯᠤᠯᠲᠠ ᠵᠡᠷᠭᠡ ᠲᠠᠯ᠎ᠠ᠎ᠶ᠋ᠢᠨ ᠲᠥᠷᠦ᠎ᠶ᠋ᠢᠨ ᠪᠣᠳᠤᠯᠭ᠎ᠠ᠎ᠪᠠᠷ ᠲᠡᠳᠬᠦᠬᠦ᠎ᠳᠤ ᠲᠦᠰᠢᠭᠯᠡᠨ᠂ ᠭᠠᠴᠠᠭᠠᠨ᠎ᠤ ᠠᠮᠲᠠᠲᠤ᠌ ᠬᠡᠮᠬᠡ ᠳᠠᠷᠢᠬᠤ ᠬᠡᠪᠴᠢᠶ᠎ᠡ ᠦᠷᠭᠦᠯᠵᠢᠯᠡᠨ ᠥᠷᠭᠡᠳᠴᠦ᠍᠂ ᠣᠳᠤᠬᠠᠨ᠎ᠳᠤ ᠠᠮᠳᠠᠳᠤ ᠬᠡᠮᠬᠡ ᠲᠠᠷᠢᠬᠤ ᠡᠷᠦᠬᠡ ᠨᠢᠭᠡᠨᠲᠡ 10 ᠰᠢᠬᠠᠮ ᠪᠣᠯᠵᠤ᠂ ᠶᠡᠷᠦᠩᠬᠡᠢ ᠲᠠᠯᠠᠪᠠᠢ᠎ᠨᠢ 500 ᠭᠠᠷᠤᠢ ᠮᠤ᠌᠎ᠳᠤ ᠬᠦᠷᠴᠦ᠍᠂ ᠴᠡᠪᠡᠷ ᠠᠰᠢᠭ ᠤᠷᠤᠯᠭ᠎ᠠ᠎ᠨᠢ 200 ᠲᠦᠮᠡᠨ ᠲᠥᠭᠦᠷᠢᠭ᠎ᠢ ᠳᠠᠪᠠᠵᠠᠢ᠃
ᠡᠨᠡ ᠵᠢᠯ᠂ ᠪᠠᠶᠠᠨᠲᠠᠯ᠎ᠠ ᠰᠤᠮᠤᠨ᠎ᠤ ᠠᠮᠲᠠᠲᠤ᠌ ᠬᠡᠮᠬᠡ ᠲᠠᠷᠢᠬᠰᠠᠨ ᠶᠡᠷᠦᠩᠬᠡᠢ ᠲᠠᠯᠠᠪᠠᠢ 1000 ᠭᠠᠷᠤᠢ ᠮᠦ᠍᠎ᠳᠤ ᠬᠦᠷᠴᠦ᠍᠂ ᠠᠷᠠᠴᠢᠯᠠᠬᠤ ᠡᠴᠡ ᠲᠡᠭᠦᠵᠦ᠍ ᠪᠣᠷᠤᠯᠠᠭᠤᠯᠬᠤ ᠬᠦᠷᠲᠡᠯᠡᠬᠢ ᠪᠦᠬᠦ ᠶᠠᠪᠤᠴᠠ᠎ᠳᠤ ᠶᠡᠭᠡ ᠬᠡᠮᠵᠢᠶᠡᠨ᠎ᠤ ᠬᠥᠳᠡᠯᠮᠦᠷᠢ ᠬᠦᠴᠦ᠍ ᠬᠡᠷᠡᠭᠰᠡᠵᠦ᠂ ᠡᠷᠭᠢᠨ ᠲᠣᠭᠤᠷᠢᠨ᠎ᠤ 200 ᠭᠠᠷᠤᠢ ᠲᠣᠰᠭᠤᠨ᠎ᠤ ᠠᠷᠠᠳ ᠤ᠋ᠨ ᠠᠵᠢᠯ ᠤᠯᠭᠤᠬᠤ ᠵᠢ ᠲᠠᠢᠴᠢᠯᠠᠵᠤ᠂ ᠠᠵᠢᠯ ᠬᠢᠵᠦ᠍ ᠪᠠᠶ᠋ᠢᠭ᠎ᠠ ᠬᠥᠮᠦᠰ᠎ᠤᠨ ᠡᠳᠦᠷ ᠳᠤᠮᠳᠠᠴᠢ ᠵᠢᠨ ᠣᠷᠤᠯᠭ᠎ᠠ ᠨᠢ 200 ᠲᠥᠭᠦᠷᠢᠭᠲᠤ᠌ ᠬᠦᠷᠴᠦ᠍᠂ ᠬᠡᠰᠡᠭ ᠲᠣᠰᠭᠤᠨ᠎ᠤ ᠠᠷᠠᠳ᠎ᠤᠨ ᠣᠶ᠋ᠢᠷ᠎ᠠ ᠬᠠᠪᠢ᠎ᠳᠠᠭᠠᠨ ᠠᠵᠢᠯ ᠤᠯᠬᠤ ᠬᠦᠴᠢᠷ ᠠᠰᠠᠭᠤᠳᠠᠯ᠎ᠢ ᠪᠦᠲᠦᠮᠵᠢᠲᠡᠢ ᠰᠢᠢᠳᠪᠦᠷᠢᠯᠡᠪᠡ᠃《ᠭᠤᠸ᠎ᠠ ᠶ᠋ᠢᠨ ᠲᠠᠷᠢᠶᠠᠨ᠎ᠳᠤ ᠬᠠᠪᠰᠤᠷᠤᠨ ᠠᠵᠢᠯᠯᠠᠪᠠᠯ ᠥᠪᠡᠷ᠎ᠤᠨ ᠲᠠᠷᠢᠶᠠᠨ ᠠᠵᠢᠯ᠎ᠢᠶᠠᠨ ᠰᠠᠭᠠᠲᠠᠭᠠᠬᠤ᠎ᠦᠭᠡᠢ᠂ ᠡᠳᠦᠷ ᠪᠦᠷᠢ ᠪᠠᠰᠠ 200 ᠲᠥᠭᠦᠷᠢᠭ ᠣᠯᠵᠤ᠂ ᠴᠠᠯᠢᠩ᠎ᠢ ᠲᠤᠬᠠᠢ᠎ᠶ᠋ᠢᠨ ᠡᠳᠦᠷᠲᠤᠨᠢ ᠪᠤᠳᠤᠵᠤ ᠦᠭᠳᠡᠭ᠃ ᠡᠨᠡ ᠬᠤᠭᠤᠷᠤᠨᠳᠤ ᠪᠢ ᠨᠢᠭᠡᠨᠲᠡ ᠲᠦᠮᠡ ᠭᠠᠷᠤᠢ ᠲᠥᠭᠦᠷᠢᠭ ᠣᠯᠴᠢᠬᠠᠵᠠᠢ》 ᠭᠡᠵᠦ᠍ ᠭᠤᠸ᠎ᠠ ᠵᠢᠨ ᠲᠠᠷᠢᠶᠠᠨ ᠳ᠋ᠤ ᠠᠵᠢᠯ ᠬᠢᠵᠦ᠍ ᠪᠠᠶ᠋ᠢᠭ᠎ᠠ ᠲᠣᠰᠭᠤᠨ᠎ᠤ ᠠᠷᠠᠳ ᠾᠦᠸᠧ ᠶᠦᠨ ᠵᠢᠶᠦ᠋ᠨ ᠪᠠᠶᠠᠷᠯᠠᠵᠤ ᠪᠠᠢᠯ᠎ᠠ᠃
ᠳ᠋ᠠᠪᠠᠨ ᠪᠠᠯᠭᠠᠰᠤᠨ᠎ᠤ ᠮᠦᠷᠬᠦᠴᠡᠭ ᠲᠣᠰᠭᠤᠨ᠎ᠳᠤ ᠡᠨᠡ ᠵᠢᠯ ᠨᠡᠶ᠋ᠢᠲᠡ 2000 ᠭᠠᠷᠤᠢ ᠮᠥ᠍ ᠠᠮᠲᠠᠲᠤ᠌ ᠬᠡᠮᠬᠡ ᠳᠠᠷᠢᠵᠤ᠂ ᠵᠢᠱ᠌ᠢᠯᠲᠡ᠎ᠪᠠᠷ ᠮᠥ᠍ ᠨᠢᠭᠡᠴᠢ ᠵᠢᠨ ᠤᠨᠠᠯᠲᠠ᠎ᠨᠢ 2000 ᠭᠠᠷᠤᠢ ᠵᠢᠩ ᠳᠤ ᠬᠦᠷᠴᠦ᠂ ᠮᠥ᠍ ᠳᠤᠮᠳᠠᠴᠢ ᠵᠢᠨ ᠣᠷᠤᠯᠭ᠎ᠠ᠎ᠨᠢ 3000 ᠲᠥᠭᠦᠷᠢᠭᠲᠤ᠌ ᠬᠥᠷᠬᠦ᠌ ᠪᠣᠯᠤᠨ᠎ᠠ᠃ ᠲᠤᠬᠠᠢ᠎ᠶ᠋ᠢᠨ ᠭᠠᠵᠠᠷ᠎ᠤᠨ ᠡᠯᠡᠰᠦᠷᠬᠡᠭ ᠬᠥᠷᠦᠰᠦ ᠰᠢᠷᠤᠢ ᠪᠠ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠶᠡᠭᠡ ᠠᠭᠤᠷ ᠠᠮᠢᠰᠭᠤᠯ᠎ᠤᠨ ᠳᠠᠪᠠᠭᠤᠯᠢᠭ᠎ᠲᠤ ᠲᠦᠰᠢᠭᠯᠡᠨ᠂ ᠲᠠᠷᠢᠮᠠᠯ᠎ᠤᠨ ᠡᠷᠦᠬᠡ᠎ᠶ᠋ᠢᠨ ᠰᠡᠳᠬᠢᠯ ᠲᠠᠯᠪᠢᠨ ᠰᠤᠡᠭᠭᠤᠨ ᠪᠤᠢᠵᠢᠭᠤᠯᠤᠭᠰᠠᠨ ᠡᠬᠦᠯᠳᠡᠷ ᠪᠠ ᠪᠣᠬᠢᠷᠲᠤᠯ ᠥᠬᠡᠢ ᠳᠠᠷᠢᠬᠤ ᠮᠡᠷᠭᠡᠵᠢᠯ ᠵᠢᠡᠷ ᠲᠠᠮᠵᠢᠨ᠂ 《ᠳ᠋ᠠᠪᠠᠨ ᠤ᠋ ᠠᠮᠲᠠᠲᠤ᠌ ᠬᠡᠮᠬᠡ》 ᠨᠢ ᠠᠮᠲᠠᠲᠠᠢ ᠪᠦᠭᠡᠳ ᠰᠢᠬᠢᠷᠯᠢᠭ᠂ ᠦᠨᠦᠷ ᠨᠢ ᠠᠩᠬᠢᠯᠤᠮ᠎ᠠ ᠵᠡᠷᠬᠡ ᠢᠯᠡ ᠲᠣᠳᠤ ᠣᠨᠴᠠᠯᠢᠭ ᠲᠠᠢ ᠪᠤᠯᠵᠠᠢ᠃ ᠭᠤᠸ᠎ᠠ ᠲᠡᠭᠦᠬᠦ᠌ ᠬᠥᠭᠵᠢᠶᠡᠨᠲᠡᠢ ᠤᠯᠠᠷᠢᠯ ᠪᠤᠯᠬᠤ᠎ᠳᠤ ᠳᠠᠷᠢᠮᠠᠯ᠎ᠤᠨ ᠡᠷᠦᠬᠡ ᠵᠠᠩ ᠰᠢᠶᠤᠤ ᠯᠦᠩ ᠥᠷᠯᠦᠭᠡ ᠪᠦᠷᠢ᠎ᠶ᠋ᠢᠨ 6 ᠴᠠᠭ᠎ᠠᠴᠠ ᠶᠠᠭᠠᠷᠠᠵᠤ ᠡᠬᠢᠯᠡᠨ᠂ ᠬᠦᠢᠴᠡᠳ ᠪᠤᠯᠪᠠᠰᠤᠷᠠᠭᠰᠠᠨ᠂ ᠴᠢᠨᠠᠷ ᠨᠢ ᠰᠠᠢᠨ ᠠᠮᠲᠠᠲᠤ᠌ ᠬᠡᠮᠬᠡ᠎ᠶ᠋ᠢ ᠨᠢᠮᠪᠠᠢ ᠰᠣᠩᠭᠤᠵᠤ ᠲᠡᠭᠦᠨ᠂ 7 ᠴᠠᠭ᠎ᠤᠨ ᠦᠶ᠎ᠠ ᠪᠠᠷ ᠰᠢᠭᠦᠳᠡᠷᠢ ᠰᠠᠭᠤᠭᠰᠠᠨ ᠰᠣᠷᠭᠤᠭ ᠠᠮᠲᠠᠲᠤ᠌ ᠬᠡᠮᠬᠡ᠎ᠶ᠋ᠢ ᠠᠪᠴᠤ᠌ ᠵᠠᠬ᠎ᠠ ᠳᠡᠯᠭᠡᠭᠦᠷ ᠲᠤ᠌ ᠭᠠᠷᠭᠠᠨ᠎ᠠ᠃ 《 ᠪᠢ ᠠᠮᠲᠠᠲᠤ᠌ ᠬᠡᠮᠬᠡ ᠲᠠᠷᠢᠭᠠᠳ ᠠᠷᠪᠠ ᠭᠠᠷᠤᠢ ᠵᠢᠯ ᠪᠤᠯᠵᠤ ᠪᠠᠢᠨ᠎ᠠ᠂ ᠡᠨᠡ ᠵᠢᠯ 20 ᠭᠠᠷᠤᠢ ᠮᠦ᠍ ᠳᠠᠷᠢᠵᠤ᠂ ᠬᠤᠷᠢᠶᠠᠯᠳᠠ ᠪᠠ ᠶᠠᠰᠤ ᠴᠢᠨᠠᠷ᠎ᠨᠢ ᠪᠦᠷ ᠵᠦᠭᠡᠷ᠂ ᠰᠠᠶ᠋ᠢᠨ ᠭᠤᠸ᠎ᠠ ᠵᠢ ᠵᠢᠩ ᠪᠦᠷᠢ᠎ᠳᠡᠭᠡᠨ 3 ᠲᠥᠭᠦᠷᠢᠭ ᠭᠠᠷᠤᠢ ᠪᠡᠷ ᠬᠤᠳᠠᠯᠳᠤᠨ᠎ᠠ᠂ ᠮᠠᠢᠮᠠᠢᠴᠢᠳ ᠰᠢᠭᠤᠳ ᠲᠠᠷᠢᠶᠠᠨ ᠭᠠᠵᠠᠷ ᠡᠴᠡ ᠲᠡᠬᠡᠬᠡᠵᠤ ᠠᠪᠠᠴᠢᠨ᠎ᠠ᠂ ᠬᠤᠳᠠᠯᠳᠤᠬᠤ᠎ᠳᠤ ᠰᠠᠨᠠᠭ᠎ᠠ ᠵᠣᠪᠠᠭ᠍ᠤ᠎ᠦᠭᠡᠢ》 ᠭᠡᠵᠦ᠍ ᠵᠠᠩ ᠰᠢᠶᠤᠤ ᠯᠦᠩ ᠲᠠᠨᠢᠯᠴᠠᠭᠤᠯᠤᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃